ᠨᠧᠾᠧᠮᠢᠶ᠎ᠠ ᠨᠠᠢ᠌ᠮᠠ
ᠬᠠᠤᠯᠢ ᠶᠢᠨ ᠨᠣᠮ ᠠᠴᠠ ᠤᠩ᠋ᠰᠢᠪᠠ
1 ᠪᠦᠬᠦ ᠠᠷᠠᠳ ᠲᠦᠮᠡᠨ ᠤᠰᠤᠨ ᠬᠠᠭᠠᠯᠭᠠᠨ ᠤ ᠡᠮᠦᠨᠡᠬᠢ ᠲᠠᠯᠠᠪᠠᠢ ᠳᠤ ᠨᠢᠭᠡ ᠬᠥᠮᠦᠨ ᠮᠡᠲᠦ ᠴᠤᠭᠯᠠᠷᠠᠵᠤ᠂ ᠶᠣᠬᠣᠸᠠ ᠶᠢᠨ ᠢᠰᠷᠧᠯ ᠳᠤ ᠥᠭᠭᠥᠭᠰᠡᠨ ᠮᠣᠰᠧ ᠶᠢᠨ ᠬᠠᠤᠯᠢ ᠶᠢᠨ ᠨᠣᠮ ᠢ ᠠᠪᠴᠢᠷᠠᠬᠤ ᠶᠢ ᠬᠠᠤᠯᠢ ᠶᠢᠨ ᠪᠠᠭᠰᠢ ᠡᠽᠷᠠ ᠠᠴᠠ ᠭᠤᠶᠤᠵᠠᠢ᠃ 2 ᠲᠡᠢᠮᠦ ᠡᠴᠡ ᠳᠣᠯᠣᠳᠤᠭᠠᠷ ᠰᠠᠷ᠎ᠠ ᠶᠢᠨ ᠠᠩ᠋ᠬᠠᠨ ᠤ ᠡᠳᠦᠷ ᠲᠠᠬᠢᠯᠴᠢ ᠡᠽᠷᠠ ᠴᠢᠭᠤᠯᠭᠠᠨ ᠤ ᠡᠮᠦᠨ᠎ᠡ᠂ ᠡᠷᠡᠭᠲᠡᠢᠴᠦᠳ ᠡᠮᠡᠭᠲᠡᠢᠴᠦᠳ ᠪᠣᠯᠣᠨ ᠰᠣᠨᠣᠰᠣᠨ ᠣᠢᠯᠠᠭᠠᠵᠤ ᠴᠢᠳᠠᠬᠤ ᠪᠦᠭᠦᠳᠡ ᠶᠢᠨ ᠡᠮᠦᠨ᠎ᠡ ᠬᠠᠤᠯᠢ ᠶᠢ ᠠᠪᠴᠢᠷᠠᠯ᠎ᠠ᠃ 3 ᠲᠡᠷᠡ ᠪᠡᠷ ᠥᠷᠯᠥᠭᠡ ᠡᠷᠲᠡ ᠡᠴᠡ ᠦᠳᠡ ᠳᠤᠮᠳᠠ ᠬᠦᠷᠲᠡᠯ᠎ᠡ ᠤᠰᠤᠨ ᠬᠠᠭᠠᠯᠭᠠᠨ ᠤ ᠡᠮᠦᠨᠡᠬᠢ ᠲᠠᠯᠠᠪᠠᠢ ᠳᠤ ᠡᠷᠡᠭᠲᠡᠢ ᠡᠮᠡᠭᠲᠡᠢ ᠢᠯᠭᠠᠯ ᠦᠭᠡᠢ ᠣᠢᠯᠠᠭᠠᠬᠤ ᠴᠢᠳᠠᠪᠤᠷᠢ ᠲᠠᠢ ᠬᠥᠮᠦᠰ ᠦᠨ ᠡᠮᠦᠨ᠎ᠡ ᠬᠠᠤᠯᠢ ᠶᠢᠨ ᠨᠣᠮ ᠢ ᠤᠩ᠋ᠰᠢᠬᠤ ᠳᠤ᠂ ᠪᠦᠬᠦ ᠠᠷᠠᠳ ᠲᠦᠮᠡᠨ ᠴᠢᠬᠢ ᠲᠠᠯᠪᠢᠨ ᠰᠣᠨᠣᠰᠴᠠᠢ᠃ 4 ᠬᠠᠤᠯᠢ ᠶᠢᠨ ᠪᠠᠭᠰᠢ ᠡᠽᠷᠠ ᠡᠨᠡ ᠶᠠᠪᠤᠳᠠᠯ ᠳᠤ ᠵᠣᠷᠢᠭᠤᠯᠵᠤ ᠪᠠᠷᠢᠭᠰᠠᠨ ᠮᠣᠳᠣᠨ ᠲᠠᠪᠴᠠᠩ ᠳᠡᠭᠡᠷ᠎ᠡ ᠵᠣᠭᠰᠣᠪᠠ᠃ ᠪᠠᠷᠠᠭᠤᠨ ᠭᠠᠷ ᠲᠠᠯ᠎ᠠ ᠳᠤᠨᠢ ᠮᠠᠲ᠋ᠢᠲ᠋ᠢᠶ᠎ᠠ᠂ ᠱᠧᠮᠠ᠂ ᠠᠨᠠᠢᠶᠠ᠂ ᠦᠦᠷᠢᠶ᠎ᠠ᠂ ᠾᠢᠯᠺᠢᠶ᠎ᠠ ᠪᠣᠯᠣᠨ ᠮᠠᠶᠠᠰᠧᠶ᠎ᠠ᠂ ᠵᠡᠭᠦᠨ ᠭᠠᠷ ᠲᠠᠯ᠎ᠠ ᠳᠤᠨᠢ ᠫᠧᠳᠠᠶᠠ᠂ ᠮᠢᠱᠠᠶᠧᠯ᠂ ᠮᠠᠯᠺᠢᠶ᠎ᠠ᠂ ᠬᠠᠱᠦ᠋ᠮ᠂ ᠬᠠᠱᠪᠠᠳᠠᠨᠠ᠂ ᠽᠧᠺᠠᠷᠢᠶ᠎ᠠ ᠪᠣᠯᠣᠨ ᠮᠧᠱᠦ᠋ᠯᠠᠮ ᠵᠣᠭᠰᠣᠵᠤ ᠪᠠᠢᠪᠠ᠃ 5 ᠡᠽᠷᠠ ᠲᠡᠷᠡ ᠨᠣᠮ ᠢ ᠳᠡᠯᠭᠡᠯ᠎ᠡ᠃ ᠲᠡᠷᠡ ᠪᠡᠷ ᠥᠨᠳᠥᠷ ᠲᠦ ᠵᠣᠭᠰᠣᠭᠰᠠᠨ ᠤᠴᠢᠷ ᠠᠴᠠ ᠠᠷᠠᠳ ᠣᠯᠠᠨ ᠪᠦᠭᠦᠳᠡᠭᠡᠷ ᠲᠡᠭᠦᠨ ᠢ ᠣᠯᠵᠤ ᠬᠠᠷᠠᠪᠠ᠃ ᠲᠡᠷᠡ ᠪᠡᠷ ᠨᠣᠮ ᠢ ᠳᠡᠯᠭᠡᠬᠦ ᠳᠦ᠂ ᠠᠷᠠᠳ ᠣᠯᠠᠨ ᠪᠦᠭᠦᠳᠡᠭᠡᠷ ᠪᠣᠰᠴᠠᠭᠠᠪᠠ᠃ 6 ᠡᠽᠷᠠ ᠠᠤᠭ᠎ᠠ ᠪᠤᠷᠬᠠᠨ ᠶᠣᠬᠣᠸᠠ ᠶᠢ ᠮᠠᠭᠲᠠᠬᠤ ᠳᠤ᠂ ᠪᠦᠬᠦ ᠠᠷᠠᠳ ᠲᠦᠮᠡᠨ ᠭᠠᠷ ᠢᠶᠠᠨ ᠡᠷᠭᠦᠨ᠂ 《ᠠᠮᠧᠨ᠂ ᠠᠮᠧᠨ︕》 ᠭᠡᠵᠦ ᠬᠠᠷᠢᠭᠤᠯᠤᠭᠰᠠᠨ ᠢᠶᠠᠨ ᠪᠥᠬᠥᠢᠵᠦ ᠨᠢᠭᠤᠷ ᠢᠶᠠᠨ ᠭᠠᠵᠠᠷ ᠲᠤ ᠬᠦᠷᠭᠡᠨ ᠶᠣᠬᠣᠸᠠ ᠳᠤ ᠮᠥᠷᠭᠥᠪᠡ᠃ 7 ᠬᠥᠮᠦᠰ ᠪᠠᠢᠷᠢ ᠪᠠᠢᠷᠢᠨ ᠳᠠᠭᠠᠨ ᠵᠣᠭᠰᠣᠬᠤ ᠳᠤ᠂ ᠶᠧᠱᠦ᠋ᠶ᠎ᠠ᠂ ᠪᠠᠨᠢ᠂ ᠱᠧᠷᠧᠪᠢᠶ᠎ᠠ᠂ ᠶᠠᠮᠢᠨ᠂ ᠠᠺᠦ᠋ᠪ᠂ ᠱᠠᠪᠧᠲ᠋ᠠᠢ᠂ ᠬᠣᠳᠢᠶ᠎ᠠ᠂ ᠮᠠᠶᠠᠰᠧᠶ᠎ᠠ᠂ ᠺᠧᠯᠢᠲ᠋ᠠ᠂ ᠠᠽᠠᠷᠢᠶ᠎ᠠ᠂ ᠶᠣᠽᠠᠪᠠᠳ᠋᠂ ᠬᠠᠨᠠᠨ᠂ ᠫᠧᠯᠠᠶᠠ ᠵᠡᠷᠭᠡ ᠯᠧᠸᠢᠴᠦᠳ ᠠᠷᠠᠳ ᠲᠦᠮᠡᠨ ᠳᠦ ᠬᠠᠤᠯᠢ ᠶᠢ ᠣᠢᠯᠠᠭᠠᠭᠤᠯᠵᠤ ᠪᠠᠢᠪᠠ᠃ 8 ᠲᠡᠳᠡ ᠪᠤᠷᠬᠠᠨ ᠤ ᠬᠠᠤᠯᠢ ᠶᠢᠨ ᠨᠣᠮ ᠠᠴᠠ ᠤᠩ᠋ᠰᠢᠵᠤ᠂ ᠤᠳᠬ᠎ᠠ ᠶᠢ ᠨᠢ ᠲᠣᠳᠣᠷᠬᠠᠢᠯᠠᠨ ᠲᠠᠢᠯᠪᠤᠷᠢᠯᠠᠵᠤ ᠪᠠᠢᠯ᠎ᠠ᠃ ᠲᠡᠢᠨ ᠬᠦ ᠬᠥᠮᠦᠰ ᠤᠩ᠋ᠰᠢᠭᠰᠠᠨ ᠢ ᠨᠢ ᠣᠢᠯᠠᠭᠠᠵᠤ ᠪᠠᠢᠪᠠ᠃
9 ᠠᠷᠠᠳ ᠲᠦᠮᠡᠨ ᠪᠦᠭᠦᠳᠡ ᠪᠡᠷ ᠬᠠᠤᠯᠢ ᠶᠢᠨ ᠦᠭᠡᠰ ᠢ ᠰᠣᠨᠣᠰᠣᠭᠠᠳ ᠤᠬᠢᠯᠠᠵᠤ ᠪᠠᠢᠪᠠ᠃ ᠵᠠᠬᠢᠷᠤᠭᠴᠢ ᠨᠧᠾᠧᠮᠢᠶ᠎ᠠ᠂ ᠲᠠᠬᠢᠯᠴᠢ ᠪᠠ ᠬᠠᠤᠯᠢ ᠶᠢᠨ ᠪᠠᠭᠰᠢ ᠡᠽᠷᠠ᠂ ᠮᠥᠨ ᠠᠷᠠᠳ ᠲᠦᠮᠡᠨ ᠳᠦ ᠬᠠᠤᠯᠢ ᠵᠢᠭᠠᠵᠤ ᠪᠠᠢᠭᠰᠠᠨ ᠯᠧᠸᠢᠴᠦᠳ ᠪᠦᠬᠦ ᠠᠷᠠᠳ ᠲᠦᠮᠡᠨ ᠳᠦ᠄ 《ᠥᠨᠥᠳᠥᠷ ᠪᠣᠯ ᠲᠠ ᠨᠠᠷ ᠤᠨ ᠪᠤᠷᠬᠠᠨ ᠶᠣᠬᠣᠸᠠ ᠶᠢᠨ ᠠᠷᠢᠭᠤᠨ ᠡᠳᠦᠷ ᠶᠤᠮ᠃ ᠪᠦᠦ ᠭᠠᠰᠢᠭᠤᠳᠠ᠂ ᠪᠦᠦ ᠤᠬᠢᠯᠠ》 ᠭᠡᠪᠡ᠃ 10 ᠲᠡᠷᠡ᠄ 《ᠲᠠ ᠨᠠᠷ ᠬᠠᠷᠢᠭᠠᠳ ᠲᠠᠷᠭᠤᠨ ᠢ ᠢᠳᠡ᠂ ᠠᠮᠲᠠᠲᠠᠨ ᠢ ᠤᠤᠭᠤ᠂ ᠪᠡᠯᠡᠳᠬᠡᠬᠦ ᠶᠠᠭᠤᠮ᠎ᠠ ᠦᠭᠡᠢ ᠨᠢᠭᠡᠨ ᠳᠡᠭᠡᠨ ᠬᠤᠪᠢ ᠲᠦᠭᠡᠭᠡ᠃ ᠥᠨᠥᠳᠥᠷ ᠪᠣᠯ ᠪᠢᠳᠡᠨ ᠦ ᠡᠵᠡᠨ ᠦ ᠠᠷᠢᠭᠤᠨ ᠡᠳᠦᠷ ᠶᠤᠮ᠂ ᠪᠦᠦ ᠭᠠᠰᠢᠭᠤᠳᠠ᠃ ᠶᠣᠬᠣᠸᠠ ᠶᠢᠨ ᠪᠠᠶᠠᠷ ᠪᠠᠶᠠᠰᠬᠤᠯᠠᠩ ᠨᠢ ᠲᠠ ᠨᠠᠷ ᠤᠨ ᠬᠦᠴᠦ ᠴᠢᠳᠠᠯ ᠶᠤᠮ》 ᠭᠡᠪᠡ᠃ 11 ᠯᠧᠸᠢᠴᠦᠳ ᠴᠤ ᠪᠦᠬᠦ ᠠᠷᠠᠳ ᠣᠯᠠᠨ ᠢ ᠨᠠᠮᠵᠢᠭᠠᠨ᠄ 《ᠲᠠᠢᠪᠤᠰᠢᠷᠠ᠂ ᠥᠨᠥᠳᠥᠷ ᠪᠣᠯ ᠠᠷᠢᠭᠤᠨ ᠡᠳᠦᠷ᠃ ᠪᠦᠦ ᠭᠠᠰᠢᠭᠤᠳᠠ》 ᠭᠡᠵᠦ ᠬᠡᠯᠡᠪᠡ᠃ 12 ᠪᠦᠬᠦ ᠠᠷᠠᠳ ᠲᠦᠮᠡᠨ ᠥᠪᠡᠷᠰᠡᠳ ᠲᠤᠨᠢ ᠲᠤᠩ᠋ᠬᠠᠭᠯᠠᠭᠰᠠᠨ ᠦᠭᠡᠰ ᠢ ᠣᠢᠯᠠᠭᠠᠭᠰᠠᠨ ᠪᠠᠢᠯ᠎ᠠ᠃ ᠲᠡᠳᠡ ᠢᠳᠡᠵᠦ ᠤᠤᠭᠤᠨ᠂ ᠬᠤᠪᠢ ᠲᠦᠭᠡᠭᠡᠵᠦ᠂ ᠶᠡᠬᠡ ᠪᠠᠶᠠᠷ ᠨᠠᠢᠷ ᠬᠢᠬᠦ ᠪᠡᠷ ᠶᠠᠪᠤᠵᠠᠭᠠᠪᠠ᠃
13 ᠬᠣᠶᠠᠳᠠᠬᠢ ᠡᠳᠦᠷ ᠨᠢ ᠪᠦᠬᠦ ᠠᠢᠮᠠᠭ ᠤᠨ ᠲᠡᠷᠢᠭᠦᠨ᠂ ᠲᠠᠬᠢᠯᠴᠢᠳ ᠪᠠ ᠯᠧᠸᠢᠴᠦᠳ ᠬᠠᠮᠲᠤ ᠪᠠᠷ ᠬᠠᠤᠯᠢ ᠶᠢᠨ ᠪᠠᠭᠰᠢ ᠡᠽᠷᠠ ᠳᠡᠭᠡᠷ᠎ᠡ ᠴᠤᠭᠯᠠᠷᠠᠵᠤ᠂ ᠬᠠᠤᠯᠢ ᠶᠢᠨ ᠦᠭᠡᠰ ᠢ ᠰᠤᠳᠤᠯᠵᠤ ᠪᠠᠢᠬᠤ ᠳᠠᠭᠠᠨ 14 ᠶᠣᠬᠣᠸᠠ ᠶᠢᠨ ᠮᠣᠰᠧ ᠪᠠᠷ ᠳᠠᠮᠵᠢᠭᠤᠯᠤᠨ ᠢᠰᠷᠧᠯᠴᠦᠳ ᠲᠦ ᠥᠭᠭᠥᠭᠰᠡᠨ ᠬᠠᠤᠯᠢ ᠶᠢᠨ ᠨᠣᠮ ᠳᠤ 《ᠳᠣᠯᠣᠳᠤᠭᠠᠷ ᠰᠠᠷ᠎ᠠ ᠶᠢᠨ ᠪᠠᠶᠠᠷ ᠢᠶᠠᠷ ᠮᠠᠢᠬᠠᠨ ᠳᠤ ᠰᠠᠭᠤᠵᠠᠭ᠎ᠠ》 ᠭᠡᠰᠡᠨ ᠵᠠᠷᠯᠢᠭ ᠪᠢᠴᠢᠭᠳᠡᠭᠰᠡᠨ ᠪᠠᠢᠭ᠎ᠠ ᠶᠢ ᠣᠯᠪᠠ᠃ 15 ᠡᠨᠡ ᠵᠠᠷᠯᠢᠭ ᠲᠤ ᠪᠢᠴᠢᠭᠳᠡᠭᠰᠡᠨ ᠦ ᠳᠠᠭᠠᠤ ᠪᠦᠬᠦ ᠬᠣᠲᠠ ᠲᠣᠰᠬᠣᠨ ᠬᠢᠭᠡᠳ ᠶᠧᠷᠦ᠋ᠰᠠᠯᠧᠮ ᠳᠠᠶᠠᠭᠠᠷ ᠲᠤ 《ᠲᠣᠯᠣᠭᠠᠳ ᠢᠶᠠᠷ ᠶᠠᠪᠤᠵᠤ᠂ ᠴᠢᠳᠦᠨ᠂ ᠵᠡᠷᠯᠢᠭ ᠴᠢᠳᠦᠨ᠂ ᠰᠢᠷᠠᠰᠤᠨ ᠮᠣᠳᠣ᠂ ᠳᠠᠯᠳᠠᠤ ᠮᠣᠳᠣ ᠵᠡᠷᠭᠡ ᠨᠠᠪᠴᠢᠲᠤ ᠮᠣᠳᠣᠨ ᠤ ᠮᠥᠴᠢᠷ ᠤᠳ ᠢ ᠠᠪᠴᠢᠷᠠᠵᠤ ᠣᠷᠣᠮᠵᠢ ᠪᠠᠷᠢ》 ᠭᠡᠵᠦ ᠵᠠᠷᠯᠠᠬᠤ ᠶᠣᠰᠣᠲᠠᠢ ᠪᠠᠢᠯ᠎ᠠ᠃ 16 ᠲᠡᠢᠮᠦ ᠡᠴᠡ ᠠᠷᠠᠳ ᠣᠯᠠᠨ ᠭᠠᠷᠴᠤ ᠶᠠᠪᠤᠭᠠᠳ ᠮᠥᠴᠢᠷ ᠤᠳ ᠠᠪᠴᠢᠷᠠᠨ᠂ ᠥᠪᠡᠷᠰᠡᠳ ᠦᠨ ᠢᠶᠠᠨ ᠳᠡᠭᠡᠪᠦᠷ᠂ ᠬᠠᠰᠢᠶ᠎ᠠ ᠪᠣᠯᠣᠨ ᠪᠤᠷᠬᠠᠨ ᠤ ᠥᠷᠭᠥᠭᠡᠨ ᠦ ᠬᠠᠰᠢᠶᠠᠨ ᠳᠤ᠂ ᠤᠰᠤᠨ ᠬᠠᠭᠠᠯᠭᠠᠨ ᠳᠠᠬᠢ ᠲᠠᠯᠠᠪᠠᠢ ᠳᠤ᠂ ᠮᠥᠨ ᠡᠹᠷᠠᠢᠮ ᠤᠨ ᠬᠠᠭᠠᠯᠭᠠᠨ ᠳᠠᠬᠢ ᠲᠠᠯᠠᠪᠠᠢ ᠳᠤ ᠣᠷᠣᠮᠵᠢ ᠨᠤᠭᠤᠳ ᠪᠠᠷᠢᠵᠠᠢ᠃ 17 ᠴᠥᠯᠡᠯᠭᠡ ᠡᠴᠡ ᠢᠷᠡᠭᠰᠡᠳ ᠦᠨ ᠪᠦᠬᠦᠢᠯᠡ ᠴᠢᠭᠤᠯᠭᠠᠨ ᠣᠷᠣᠮᠵᠢ ᠪᠠᠷᠢᠵᠤ᠂ ᠲᠡᠨᠳᠡ ᠪᠡᠨ ᠰᠠᠭᠤᠪᠠ᠃ ᠦᠨᠡᠬᠡᠷ ᠢᠰᠷᠧᠯᠴᠦᠳ ᠨᠦᠨ ᠦ ᠬᠦᠦ ᠶᠣᠱᠦ᠋ᠶ᠎ᠠ ᠶᠢᠨ ᠡᠳᠦᠷ ᠤᠳ ᠠᠴᠠ ᠲᠡᠷᠡ ᠡᠳᠦᠷ ᠬᠦᠷᠲᠡᠯ᠎ᠡ ᠡᠢᠨ ᠬᠦ ᠬᠢᠵᠦ ᠪᠠᠢᠭ᠎ᠠ ᠦᠭᠡᠢ ᠠᠵᠢ᠃ ᠲᠡᠨᠳᠡ ᠦᠯᠡᠮᠵᠢ ᠪᠠᠶᠠᠷ ᠬᠥᠷ ᠪᠣᠯᠵᠠᠢ᠃ 18 ᠡᠽᠷᠠ ᠡᠬᠢᠨ ᠤ ᠡᠳᠦᠷ ᠡᠴᠡ ᠡᠬᠢᠯᠡᠨ ᠡᠴᠦᠰ ᠦᠨ ᠡᠳᠦᠷ ᠬᠦᠷᠲᠡᠯ᠎ᠡ ᠡᠳᠦᠷ ᠪᠦᠷᠢ ᠪᠤᠷᠬᠠᠨ ᠤ ᠬᠠᠤᠯᠢ ᠶᠢᠨ ᠨᠣᠮ ᠠᠴᠠ ᠤᠩ᠋ᠰᠢᠵᠤ ᠥᠭᠪᠡ᠃ ᠲᠡᠳᠡ ᠳᠣᠯᠣᠭᠠᠨ ᠬᠣᠨᠣᠭ ᠪᠠᠶᠠᠷ ᠬᠢᠵᠦ᠂ ᠨᠠᠢ᠌ᠮᠠᠳᠠᠬᠢ ᠡᠳᠦᠷ ᠨᠢ ᠵᠢᠭᠠᠪᠤᠷᠢ ᠶᠣᠰᠣᠭᠠᠷ ᠴᠤᠭᠯᠠᠭᠠᠨ ᠬᠢᠵᠡᠢ᠃