ᠨᠧᠾᠧᠮᠢᠶ᠎ᠠ ᠭᠤᠷᠪᠠ
ᠬᠡᠷᠡᠮ ᠢ ᠪᠣᠰᠬᠠᠭᠴᠢᠳ
1 ᠲᠡᠷᠢᠭᠦᠨ ᠲᠠᠬᠢᠯᠴᠢ ᠡᠯᠢᠶᠠᠱᠢᠪ ᠠᠬ᠎ᠠ ᠳᠡᠭᠦᠦ ᠲᠠᠬᠢᠯᠴᠢᠳ ᠲᠠᠢ ᠪᠠᠨ ᠬᠠᠮᠲᠤ ᠪᠣᠰᠴᠠᠭᠠᠵᠤ᠂ ᠬᠣᠨᠢᠨ ᠬᠠᠭᠠᠯᠭ᠎ᠠ ᠶᠢ ᠪᠠᠷᠢᠪᠠ᠃ ᠲᠡᠳᠡ ᠲᠡᠭᠦᠨ ᠢ ᠠᠷᠢᠭᠤᠰᠬᠠᠵᠤ᠂ ᠬᠠᠭᠠᠯᠭ᠎ᠠ ᠨᠤᠭᠤᠳ ᠢ ᠨᠢ ᠲᠠᠭᠠᠷᠠᠭᠤᠯᠪᠠ᠃ ᠲᠡᠳᠡ ᠵᠠᠭᠤᠲᠤ ᠶᠢᠨ ᠴᠠᠮᠬᠠᠭ᠂ ᠴᠠᠰᠢ ᠬᠠᠨᠠᠨᠧᠯ ᠤᠨ ᠴᠠᠮᠬᠠᠭ ᠬᠦᠷᠲᠡᠯ᠎ᠡ ᠪᠣᠰᠬᠠᠵᠤ ᠲᠡᠭᠦᠨ ᠢ ᠠᠷᠢᠭᠤᠰᠬᠠᠪᠠ᠃ 2 ᠳᠠᠷᠠᠭᠠᠬᠢ ᠬᠡᠰᠡᠭ ᠢ ᠨᠢ ᠶᠧᠷᠢᠺᠣ ᠶᠢᠨ ᠬᠥᠮᠦᠰ᠂ ᠳᠠᠷᠠᠭᠠᠬᠢ ᠶᠢ ᠨᠢ ᠢᠮᠷᠢ ᠶᠢᠨ ᠬᠦᠦ ᠽᠠᠺᠦ᠋ᠷ ᠪᠣᠰᠬᠠᠪᠠ᠃
3 ᠵᠢᠭᠠᠰᠤᠨ ᠬᠠᠭᠠᠯᠭ᠎ᠠ ᠶᠢ ᠬᠠᠰᠧᠨᠠ ᠶᠢᠨ ᠬᠥᠪᠡᠭᠦᠳ ᠪᠠᠷᠢᠪᠠ᠃ ᠲᠡᠳᠡ ᠶᠠᠰᠤ ᠮᠣᠳᠣ ᠶᠢ ᠲᠠᠯᠪᠢᠨ ᠬᠠᠪᠲᠠᠰᠤ ᠨᠤᠭᠤᠳ ᠢ ᠨᠢ ᠲᠣᠭᠲᠠᠭᠠᠵᠤ᠂ ᠲᠦᠭᠵᠢᠶ᠎ᠡ ᠪᠣᠯᠣᠨ ᠴᠠᠭᠤᠷᠭ᠎ᠠ ᠶᠢ ᠨᠢ ᠤᠭᠰᠠᠷᠠᠪᠠ᠃ 4 ᠳᠠᠷᠠᠭᠠᠬᠢ ᠬᠡᠰᠡᠭ ᠲᠤᠨᠢ ᠬᠠᠺᠣᠽ ᠤᠨ ᠠᠴᠢ᠂ ᠦᠦᠷᠢᠶ᠎ᠠ ᠶᠢᠨ ᠬᠦᠦ ᠮᠧᠷᠧᠮᠣᠲ ᠵᠠᠰᠠᠪᠤᠷᠢ ᠬᠢᠪᠡ᠃ ᠲᠡᠭᠦᠨ ᠦ ᠳᠠᠷᠠᠭᠠᠬᠢ ᠬᠡᠰᠡᠭ ᠲᠦ ᠮᠧᠱᠧᠽᠠᠪᠧᠯ ᠤᠨ ᠠᠴᠢ ᠪᠧᠷᠧᠺᠢᠶ᠎ᠠ ᠶᠢᠨ ᠬᠦᠦ ᠮᠧᠱᠦ᠋ᠯᠠᠮ᠂ ᠳᠠᠷᠠᠭᠠᠬᠢ ᠳᠤᠨᠢ ᠪᠠᠨ᠎ᠠ ᠶᠢᠨ ᠬᠦᠦ ᠽᠠᠳᠣᠺ ᠵᠠᠰᠠᠪᠤᠷᠢ ᠬᠢᠪᠡ᠃ 5 ᠲᠡᠭᠦᠨ ᠦ ᠳᠠᠷᠠᠭᠠᠬᠢ ᠬᠡᠰᠡᠭ ᠲᠦ ᠲᠧᠺᠣᠴᠤᠳ ᠵᠠᠰᠠᠪᠤᠷᠢ ᠬᠢᠭᠰᠡᠨ ᠪᠣᠯᠪᠠᠴᠤ ᠨᠣᠶᠠᠳ ᠨᠢ ᠡᠵᠡᠨ ᠦ ᠠᠵᠢᠯ ᠳᠤ ᠨᠢᠭᠡ ᠮᠥᠷᠥ ᠶᠢᠨ ᠬᠦᠴᠦ ᠴᠤ ᠥᠭᠭᠥᠭᠡ ᠦᠭᠡᠢ᠃
6 ᠬᠠᠭᠤᠴᠢᠨ ᠬᠠᠭᠠᠯᠭ᠎ᠠ ᠳᠤᠨᠢ ᠫᠠᠰᠧᠶᠠ ᠶᠢᠨ ᠬᠦᠦ ᠶᠣᠢᠶᠠᠳᠠ ᠪᠣᠯᠣᠨ ᠪᠧᠰᠣᠳᠧᠶᠠ ᠶᠢᠨ ᠬᠦᠦ ᠮᠧᠱᠦ᠋ᠯᠠᠮ ᠨᠠᠷ ᠵᠠᠰᠠᠪᠤᠷᠢ ᠬᠢᠪᠡ᠃ ᠲᠡᠳᠡ ᠶᠠᠰᠤ ᠮᠣᠳᠣ ᠶᠢ ᠲᠠᠯᠪᠢᠨ ᠬᠠᠪᠲᠠᠰᠤ ᠨᠤᠭᠤᠳ ᠢ ᠨᠢ ᠲᠣᠭᠲᠠᠭᠠᠵᠤ᠂ ᠲᠦᠭᠵᠢᠶ᠎ᠡ ᠪᠣᠯᠣᠨ ᠴᠠᠭᠤᠷᠭ᠎ᠠ ᠶᠢ ᠨᠢ ᠤᠭᠰᠠᠷᠠᠪᠠ᠃ 7 ᠳᠠᠷᠠᠭᠠᠬᠢ ᠬᠡᠰᠡᠭ ᠳᠤᠨᠢ ᠭᠢᠪᠧᠶᠣᠨ ᠬᠥᠮᠦᠨ ᠮᠧᠯᠠᠲ᠋ᠢᠶᠠ᠂ ᠮᠧᠷᠣᠨᠣᠲ ᠬᠥᠮᠦᠨ ᠶᠠᠳᠣᠨ ᠡᠶᠦ᠋ᠹᠷᠠᠲ᠋ᠧᠰ ᠮᠥᠷᠡᠨ ᠦ ᠥᠷᠥᠨ᠎ᠡ ᠲᠠᠯ᠎ᠠ ᠶᠢᠨ ᠮᠤᠵᠢ ᠶᠢᠨ ᠵᠠᠬᠢᠷᠤᠭᠴᠢᠳ ᠲᠤ ᠬᠠᠷᠢᠶᠠᠯᠠᠭᠳᠠᠬᠤ ᠭᠢᠪᠧᠶᠣᠨᠴᠤᠳ ᠪᠣᠯᠣᠨ ᠮᠢᠽᠫᠠᠴᠤᠳ ᠲᠠᠢ ᠬᠠᠮᠲᠤ ᠵᠠᠰᠠᠪᠤᠷᠢ ᠬᠢᠵᠦ᠂ 8 ᠳᠠᠷᠠᠭᠠᠬᠢ ᠬᠡᠰᠡᠭ ᠳᠤᠨᠢ ᠠᠯᠲᠠᠨ ᠤ ᠳᠠᠷᠬᠠᠨ ᠬᠠᠷᠬᠠᠢᠶᠠ ᠶᠢᠨ ᠬᠦᠦ ᠦᠽᠢᠶᠧᠯ ᠵᠠᠰᠠᠪᠤᠷᠢ ᠬᠢᠵᠦ᠂ ᠲᠡᠭᠦᠨ ᠦ ᠳᠠᠷᠠᠭᠠᠬᠢ ᠳᠤᠨᠢ ᠦᠨᠦᠷᠲᠡᠨ ᠬᠢᠭ᠍ᠴᠢ ᠬᠠᠨᠠᠨᠢᠶ᠎ᠠ ᠵᠠᠰᠠᠪᠤᠷᠢ ᠬᠢᠵᠡᠢ᠃ ᠲᠡᠳᠡ ᠶᠧᠷᠦ᠋ᠰᠠᠯᠧᠮ ᠢ ᠥᠷᠭᠡᠨ ᠬᠠᠨ᠎ᠠ ᠬᠦᠷᠲᠡᠯ᠎ᠡ ᠰᠡᠷᠭᠦᠭᠡᠪᠡ᠃ 9 ᠳᠠᠷᠠᠭᠠᠬᠢ ᠳᠤᠨᠢ ᠶᠧᠷᠦ᠋ᠰᠠᠯᠧᠮ ᠤᠨ ᠳᠡᠭᠦᠷᠭᠡ ᠶᠢᠨ ᠬᠠᠭᠠᠰ ᠢ ᠵᠠᠬᠢᠷᠤᠭᠴᠢ ᠾᠦᠷ ᠦᠨ ᠬᠦᠦ ᠷᠧᠹᠠᠢᠶᠠ ᠵᠠᠰᠠᠪᠤᠷᠢ ᠬᠢᠵᠦ᠂ 10 ᠳᠠᠷᠠᠭᠠᠬᠢ ᠳᠤᠨᠢ ᠬᠠᠷᠦ᠋ᠮᠠᠹ ᠤᠨ ᠬᠦᠦ ᠶᠧᠳᠠᠢᠶ᠎ᠠ ᠵᠠᠰᠠᠪᠤᠷᠢ ᠬᠢᠭᠰᠡᠨ ᠪᠠ ᠲᠡᠷᠡ ᠬᠡᠰᠡᠭ ᠨᠢ ᠲᠡᠭᠦᠨ ᠦ ᠭᠡᠷ ᠦᠨ ᠬᠠᠷᠠᠯᠳᠤᠭ᠎ᠠ ᠪᠠᠢᠪᠠ᠃ ᠳᠠᠷᠠᠭᠠᠬᠢ ᠬᠡᠰᠡᠭ ᠳᠤᠨᠢ ᠬᠠᠱᠠᠪᠨᠧᠶᠠ ᠶᠢᠨ ᠬᠦᠦ ᠬᠠᠲ᠋ᠦ᠋ᠱ ᠵᠠᠰᠠᠪᠤᠷᠢ ᠬᠢᠵᠡᠢ᠃ 11 ᠪᠠᠰᠠ ᠥᠭᠡᠷ᠎ᠡ ᠬᠡᠰᠡᠭ ᠬᠢᠭᠡᠳ ᠵᠤᠤᠬ᠎ᠠ ᠶᠢᠨ ᠴᠠᠮᠬᠠᠭ ᠤᠨ ᠵᠠᠰᠠᠪᠤᠷᠢ ᠶᠢ ᠬᠠᠷᠢᠮ ᠤᠨ ᠬᠦᠦ ᠮᠠᠯᠺᠢᠶ᠎ᠠ ᠪᠠᠷ ᠫᠠᠬᠠᠲ ᠮᠣᠶᠠᠪ ᠤᠨ ᠬᠦᠦ ᠬᠠᠱᠦ᠋ᠪ ᠲᠠᠢ ᠬᠠᠮᠲᠤ ᠬᠢᠵᠦ᠂ 12 ᠳᠠᠷᠠᠭᠠᠬᠢ ᠬᠡᠰᠡᠭ ᠳᠤᠨᠢ ᠶᠧᠷᠦ᠋ᠰᠠᠯᠧᠮ ᠤᠨ ᠳᠡᠭᠦᠷᠭᠡ ᠶᠢᠨ ᠨᠥᠭᠥᠭᠡ ᠬᠠᠭᠠᠰ ᠢ ᠵᠠᠬᠢᠷᠤᠭᠴᠢ ᠬᠠᠯᠣᠾᠧᠱ ᠤᠨ ᠬᠦᠦ ᠱᠠᠯᠦ᠋ᠮ ᠥᠬᠢᠳ ᠲᠠᠢ ᠪᠠᠨ ᠬᠠᠮᠲᠤ ᠵᠠᠰᠠᠪᠤᠷᠢ ᠬᠢᠪᠡ᠃
13 ᠬᠥᠨᠳᠡᠢ ᠶᠢᠨ ᠬᠠᠭᠠᠯᠭ᠎ᠠ ᠳᠤᠨᠢ ᠬᠠᠨᠦ᠋ᠨ ᠪᠡᠷ ᠽᠠᠨᠣᠶᠠ ᠶᠢᠨ ᠰᠠᠭᠤᠭᠠᠯᠢᠴᠢᠳ ᠲᠠᠢ ᠬᠠᠮᠲᠤ ᠵᠠᠰᠠᠪᠤᠷᠢ ᠬᠢᠪᠡ᠃ ᠲᠡᠳᠡ ᠲᠡᠭᠦᠨ ᠢ ᠰᠡᠷᠭᠦᠭᠡᠨ ᠬᠠᠪᠲᠠᠰᠤ ᠨᠤᠭᠤᠳ ᠢ ᠨᠢ ᠲᠣᠭᠲᠠᠭᠠᠵᠤ᠂ ᠲᠦᠭᠵᠢᠶ᠎ᠡ ᠪᠣᠯᠣᠨ ᠴᠠᠭᠤᠷᠭ᠎ᠠ ᠶᠢ ᠨᠢ ᠤᠭᠰᠠᠷᠠᠭᠠᠳ ᠪᠠᠭᠠᠰᠤᠨ ᠬᠠᠭᠠᠯᠭ᠎ᠠ ᠬᠦᠷᠲᠡᠯᠡᠬᠢ ᠮᠢᠩ᠋ᠭᠠᠨ ᠲᠣᠬᠣᠢ ᠬᠡᠷᠡᠮ ᠢ ᠵᠠᠰᠠᠪᠤᠷᠢᠯᠠᠭᠰᠠᠨ ᠶᠤᠮ᠃
14 ᠪᠠᠭᠠᠰᠤᠨ ᠬᠠᠭᠠᠯᠭ᠎ᠠ ᠳᠤ ᠪᠧᠲ ᠬᠠᠺᠧᠷᠧᠮ ᠤᠨ ᠳᠡᠭᠦᠷᠭᠡ ᠶᠢᠨ ᠵᠠᠬᠢᠷᠤᠭᠴᠢ᠂ ᠷᠧᠺᠠᠪ ᠤᠨ ᠬᠦᠦ ᠮᠠᠯᠺᠢᠶ᠎ᠠ ᠵᠠᠰᠠᠪᠤᠷᠢ ᠬᠢᠪᠡ᠃ ᠲᠡᠷᠡ ᠲᠡᠭᠦᠨ ᠢ ᠰᠡᠷᠭᠦᠭᠡᠨ ᠬᠠᠪᠲᠠᠰᠤ ᠨᠤᠭᠤᠳ ᠢ ᠨᠢ ᠲᠣᠭᠲᠠᠭᠠᠵᠤ᠂ ᠲᠦᠭᠵᠢᠶ᠎ᠡ ᠪᠣᠯᠣᠨ ᠴᠠᠭᠤᠷᠭ᠎ᠠ ᠶᠢ ᠨᠢ ᠤᠭᠰᠠᠷᠠᠪᠠ᠃
15 ᠣᠷᠭᠢᠯᠤᠭᠤᠷ ᠤᠨ ᠬᠠᠭᠠᠯᠭ᠎ᠠ ᠳᠤ ᠮᠢᠽᠫᠠ ᠶᠢᠨ ᠳᠡᠭᠦᠷᠭᠡ ᠶᠢᠨ ᠵᠠᠬᠢᠷᠤᠭᠴᠢ᠂ ᠺᠣᠯ ᠬᠣᠽᠧ ᠶᠢᠨ ᠬᠦᠦ ᠱᠠᠯᠦ᠋ᠮ ᠵᠠᠰᠠᠪᠤᠷᠢ ᠬᠢᠪᠡ᠃ ᠲᠡᠷᠡ ᠲᠡᠭᠦᠨ ᠢ ᠰᠡᠷᠭᠦᠭᠡᠨ ᠳᠡᠭᠡᠪᠦᠷ ᠬᠢᠵᠦ᠂ ᠬᠠᠪᠲᠠᠰᠤ ᠨᠤᠭᠤᠳ ᠢ ᠨᠢ ᠲᠣᠭᠲᠠᠭᠠᠵᠤ᠂ ᠲᠦᠭᠵᠢᠶ᠎ᠡ ᠪᠣᠯᠣᠨ ᠴᠠᠭᠤᠷᠭ᠎ᠠ ᠶᠢ ᠨᠢ ᠤᠭᠰᠠᠷᠠᠪᠠ᠃ ᠲᠡᠷᠡ ᠮᠥᠨ ᠬᠠᠭᠠᠨ ᠤ ᠴᠡᠴᠡᠷᠯᠢᠭ ᠳᠠᠬᠢ ᠱᠧᠯᠠ ᠶᠢᠨ ᠴᠥᠭᠥᠷᠥᠮ ᠦᠨ ᠬᠡᠷᠡᠮ ᠢ ᠳ᠋ᠠᠸᠢᠳ᠋ ᠤᠨ ᠬᠣᠲᠠ ᠠᠴᠠ ᠪᠠᠭᠤᠬᠤ ᠱᠠᠲᠤ ᠬᠦᠷᠲᠡᠯ᠎ᠡ ᠵᠠᠰᠠᠪᠤᠷᠢᠯᠠᠪᠠ᠃ 16 ᠲᠡᠭᠦᠨ ᠦ ᠳᠠᠷᠠᠭ᠎ᠠ ᠪᠧᠲ ᠽᠦᠷ ᠦᠨ ᠬᠠᠭᠠᠰ ᠳᠡᠭᠦᠷᠭᠡ ᠶᠢᠨ ᠵᠠᠬᠢᠷᠤᠭᠴᠢ᠂ ᠠᠽᠪᠦ᠋ᠺ ᠤᠨ ᠬᠦᠦ ᠨᠧᠾᠧᠮᠢᠶ᠎ᠠ ᠵᠠᠰᠠᠪᠤᠷᠢ ᠬᠢᠵᠦ᠂ ᠳ᠋ᠠᠸᠢᠳ᠋ ᠤᠨ ᠪᠤᠯᠠᠰᠢᠨ ᠤ ᠬᠠᠷᠠᠯᠳᠤᠭᠠᠬᠢ ᠭᠠᠵᠠᠷ ᠬᠦᠷᠲᠡᠯ᠎ᠡ᠂ ᠪᠠᠰᠠ ᠬᠢᠮᠡᠯ ᠴᠥᠭᠥᠷᠥᠮ ᠬᠢᠭᠡᠳ ᠪᠠᠭᠠᠲᠤᠷᠴᠤᠳ ᠤᠨ ᠪᠠᠢᠰᠢᠩ ᠬᠦᠷᠲᠡᠯ᠎ᠡ ᠵᠠᠰᠠᠪᠤᠷᠢ ᠬᠢᠵᠦ᠂ 17 ᠳᠠᠷᠠᠭ᠎ᠠ ᠨᠢ ᠯᠧᠸᠢᠴᠦᠳ ᠪᠠᠨᠢ ᠶᠢᠨ ᠬᠦᠦ ᠷᠧᠾᠦ᠋ᠮ ᠤᠨ ᠭᠠᠷ ᠳᠣᠣᠷ᠎ᠠ ᠵᠠᠰᠠᠪᠤᠷᠢ ᠬᠢᠪᠡ᠃ ᠺᠧᠶᠢᠯᠠ ᠶᠢᠨ ᠳᠡᠭᠦᠷᠭᠡ ᠶᠢᠨ ᠬᠠᠭᠠᠰ ᠢ ᠵᠠᠬᠢᠷᠤᠭᠴᠢ ᠬᠠᠱᠠᠪᠢᠶ᠎ᠠ ᠳᠠᠷᠠᠭᠠᠬᠢ ᠬᠡᠰᠡᠭ ᠪᠣᠯᠬᠤ ᠬᠠᠷᠢᠶ᠎ᠠ ᠳᠡᠭᠦᠷᠭᠡ ᠳᠡᠭᠡᠨ ᠵᠠᠰᠠᠪᠤᠷᠢ ᠬᠢᠵᠦ᠂ 18 ᠳᠠᠷᠠᠭᠠᠬᠢ ᠳᠤᠨᠢ ᠲᠡᠳᠡᠨ ᠦ ᠠᠬ᠎ᠠ ᠳᠡᠭᠦᠦᠰ ᠯᠧᠸᠢᠴᠦᠳ ᠺᠧᠶᠢᠯᠠ ᠶᠢᠨ ᠳᠡᠭᠦᠷᠭᠡ ᠶᠢᠨ ᠨᠥᠭᠥᠭᠡ ᠬᠠᠭᠠᠰ ᠢ ᠵᠠᠬᠢᠷᠤᠭᠴᠢ ᠾᠧᠨᠠᠳᠠᠳ᠋ ᠤᠨ ᠬᠦᠦ ᠪᠠᠸᠠᠢ ᠶᠢᠨ ᠳᠣᠣᠷ᠎ᠠ ᠵᠠᠰᠠᠪᠤᠷᠢ ᠬᠢᠪᠡ᠃ 19 ᠳᠠᠷᠠᠭᠠᠬᠢ ᠳᠤᠨᠢ ᠮᠢᠽᠫᠠ ᠶᠢᠨ ᠵᠠᠬᠢᠷᠤᠭᠴᠢ᠂ ᠶᠧᠱᠦ᠋ᠶ᠎ᠠ ᠶᠢᠨ ᠬᠦᠦ ᠡᠽᠧᠷ ᠬᠡᠷᠡᠮ ᠦᠨ ᠥᠨᠴᠥᠭ ᠳᠠᠬᠢ ᠵᠡᠪᠰᠡᠭ ᠦᠨ ᠬᠥᠮᠥᠷᠭᠡ ᠳᠦ ᠬᠦᠷᠬᠦ ᠥᠭᠰᠥᠭᠦᠷ ᠵᠠᠮ ᠤᠨ ᠡᠮᠦᠨᠡᠬᠢ ᠨᠢᠭᠡ ᠬᠡᠰᠡᠭ ᠢ ᠵᠠᠰᠠᠪᠤᠷᠢᠯᠠᠪᠠ᠃ 20 ᠲᠡᠭᠦᠨ ᠦ ᠳᠠᠷᠠᠭ᠎ᠠ ᠬᠡᠷᠡᠮ ᠦᠨ ᠥᠨᠴᠥᠭ ᠡᠴᠡ ᠲᠡᠷᠢᠭᠦᠨ ᠲᠠᠬᠢᠯᠴᠢ ᠡᠯᠢᠶᠠᠱᠢᠪ ᠤᠨ ᠪᠠᠢᠰᠢᠩ ᠤᠨ ᠡᠭᠦᠳᠡ ᠬᠦᠷᠲᠡᠯᠡᠬᠢ ᠥᠭᠡᠷ᠎ᠡ ᠨᠢᠭᠡ ᠬᠡᠰᠡᠭ ᠢ ᠽᠠᠪᠠᠢ ᠶᠢᠨ ᠬᠦᠦ ᠪᠠᠷᠦ᠋ᠺ ᠴᠢᠷᠮᠠᠢᠨ ᠵᠠᠰᠠᠪᠤᠷᠢᠯᠠᠵᠤ᠂ 21 ᠲᠡᠭᠦᠨ ᠦ ᠳᠠᠷᠠᠭ᠎ᠠ ᠬᠠᠺᠣᠽ ᠤᠨ ᠠᠴᠢ᠂ ᠦᠦᠷᠢᠶ᠎ᠠ ᠶᠢᠨ ᠬᠦᠦ ᠮᠧᠷᠧᠮᠣᠲ ᠡᠯᠢᠶᠠᠱᠢᠪ ᠤᠨ ᠪᠠᠢᠰᠢᠩ ᠤᠨ ᠡᠭᠦᠳᠡᠨ ᠡᠴᠡ ᠪᠠᠢᠰᠢᠩ ᠤᠨ ᠵᠠᠬ᠎ᠠ ᠬᠦᠷᠲᠡᠯᠡᠬᠢ ᠥᠭᠡᠷ᠎ᠡ ᠨᠢᠭᠡ ᠬᠡᠰᠡᠭ ᠢ ᠵᠠᠰᠠᠪᠤᠷᠢᠯᠠᠪᠠ᠃ 22 ᠳᠠᠷᠠᠭ᠎ᠠ ᠬᠡᠰᠡᠭ ᠳᠤᠨᠢ ᠲᠡᠷᠡ ᠬᠠᠪᠢ ᠶᠢᠨ ᠲᠠᠬᠢᠯᠴᠢᠳ ᠵᠠᠰᠠᠪᠤᠷᠢ ᠬᠢᠵᠦ᠂ 23 ᠵᠠᠯᠭᠠᠭᠠᠳ ᠪᠢᠨᠶᠠᠮᠢᠨ ᠪᠠ ᠬᠠᠱᠦ᠋ᠪ ᠨᠠᠷ ᠪᠠᠢᠰᠢᠩ ᠤᠨ ᠢᠶᠠᠨ ᠬᠠᠷᠠᠯᠳᠤᠭᠠᠬᠢ ᠬᠡᠰᠡᠭ ᠲᠦ ᠵᠠᠰᠠᠪᠤᠷᠢ ᠬᠢᠪᠡ᠃ ᠲᠡᠳᠡᠨ ᠦ ᠳᠠᠷᠠᠭ᠎ᠠ ᠠᠨᠠᠨᠢᠶ᠎ᠠ ᠶᠢᠨ ᠠᠴᠢ᠂ ᠮᠠᠶᠠᠰᠧᠶ᠎ᠠ ᠶᠢᠨ ᠬᠦᠦ ᠠᠽᠠᠷᠢᠶ᠎ᠠ ᠪᠠᠢᠰᠢᠩ ᠤᠨ ᠢᠶᠠᠨ ᠬᠠᠵᠠᠭᠤ ᠳᠠᠬᠢ ᠬᠡᠰᠡᠭ ᠢ ᠵᠠᠰᠠᠪᠤᠷᠢᠯᠠᠵᠤ᠂ 24 ᠲᠡᠭᠦᠨ ᠦ ᠳᠠᠷᠠᠭ᠎ᠠ ᠾᠧᠨᠠᠳᠠᠳ᠋ ᠤᠨ ᠬᠦᠦ ᠪᠢᠨᠣᠢ ᠪᠠᠷ ᠠᠽᠠᠷᠢᠶ᠎ᠠ ᠶᠢᠨ ᠪᠠᠢᠰᠢᠩ ᠠᠴᠠ ᠬᠡᠷᠡᠮ ᠦᠨ ᠮᠤᠷᠤᠢᠬᠤ ᠬᠡᠰᠡᠭ᠂ ᠬᠡᠷᠡᠮ ᠦᠨ ᠥᠨᠴᠥᠭ ᠬᠦᠷᠲᠡᠯᠡᠬᠢ ᠥᠭᠡᠷ᠎ᠡ ᠨᠢᠭᠡ ᠬᠡᠰᠡᠭ ᠢ ᠵᠠᠰᠠᠪᠤᠷᠢᠯᠠᠪᠠ᠃ 25 ᠦᠽᠠᠢ ᠶᠢᠨ ᠬᠦᠦ ᠫᠠᠯᠠᠯ ᠲᠡᠷᠡ ᠥᠨᠴᠥᠭ ᠦᠨ ᠬᠠᠷᠠᠯᠳᠤᠭ᠎ᠠ ᠠᠴᠠ ᠬᠠᠷᠠᠭᠤᠯ ᠤᠨ ᠬᠠᠰᠢᠶᠠᠨ ᠤ ᠬᠠᠵᠠᠭᠤ ᠳᠠᠬᠢ ᠬᠠᠭᠠᠨ ᠤ ᠳᠡᠭᠡᠳᠦ ᠣᠷᠳᠣᠨ ᠤ ᠴᠣᠬᠣᠢᠭᠰᠠᠨ ᠴᠠᠮᠬᠠᠭ ᠬᠦᠷᠲᠡᠯᠡᠬᠢ ᠬᠡᠰᠡᠭ ᠢ ᠵᠠᠰᠠᠪᠤᠷᠢᠯᠠᠵᠤ᠂ ᠳᠠᠷᠠᠭ᠎ᠠ ᠨᠢ ᠫᠠᠷᠣᠱ ᠤᠨ ᠬᠦᠦ ᠫᠧᠳᠠᠶᠠ 26 ᠣᠹᠧᠯ ᠳᠤ ᠰᠠᠭᠤᠳᠠᠭ ᠠᠷᠢᠭᠤᠨ ᠥᠷᠭᠥᠭᠡᠨ ᠦ ᠦᠢᠯᠡᠴᠢᠯᠡᠭᠴᠢᠳ ᠲᠠᠢ ᠬᠠᠮᠲᠤ ᠵᠡᠭᠦᠨ ᠲᠠᠯ᠎ᠠ ᠶᠢᠨ ᠤᠰᠤᠨ ᠬᠠᠭᠠᠯᠭᠠᠨ ᠤ ᠨᠥᠭᠥᠭᠡ ᠲᠠᠯ᠎ᠠ᠂ ᠴᠣᠬᠣᠢᠭᠰᠠᠨ ᠴᠠᠮᠬᠠᠭ ᠬᠦᠷᠲᠡᠯ᠎ᠡ ᠵᠠᠰᠠᠪᠤᠷᠢ ᠬᠢᠵᠦ᠂ 27 ᠳᠠᠷᠠᠭ᠎ᠠ ᠨᠢ ᠲᠧᠺᠣᠴᠤᠳ ᠴᠣᠬᠣᠢᠭᠰᠠᠨ ᠶᠡᠬᠡ ᠴᠠᠮᠬᠠᠭ ᠠᠴᠠ ᠣᠹᠧᠯ ᠤᠨ ᠬᠡᠷᠡᠮ ᠬᠦᠷᠲᠡᠯᠡᠬᠢ ᠥᠭᠡᠷ᠎ᠡ ᠨᠢᠭᠡ ᠬᠡᠰᠡᠭ ᠲᠦ ᠵᠠᠰᠠᠪᠤᠷᠢ ᠬᠢᠪᠡ᠃
28 ᠮᠣᠷᠢᠨ ᠬᠠᠭᠠᠯᠭᠠᠨ ᠳᠡᠭᠡᠷ᠎ᠡ ᠲᠠᠬᠢᠯᠴᠢ ᠪᠦᠷᠢ ᠪᠠᠢᠰᠢᠩ ᠤᠨ ᠢᠶᠠᠨ ᠡᠮᠦᠨ᠎ᠡ ᠲᠠᠯ᠎ᠠ ᠶᠢ ᠵᠠᠰᠠᠪᠤᠷᠢᠯᠠᠵᠤ᠂ 29 ᠳᠠᠷᠠᠭ᠎ᠠ ᠨᠢ ᠢᠮᠧᠷ ᠤᠨ ᠬᠦᠦ ᠽᠠᠳᠣᠺ ᠪᠠᠢᠰᠢᠩ ᠤᠨ ᠢᠶᠠᠨ ᠡᠮᠦᠨ᠎ᠡ ᠲᠠᠯ᠎ᠠ ᠳᠤ ᠵᠠᠰᠠᠪᠤᠷᠢ ᠬᠢᠪᠡ᠃ ᠲᠡᠭᠦᠨ ᠦ ᠳᠠᠷᠠᠭ᠎ᠠ ᠵᠡᠭᠦᠨ ᠬᠠᠭᠠᠯᠭᠠᠨ ᠤ ᠰᠠᠬᠢᠭᠤᠯ ᠱᠧᠺᠠᠨᠢᠶ᠎ᠠ ᠶᠢᠨ ᠬᠦᠦ ᠱᠧᠮᠠᠢᠶ᠎ᠠ ᠵᠠᠰᠠᠪᠤᠷᠢ ᠬᠢᠪᠡ᠃ 30 ᠲᠡᠭᠦᠨ ᠦ ᠳᠠᠷᠠᠭ᠎ᠠ ᠱᠧᠯᠧᠮᠢᠶ᠎ᠠ ᠶᠢᠨ ᠬᠦᠦ ᠬᠠᠨᠠᠨᠢᠶ᠎ᠠ ᠪᠠ ᠽᠠᠯᠠᠹ ᠤᠨ ᠵᠢᠷᠭᠤᠳᠠᠬᠢ ᠬᠦᠦ ᠬᠠᠨᠦ᠋ᠨ ᠨᠠᠷ ᠥᠭᠡᠷ᠎ᠡ ᠨᠢᠭᠡ ᠬᠡᠰᠡᠭ ᠢ ᠵᠠᠰᠠᠪᠤᠷᠢᠯᠠᠵᠤ᠂ ᠳᠠᠷᠠᠭ᠎ᠠ ᠨᠢ ᠪᠧᠷᠧᠺᠢᠶ᠎ᠠ ᠶᠢᠨ ᠬᠦᠦ ᠮᠧᠱᠦ᠋ᠯᠠᠮ ᠰᠠᠭᠤᠴᠠᠨ ᠤ ᠪᠠᠨ ᠬᠠᠷᠠᠯᠳᠤᠭ᠎ᠠ ᠬᠡᠰᠡᠭ ᠢ ᠵᠠᠰᠠᠪᠤᠷᠢᠯᠠᠪᠠ᠃ 31 ᠲᠡᠭᠦᠨ ᠦ ᠳᠠᠷᠠᠭ᠎ᠠ ᠠᠯᠲᠠᠨ ᠤ ᠳᠠᠷᠬᠠᠨ ᠮᠠᠯᠺᠢᠶ᠎ᠠ ᠬᠢᠨᠠᠯᠲᠠ ᠶᠢᠨ ᠬᠠᠭᠠᠯᠭᠠᠨ ᠤ ᠬᠠᠷᠠᠯᠳᠤᠭ᠎ᠠ ᠠᠷᠢᠭᠤᠨ ᠥᠷᠭᠥᠭᠡᠨ ᠦ ᠦᠢᠯᠡᠴᠢᠯᠡᠭᠴᠢᠳ ᠪᠠ ᠬᠤᠳᠠᠯᠳᠤᠭᠠᠴᠢᠳ ᠤᠨ ᠪᠠᠢᠰᠢᠩ ᠬᠦᠷᠲᠡᠯ᠎ᠡ᠂ ᠪᠤᠯᠤᠩ ᠤᠨ ᠳᠡᠭᠡᠳᠦ ᠥᠷᠥᠭᠡ ᠬᠦᠷᠲᠡᠯ᠎ᠡ ᠵᠠᠰᠠᠪᠤᠷᠢᠯᠠᠵᠤ᠂ 32 ᠪᠤᠯᠤᠩ ᠤᠨ ᠳᠡᠭᠡᠳᠦ ᠥᠷᠥᠭᠡ ᠪᠠ ᠬᠣᠨᠢᠨ ᠬᠠᠭᠠᠯᠭᠠᠨ ᠤ ᠬᠣᠭᠣᠷᠣᠨᠳᠣ ᠠᠯᠲᠠᠨ ᠤ ᠳᠠᠷᠬᠠᠳ ᠪᠠ ᠬᠤᠳᠠᠯᠳᠤᠭᠠᠴᠢᠳ ᠵᠠᠰᠠᠪᠤᠷᠢ ᠬᠢᠪᠡ᠃