1 2 3 4 5 6


ᠭᠠᠯᠠᠲ᠋ᠢᠶ᠎ᠠ ᠨᠢᠭᠡ

1 ᠬᠥᠮᠦᠰ ᠡᠴᠡ ᠪᠢᠰᠢ᠂ ᠬᠥᠮᠦᠨ ᠢᠶᠡᠷ ᠴᠤ ᠪᠢᠰᠢ᠂ ᠬᠠᠷᠢᠨ ᠢᠰᠦ᠋ᠰ ᠾᠷᠢᠰᠲ᠋ᠣᠰ ᠪᠠ ᠲᠡᠭᠦᠨ ᠢ ᠦᠬᠦᠭᠰᠡᠳ ᠦᠨ ᠳᠤᠮᠳᠠ ᠠᠴᠠ ᠠᠮᠢᠯᠠᠭᠤᠯᠤᠭᠰᠠᠨ ᠡᠴᠢᠭᠡ ᠪᠤᠷᠬᠠᠨ ᠢᠶᠠᠷ ᠰᠢᠳᠠᠷ ᠱᠠᠪᠢ ᠪᠣᠯᠣᠭᠰᠠᠨ ᠫᠠᠦ᠋ᠯ ᠪᠢ ᠪᠣᠯᠣᠨ 2 ᠨᠠᠳᠠ ᠲᠠᠢ ᠬᠠᠮᠲᠤ ᠪᠠᠢᠭ᠎ᠠ ᠪᠦᠬᠦ ᠠᠬ᠎ᠠ ᠳᠡᠭᠦᠦ ᠡᠴᠡ ᠭᠠᠯᠠᠲ᠋ᠢᠶ᠎ᠠ ᠶᠢᠨ ᠴᠢᠭᠤᠯᠭᠠᠨ ᠨᠤᠭᠤᠳ ᠲᠤ᠄

3 ᠪᠢᠳᠡᠨ ᠦ ᠡᠴᠢᠭᠡ ᠪᠤᠷᠬᠠᠨ ᠪᠠ ᠡᠵᠡᠨ ᠢᠰᠦ᠋ᠰ ᠾᠷᠢᠰᠲ᠋ᠣᠰ ᠤᠨ ᠢᠪᠡᠭᠡᠯ᠂ ᠠᠮᠤᠭᠤᠯᠠᠩ ᠲᠠ ᠨᠠᠷ ᠲᠤ ᠪᠠᠢᠬᠤ ᠪᠣᠯᠲᠤᠭᠠᠢ᠃ 4 ᠢᠰᠦ᠋ᠰ ᠪᠢᠳᠡᠨ ᠦ ᠡᠴᠢᠭᠡ ᠪᠤᠷᠬᠠᠨ ᠤ ᠰᠠᠨᠠᠭ᠎ᠠ ᠶᠢ ᠳᠠᠭᠠᠨ ᠪᠢᠳᠡᠨ ᠢ ᠣᠳᠣ ᠶᠢᠨ ᠬᠣᠷᠣᠨ ᠮᠠᠭᠤ ᠦᠶ᠎ᠡ ᠡᠴᠡ ᠭᠡᠲᠦᠯᠭᠡᠬᠦ ᠭᠡᠰᠡᠨ ᠳᠡᠭᠡᠨ ᠪᠢᠳᠡᠨ ᠦ ᠭᠡᠮ ᠨᠢᠭᠦᠯ ᠦᠨ ᠲᠥᠯᠥᠭᠡ ᠥᠪᠡᠷ ᠢ ᠪᠠᠨ ᠡᠷᠭᠦᠵᠡᠢ᠃ 5 ᠠᠯᠳᠠᠷ ᠰᠤᠤ ᠮᠥᠩᠬᠡ ᠶᠢᠨ ᠮᠥᠩᠬᠡᠳᠡ ᠡᠴᠢᠭᠡ ᠪᠤᠷᠬᠠᠨ ᠤ ᠬᠢ᠂ ᠠᠮᠧᠨ︕
 ᠭᠤᠢᠪᠢᠯᠵᠠᠬᠤ ᠶᠢᠨ ᠠᠶᠤᠯ

6 ᠾᠷᠢᠰᠲ᠋ᠣᠰ ᠤᠨ ᠢᠪᠡᠭᠡᠯ ᠳᠦ ᠳᠠᠭᠤᠳᠠᠭᠰᠠᠨ ᠨᠢᠭᠡᠨ ᠡᠴᠡ ᠲᠠ ᠨᠠᠷ ᠡᠢᠮᠦ ᠲᠦᠷᠭᠡᠨ ᠵᠠᠢᠳᠠᠵᠤ᠂ ᠥᠭᠡᠷ᠎ᠡ ᠲᠥᠷᠥᠯ ᠦᠨ ᠪᠠᠶᠠᠷ ᠤᠨ ᠮᠡᠳᠡᠭᠡ ᠤᠷᠤᠭᠤ ᠰᠢᠯᠵᠢᠵᠦ ᠪᠠᠢᠭ᠎ᠠ ᠳᠤ ᠪᠢ ᠭᠠᠢᠬᠠᠵᠤ ᠪᠠᠢᠨ᠎ᠠ᠃ 7 ᠦᠨᠡᠨ ᠳᠡᠭᠡᠨ ᠥᠭᠡᠷ᠎ᠡ ᠲᠥᠷᠥᠯ ᠦᠨ ᠪᠠᠶᠠᠷ ᠤᠨ ᠮᠡᠳᠡᠭᠡ ᠭᠡᠵᠦ ᠪᠠᠢᠬᠤ ᠦᠭᠡᠢ᠂ ᠬᠠᠷᠢᠨ ᠵᠠᠷᠢᠮ ᠨᠢ ᠲᠠ ᠨᠠᠷ ᠢ ᠦᠢᠮᠡᠭᠦᠯᠦᠨ᠂ ᠾᠷᠢᠰᠲ᠋ᠣᠰ ᠤᠨ ᠪᠠᠶᠠᠷ ᠤᠨ ᠮᠡᠳᠡᠭᠡ ᠶᠢ ᠭᠤᠢᠪᠢᠭᠤᠯᠬᠤ ᠭᠡᠵᠦ ᠪᠠᠢᠨ᠎ᠠ᠃ 8 ᠭᠡᠪᠡᠴᠦ ᠪᠢᠳᠡ ᠴᠤ ᠭᠡᠰᠡᠨ᠂ ᠲᠩᠷᠢ ᠶᠢᠨ ᠡᠯᠴᠢ ᠴᠤ ᠭᠡᠰᠡᠨ᠂ ᠪᠢᠳᠡᠨ ᠦ ᠲᠠ ᠨᠠᠷ ᠲᠤ ᠤᠯᠠᠮᠵᠢᠯᠠᠭᠰᠠᠨ ᠪᠠᠶᠠᠷ ᠤᠨ ᠮᠡᠳᠡᠭᠡ ᠡᠴᠡ ᠥᠭᠡᠷ᠎ᠡ ᠪᠠᠶᠠᠷ ᠤᠨ ᠮᠡᠳᠡᠭᠡ ᠶᠢ ᠲᠠ ᠨᠠᠷ ᠲᠤ ᠤᠯᠠᠮᠵᠢᠯᠠᠪᠠᠯ ᠲᠡᠷᠡ ᠵᠦᠬᠡᠭᠳᠡᠲᠦᠭᠡᠢ᠃ 9 ᠤᠷᠢᠳᠤ ᠨᠢ ᠬᠡᠯᠡᠭᠰᠡᠨ ᠲᠡᠢ ᠠᠳᠠᠯᠢ ᠣᠳᠣ ᠳᠠᠬᠢᠨ ᠬᠡᠯᠡᠶ᠎ᠡ᠂ ᠬᠡᠨ ᠴᠤ ᠪᠠᠢ᠂ ᠲᠠ ᠨᠠᠷ ᠤᠨ ᠬᠦᠷᠲᠡᠭᠰᠡᠨ ᠡᠴᠡ ᠥᠭᠡᠷ᠎ᠡ ᠪᠠᠶᠠᠷ ᠤᠨ ᠮᠡᠳᠡᠭᠡ ᠶᠢ ᠲᠠ ᠨᠠᠷ ᠲᠤ ᠤᠯᠠᠮᠵᠢᠯᠠᠪᠠᠯ ᠵᠦᠬᠡᠭᠳᠡᠲᠦᠭᠡᠢ᠃

10 ᠣᠳᠣ ᠪᠢ ᠬᠥᠮᠦᠨ ᠦ ᠰᠠᠢᠰᠢᠶᠠᠯ ᠢ ᠬᠦᠰᠡᠵᠦ ᠪᠠᠢᠨ᠎ᠠ ᠤᠤ︖ ᠪᠤᠷᠬᠠᠨ ᠤ ᠰᠠᠢᠰᠢᠶᠠᠯ ᠢ ᠬᠦᠰᠡᠵᠦ ᠪᠠᠢᠨ᠎ᠠ ᠤᠤ︖ ᠪᠢ ᠬᠥᠮᠦᠰ ᠢ ᠪᠠᠶᠠᠷᠯᠠᠭᠤᠯᠬᠤ ᠪᠠᠷ ᠬᠢᠴᠢᠶᠡᠵᠦ ᠪᠠᠢᠨ᠎ᠠ ᠭᠡᠵᠢ ᠤᠤ︖ ᠬᠡᠷᠪᠡ ᠪᠢ ᠬᠥᠮᠦᠰ ᠢ ᠪᠠᠶᠠᠷᠯᠠᠭᠤᠯᠬᠤ ᠭᠡᠰᠡᠨ ᠶᠤᠮ ᠪᠣᠯ ᠾᠷᠢᠰᠲ᠋ᠣᠰ ᠤᠨ ᠵᠠᠷᠤᠴᠠ ᠪᠢᠰᠢ ᠪᠠᠢᠬᠤ ᠰᠠᠨ᠃
 ᠤᠯᠠᠮᠵᠢᠯᠠᠭᠰᠠᠨ ᠪᠠᠶᠠᠷ ᠤᠨ ᠮᠡᠳᠡᠭᠡᠨ ᠦ ᠰᠤᠷᠪᠤᠯᠵᠢ

11 ᠠᠬ᠎ᠠ ᠳᠡᠭᠦᠦ ᠨᠠᠷ ᠡ᠂ ᠲᠠ ᠨᠠᠷ ᠲᠤ ᠮᠡᠳᠡᠭᠳᠡᠶ᠎ᠡ᠃ ᠤᠯᠠᠮᠵᠢᠯᠠᠭᠰᠠᠨ ᠪᠠᠶᠠᠷ ᠤᠨ ᠮᠡᠳᠡᠭᠡ ᠮᠢᠨᠢ ᠬᠥᠮᠦᠨ ᠦ ᠬᠢ ᠪᠢᠰᠢ᠃ 12 ᠤᠴᠢᠷ ᠨᠢ᠂ ᠲᠡᠭᠦᠨ ᠢ ᠬᠥᠮᠦᠨ ᠡᠴᠡ ᠠᠪᠤᠭᠰᠠᠨ ᠪᠤᠰᠤ᠂ ᠬᠥᠮᠦᠨ ᠢᠶᠡᠷ ᠵᠢᠭᠠᠯᠭᠠᠭᠰᠠᠨ ᠴᠤ ᠪᠤᠰᠤ᠂ ᠬᠠᠷᠢᠨ ᠢᠰᠦ᠋ᠰ ᠾᠷᠢᠰᠲ᠋ᠣᠰ ᠢᠯᠡᠷᠬᠡᠶᠢᠯᠡᠭᠰᠡᠨ ᠶᠤᠮ᠃

13 ᠶᠦᠳᠠᠢ ᠶᠢᠨ ᠱᠠᠰᠢᠨ ᠲᠠᠢ ᠪᠠᠢᠬᠤ ᠦᠶ᠎ᠡ ᠶᠢᠨ ᠶᠠᠪᠤᠳᠠᠯ ᠢ ᠮᠢᠨᠢ ᠲᠠ ᠨᠠᠷ ᠰᠣᠨᠣᠰᠣᠭᠰᠠᠨ ᠪᠢᠯᠡ᠃ ᠪᠢ ᠪᠤᠷᠬᠠᠨ ᠤ ᠴᠢᠭᠤᠯᠭᠠᠨ ᠢ ᠰᠦᠷᠡᠬᠡᠢ ᠬᠠᠪᠴᠢᠨ ᠤᠰᠠᠳᠬᠠᠭᠰᠠᠭᠠᠷ 14 ᠶᠦᠳᠠᠢ ᠶᠢᠨ ᠱᠠᠰᠢᠨ ᠢ ᠰᠢᠲᠦᠳᠡᠭ ᠶᠠᠰᠤᠲᠠᠨ ᠤ ᠪᠠᠨ ᠦᠶ᠎ᠡ ᠬᠤᠷᠠᠭᠴᠤᠤᠯ ᠢ ᠬᠣᠰᠢᠭᠤᠴᠢᠯᠠᠨ ᠳᠡᠭᠡᠳᠦᠰ ᠦᠨ ᠢᠶᠠᠨ ᠤᠯᠠᠮᠵᠢᠯᠠᠯ ᠳᠤ ᠦᠯᠡᠮᠵᠢ ᠵᠢᠳᠬᠦᠵᠦ ᠪᠠᠢᠭᠰᠠᠨ᠃ 15 ᠬᠠᠷᠢᠨ ᠨᠠᠮᠠᠶᠢ ᠡᠬᠡ ᠶᠢᠨ ᠬᠡᠪᠡᠯᠢ ᠳᠤ ᠪᠠᠢᠬᠤ ᠳᠤ ᠲᠤᠰᠠᠭᠠᠷᠯᠠᠵᠤ ᠢᠪᠡᠭᠡᠯ ᠢᠶᠡᠷ ᠢᠶᠠᠨ ᠳᠠᠭᠤᠳᠠᠭᠰᠠᠨ ᠪᠤᠷᠬᠠᠨ 16 ᠨᠠᠳᠠ ᠪᠠᠷ ᠬᠦᠦ ᠶᠢᠨ ᠢᠶᠠᠨ ᠮᠡᠳᠡᠭᠡ ᠶᠢ ᠬᠠᠷᠢᠴᠤᠳ ᠲᠤ ᠲᠤᠩ᠋ᠬᠠᠭᠯᠠᠭᠤᠯᠬᠤ ᠭᠡᠵᠦ ᠨᠠᠳᠠ ᠳᠤ ᠬᠦᠦ ᠪᠡᠨ ᠢᠯᠡᠷᠡᠭᠦᠯᠬᠦ ᠶᠢ ᠰᠠᠢᠨ ᠬᠡᠮᠡᠨ ᠦᠵᠡᠪᠡ᠃ ᠪᠢ ᠮᠢᠬ᠎ᠠ ᠴᠢᠰᠤᠲᠤ ᠬᠥᠮᠦᠨ ᠡᠴᠡ ᠰᠠᠨᠠᠯ ᠠᠰᠠᠭᠤᠭᠰᠠᠨ ᠦᠭᠡᠢ᠂ 17 ᠨᠠᠳᠠ ᠠᠴᠠ ᠤᠷᠢᠳᠠ ᠰᠢᠳᠠᠷ ᠱᠠᠪᠢ ᠪᠣᠯᠣᠭᠰᠠᠨ ᠬᠥᠮᠦᠰ ᠲᠡᠢ ᠠᠭᠤᠯᠵᠠᠬᠤ ᠭᠡᠵᠦ ᠶᠧᠷᠦ᠋ᠰᠠᠯᠧᠮ ᠳᠤ ᠴᠤ ᠣᠴᠢᠭᠰᠠᠨ ᠦᠭᠡᠢ ᠪᠠᠷ ᠳᠠᠷᠤᠢ ᠳᠤᠨᠢ ᠠᠷᠠᠪ ᠤᠷᠤᠭᠤ ᠶᠠᠪᠤᠭᠰᠠᠨ ᠪᠥᠭᠡᠳ ᠳᠠᠷᠠᠭ᠎ᠠ ᠨᠢ ᠳ᠋ᠠᠮᠠᠰᠺᠦ᠋ᠰ ᠲᠤ ᠪᠤᠴᠠᠪᠠ᠃

18 ᠭᠤᠷᠪᠠᠨ ᠵᠢᠯ ᠤᠨ ᠳᠠᠷᠠᠭ᠎ᠠ ᠪᠢ ᠺᠧᠹᠠ 1  ᠲᠠᠢ ᠲᠠᠨᠢᠯᠴᠠᠬᠤ ᠪᠠᠷ ᠶᠧᠷᠦ᠋ᠰᠠᠯᠧᠮ ᠳᠤ ᠣᠴᠢᠵᠤ ᠠᠷᠪᠠᠨ ᠲᠠᠪᠤᠨ ᠬᠣᠨᠣᠭ ᠲᠡᠭᠦᠨ ᠲᠡᠢ ᠬᠠᠮᠲᠤ ᠪᠠᠢᠭᠰᠠᠨ᠃ 19 ᠲᠡᠭᠦᠨ ᠡᠴᠡ ᠭᠠᠳᠠᠨ᠎ᠠ᠂ ᠡᠵᠡᠨ ᠦ ᠳᠡᠭᠦᠦ ᠶᠠᠺᠣᠪ ᠠᠴᠠ ᠥᠭᠡᠷ᠎ᠡ ᠰᠢᠳᠠᠷ ᠱᠠᠪᠢ ᠶᠢ ᠪᠢ ᠬᠠᠷᠠᠭᠰᠠᠨ ᠦᠭᠡᠢ᠃ 20 (ᠲᠠ ᠨᠠᠷ ᠲᠤ ᠪᠢᠴᠢᠵᠦ ᠪᠠᠢᠭ᠎ᠠ ᠦᠭᠡᠰ ᠦᠨ ᠮᠢᠨᠢ ᠬᠤᠳᠠᠯ ᠪᠢᠰᠢ ᠶᠢ ᠪᠤᠷᠬᠠᠨ ᠤ ᠡᠮᠦᠨ᠎ᠡ ᠪᠠᠲᠤᠯᠠᠶ᠎ᠠ᠃) 21 ᠳᠠᠷᠠᠭ᠎ᠠ ᠨᠢ ᠪᠢ ᠰᠢᠷᠢᠶ᠎ᠠ ᠪᠣᠯᠣᠨ ᠺᠢᠯᠢᠺᠢᠶ᠎ᠠ ᠶᠢᠨ ᠨᠤᠲᠤᠭ ᠤᠳ ᠢᠶᠠᠷ ᠶᠠᠪᠤᠪᠠ᠃ 22 ᠲᠡᠢᠮᠦ ᠡᠴᠡ ᠶᠦᠳᠠᠢ ᠳᠤ ᠪᠠᠢᠭ᠎ᠠ ᠾᠷᠢᠰᠲ᠋ᠣᠰ ᠤᠨ ᠴᠢᠭᠤᠯᠭᠠᠨ ᠤ ᠬᠢᠨ ᠨᠠᠳᠠ ᠲᠠᠢ ᠨᠢᠭᠤᠷ ᠵᠣᠯᠭᠠᠨ ᠲᠠᠨᠢᠯᠴᠠᠯ ᠦᠭᠡᠢ ᠪᠠᠷ 23 《ᠤᠷᠢᠳᠤ ᠨᠢ ᠪᠢᠳᠡᠨ ᠢ ᠬᠠᠪᠴᠢᠳᠠᠭ ᠪᠠᠢᠭᠰᠠᠨ ᠲᠡᠷᠡ ᠬᠥᠮᠦᠨ ᠤᠰᠠᠳᠬᠠᠬᠤ ᠭᠡᠵᠦ ᠪᠠᠢᠭᠰᠠᠨ ᠲᠡᠷᠡ ᠢᠲᠡᠭᠡᠯ ᠢᠶᠡᠨ ᠳᠡᠯᠭᠡᠷᠡᠭᠦᠯᠵᠦ ᠪᠠᠢᠭ᠎ᠠ》 ᠭᠡᠳᠡᠭ ᠢ ᠯᠠ ᠰᠣᠨᠣᠰᠣᠭᠠᠳ᠂ 24 ᠮᠢᠨᠦ ᠤᠴᠢᠷ ᠢᠶᠠᠷ ᠪᠤᠷᠬᠠᠨ ᠢ ᠠᠯᠳᠠᠷᠰᠢᠭᠤᠯᠵᠤ ᠪᠠᠢᠯ᠎ᠠ᠃