1 2 3 4 5 6


ᠭᠠᠯᠠᠲ᠋ᠢᠶ᠎ᠠ ᠲᠠᠪᠤ
 ᠾᠷᠢᠰᠲ᠋ᠣᠰᠲᠠᠨ ᠤ ᠡᠷᠬᠡ ᠴᠢᠯᠥᠭᠡ

1 ᠡᠷᠬᠡ ᠴᠢᠯᠥᠭᠡᠨ ᠦ ᠲᠥᠯᠥᠭᠡ ᠾᠷᠢᠰᠲ᠋ᠣᠰ ᠪᠢᠳᠡᠨ ᠢ ᠴᠢᠯᠥᠭᠡᠯᠡᠭᠰᠡᠨ᠃ ᠲᠠ ᠨᠠᠷ ᠪᠠᠲᠤ ᠵᠣᠭᠰᠣᠭᠲᠤᠨ᠂ ᠪᠣᠭᠣᠯ ᠤᠨ ᠪᠤᠭᠤᠯᠠᠭ᠎ᠠ ᠳᠤ ᠳᠠᠬᠢᠨ ᠤᠷᠤᠭᠤᠵᠠᠢ᠃

2 ᠠᠩ᠋ᠬᠠᠷᠤᠭᠲᠤᠨ᠂ ᠫᠠᠦ᠋ᠯ ᠪᠢ ᠲᠠ ᠨᠠᠷ ᠲᠤ ᠬᠡᠯᠡᠶ᠎ᠡ᠂ ᠬᠡᠷᠪᠡ ᠬᠥᠪᠴᠢᠷᠬᠡᠢ ᠪᠡᠨ ᠬᠥᠨᠳᠡᠭᠦᠯᠪᠡᠯ ᠾᠷᠢᠰᠲ᠋ᠣᠰ ᠲᠠ ᠨᠠᠷ ᠲᠤ ᠶᠠᠮᠠᠷ ᠴᠤ ᠲᠤᠰᠠ ᠦᠭᠡᠢ ᠪᠣᠯᠣᠨ᠎ᠠ᠃ 3 ᠬᠥᠪᠴᠢᠷᠬᠡᠢ ᠪᠡᠨ ᠬᠥᠨᠳᠡᠭᠦᠯᠬᠦ ᠬᠥᠮᠦᠨ ᠪᠦᠬᠦᠨ ᠳᠦ ᠳᠠᠬᠢᠨ ᠭᠡᠷᠡᠴᠢᠯᠡᠶ᠎ᠡ᠃ ᠲᠡᠢᠮᠦ ᠬᠥᠮᠦᠨ ᠪᠦᠲᠦᠨ ᠬᠠᠤᠯᠢ ᠶᠢ ᠭᠦᠢᠴᠡᠳᠬᠡᠬᠦ ᠡᠭᠦᠷᠭᠡ ᠲᠠᠢ᠃ 4 ᠬᠠᠤᠯᠢ ᠪᠠᠷ ᠵᠥᠪᠲᠥᠭᠡᠭᠳᠡᠬᠦ ᠭᠡᠵᠦ ᠣᠷᠣᠯᠳᠤᠳᠠᠭ ᠲᠠ ᠨᠠᠷ ᠾᠷᠢᠰᠲ᠋ᠣᠰ ᠠᠴᠠ ᠠᠩᠭᠢᠵᠢᠷᠠᠵᠤ᠂ ᠢᠪᠡᠭᠡᠯ ᠡᠴᠡ ᠤᠨᠠᠭᠰᠠᠨ᠃ 5 ᠬᠠᠷᠢᠨ ᠪᠢᠳᠡ ᠠᠷᠢᠭᠤᠨ ᠰᠦᠨᠡᠰᠦᠨ ᠦ ᠠᠴᠢ ᠪᠠᠷ᠂ ᠢᠲᠡᠭᠡᠯ ᠢᠶᠡᠷ ᠵᠥᠪᠲᠥᠭᠡᠭᠳᠡᠬᠦ ᠡᠷᠡᠮᠡᠯᠵᠡᠯ ᠢ ᠬᠦᠯᠢᠶᠡᠵᠦ ᠪᠠᠢᠨ᠎ᠠ᠃ 6 ᠤᠴᠢᠷ ᠨᠢ᠂ ᠬᠥᠪᠴᠢᠷᠬᠡᠢ ᠪᠡᠨ ᠬᠥᠨᠳᠡᠭᠦᠯᠬᠦ ᠨᠢ ᠴᠤ᠂ ᠦᠯᠦ ᠬᠥᠨᠳᠡᠭᠦᠯᠬᠦ ᠨᠢ ᠴᠤ ᠾᠷᠢᠰᠲ᠋ᠣᠰ ᠢᠰᠦ᠋ᠰ ᠤᠨ ᠳᠣᠲᠣᠷ᠎ᠠ ᠶᠠᠮᠠᠷ ᠴᠤ ᠴᠢᠬᠤᠯᠠ ᠦᠭᠡᠢ ᠶᠤᠮ᠂ ᠴᠢᠬᠤᠯᠠ ᠲᠠᠢ ᠨᠢ ᠬᠠᠢᠷ᠎ᠠ ᠪᠠᠷ ᠠᠵᠢᠯᠯᠠᠳᠠᠭ ᠢᠲᠡᠭᠡᠯ ᠮᠥᠨ᠃

7 ᠰᠠᠢᠨ ᠭᠦᠶᠦᠵᠦ ᠪᠠᠢᠭᠰᠠᠨ ᠲᠠ ᠨᠠᠷ ᠢ ᠬᠡᠨ ᠬᠠᠰᠢᠵᠤ᠂ ᠦᠨᠡᠨ ᠢ ᠳᠠᠭᠠᠬᠤ ᠶᠢ ᠴᠢᠨᠢ ᠪᠣᠯᠢᠭᠤᠯᠬᠤ ᠭᠡᠰᠡᠨ ᠶᠤᠮ ᠪᠤᠢ︖ 8 ᠡᠢᠮᠦᠷᠬᠦ ᠢᠳᠬᠠᠯ ᠨᠢ ᠲᠠ ᠨᠠᠷ ᠢ ᠳᠠᠭᠤᠳᠠᠭᠰᠠᠨ ᠨᠢᠭᠡᠨ ᠡᠴᠡ ᠭᠠᠷᠤᠭᠰᠠᠨ ᠪᠢᠰᠢ᠃ 9 ᠵᠢᠭᠠᠬᠠᠨ ᠢᠰᠭᠡᠭᠦᠷ ᠨᠢ ᠭᠤᠯᠢᠷ ᠢ ᠪᠦᠬᠦᠯᠢ ᠳᠦᠨᠢ ᠢᠰᠭᠡᠳᠡᠭ᠃ 10 ᠲᠠ ᠨᠠᠷ ᠣᠨᠳᠣᠣ ᠰᠠᠨᠠᠭ᠎ᠠ ᠶᠢ ᠠᠪᠳᠠᠭ ᠦᠭᠡᠢ ᠭᠡᠳᠡᠭ ᠢ ᠪᠢ ᠡᠵᠡᠨ ᠦ ᠳᠣᠲᠣᠷ᠎ᠠ ᠢᠲᠡᠭᠡᠵᠦ ᠪᠠᠢᠨ᠎ᠠ᠃ ᠬᠠᠷᠢᠨ ᠲᠠ ᠨᠠᠷ ᠢ ᠦᠢᠮᠡᠭᠦᠯᠦᠭᠴᠢ ᠨᠢ ᠬᠡᠨ ᠴᠤ ᠪᠠᠢ᠂ ᠰᠢᠳᠬᠡᠯ ᠬᠦᠯᠢᠶᠡᠬᠦ ᠪᠣᠯᠣᠨ᠎ᠠ᠃ 11 ᠠᠬ᠎ᠠ ᠳᠡᠭᠦᠦ ᠨᠠᠷ ᠡ︕ ᠬᠡᠷᠪᠡ ᠪᠢ ᠣᠳᠣ ᠪᠣᠯᠲᠠᠯ᠎ᠠ ᠬᠥᠪᠴᠢᠷᠬᠡᠢ ᠬᠥᠨᠳᠡᠯᠲᠡ ᠶᠢ ᠳᠡᠯᠭᠡᠷᠡᠭᠦᠯᠦᠭᠰᠡᠭᠡᠷ ᠪᠠᠢᠭᠰᠠᠨ ᠪᠣᠯ ᠶᠠᠭᠤᠨ ᠳᠤ ᠬᠠᠪᠴᠢᠭᠳᠠᠬᠤ ᠪᠢᠯᠡ︖ ᠲᠡᠭᠡᠪᠡᠯ ᠵᠠᠭᠠᠯᠮᠠᠢ ᠶᠢᠨ ᠪᠦᠳᠦᠷᠢᠯ ᠴᠤ ᠪᠠᠢᠬᠤ ᠦᠭᠡᠢ ᠪᠠᠢᠭᠰᠠᠨ᠃ 12 ᠲᠠ ᠨᠠᠷ ᠢ ᠦᠢᠮᠡᠭᠦᠯᠦᠭᠴᠢᠳ ᠨᠢ ᠪᠦᠷ ᠥᠪᠡᠷ ᠢ ᠪᠠᠨ ᠠᠭᠳᠠᠯᠠᠬᠤ ᠪᠣᠯᠲᠤᠭᠠᠢ᠃

13 ᠠᠬ᠎ᠠ ᠳᠡᠭᠦᠦ ᠨᠠᠷ ᠡ︕ ᠲᠠ ᠨᠠᠷ ᠡᠷᠬᠡ ᠴᠢᠯᠥᠭᠡ ᠤᠷᠤᠭᠤ ᠳᠠᠭᠤᠳᠠᠭᠳᠠᠭᠰᠠᠨ᠃ ᠭᠡᠬᠦ ᠳᠡᠭᠡᠨ ᠲᠡᠷᠡ ᠡᠷᠬᠡ ᠴᠢᠯᠥᠭᠡ ᠶᠢ ᠨᠢᠭᠦᠯᠲᠦ ᠤᠭ ᠴᠢᠨᠠᠷ 6  ᠤᠨ ᠢᠶᠠᠨ ᠲᠥᠯᠥᠭᠡ ᠪᠦᠦ ᠵᠠᠪᠰᠢ︕ ᠬᠠᠷᠢᠨ ᠨᠢᠭᠡ ᠨᠢᠭᠡᠨ ᠳᠡᠭᠡᠨ ᠬᠠᠢᠷ᠎ᠠ ᠪᠠᠷ ᠵᠠᠷᠤᠭᠳᠠᠵᠠᠭ᠎ᠠ︕ 14 ᠪᠦᠬᠦᠢᠯᠡ ᠬᠠᠤᠯᠢ ᠨᠢ 《ᠬᠥᠷᠰᠢ ᠪᠠᠨ ᠥᠪᠡᠷ ᠦᠨ ᠢᠶᠠᠨ ᠪᠡᠶ᠎ᠡ ᠮᠡᠲᠦ ᠬᠠᠢᠷᠠᠯᠠ》 ᠬᠡᠮᠡᠬᠦ ᠭᠠᠭᠴᠠ ᠦᠭᠡᠨ ᠳᠦ ᠪᠠᠭᠲᠠᠨ᠎ᠠ᠃ 15 ᠬᠡᠷᠪᠡ ᠲᠠ ᠨᠠᠷ ᠪᠡᠶ᠎ᠡ ᠪᠡᠶ᠎ᠡ ᠪᠡᠨ ᠬᠠᠵᠠᠵᠤ ᠬᠠᠳᠤᠷᠴᠤ ᠪᠠᠢᠪᠠᠯ ᠪᠡᠶ᠎ᠡ ᠪᠡᠶ᠎ᠡ ᠳᠡᠭᠡᠨ ᠤᠰᠠᠳᠬᠠᠭᠳᠠᠨ᠎ᠠ᠃ ᠲᠡᠭᠡᠬᠦ ᠡᠴᠡ ᠪᠣᠯᠭᠣᠮᠵᠢᠯᠠᠭᠲᠤᠨ᠃
 ᠠᠷᠢᠭᠤᠨ ᠰᠦᠨᠡᠰᠦ ᠪᠡᠷ ᠠᠮᠢᠳᠤᠷᠠ

16 ᠲᠠ ᠨᠠᠷ ᠲᠤ ᠬᠡᠯᠡᠶ᠎ᠡ᠃ ᠠᠷᠢᠭᠤᠨ ᠰᠦᠨᠡᠰᠦ ᠶᠢ ᠳᠠᠭᠠᠵᠤ ᠶᠠᠪᠤ᠂ ᠲᠡᠭᠡᠪᠡᠯ ᠯᠠᠪ ᠨᠢᠭᠦᠯᠲᠦ ᠤᠭ ᠴᠢᠨᠠᠷ ᠤᠨ ᠬᠦᠰᠡᠯ ᠢᠶᠡᠨ ᠬᠠᠩ᠋ᠭᠠᠬᠤ ᠭᠡᠬᠦ ᠦᠭᠡᠢ ᠪᠠᠢᠬᠤ ᠪᠣᠯᠣᠨ᠎ᠠ᠃ 17 ᠶᠠᠭᠠᠬᠢᠭᠠᠳ ᠭᠡᠪᠡᠯ᠂ ᠨᠢᠭᠦᠯᠲᠦ ᠤᠭ ᠴᠢᠨᠠᠷ ᠤᠨ ᠬᠦᠰᠡᠯ ᠠᠷᠢᠭᠤᠨ ᠰᠦᠨᠡᠰᠦ ᠶᠢ ᠡᠰᠡᠷᠭᠦᠴᠡᠳᠡᠭ ᠪᠥᠭᠡᠳ ᠠᠷᠢᠭᠤᠨ ᠰᠦᠨᠡᠰᠦᠨ ᠦ ᠬᠦᠰᠡᠯ ᠮᠢᠬᠠᠨ ᠪᠡᠶ᠎ᠡ ᠶᠢ ᠡᠰᠡᠷᠭᠦᠴᠡᠳᠡᠭ᠂ ᠲᠡᠷᠡ ᠬᠣᠶᠠᠷ ᠬᠠᠷᠢᠯᠴᠠᠨ ᠳᠠᠢᠰᠤᠩᠨᠠᠭᠠᠳ ᠲᠠ ᠨᠠᠷ ᠤᠨ ᠬᠢᠬᠦ ᠳᠤᠷᠠᠲᠠᠢ ᠶᠠᠭᠤᠮ᠎ᠠ ᠶᠢ ᠬᠢᠯᠭᠡᠳᠡᠭ ᠦᠭᠡᠢ ᠪᠢᠯᠡ᠃ 18 ᠭᠡᠪᠡᠴᠦ ᠲᠠ ᠨᠠᠷ ᠠᠷᠢᠭᠤᠨ ᠰᠦᠨᠡᠰᠦᠨ ᠳᠦ ᠬᠥᠲᠥᠯᠥᠭᠳᠡᠵᠦ ᠪᠠᠢᠪᠠᠯ ᠬᠠᠤᠯᠢ ᠶᠢᠨ ᠳᠣᠣᠷ᠎ᠠ ᠪᠠᠢᠭ᠎ᠠ ᠪᠤᠰᠤ ᠪᠣᠯᠣᠨ᠎ᠠ᠃ 19 ᠮᠢᠬᠠᠨ ᠪᠡᠶ᠎ᠡ ᠶᠢᠨ ᠦᠢᠯᠡ ᠶᠠᠪᠤᠳᠠᠯ ᠲᠣᠳᠣᠷᠬᠠᠢ ᠪᠠᠢᠳᠠᠭ᠃ ᠡᠳᠡᠭᠡᠷ ᠨᠢ ᠰᠠᠳᠤᠷ ᠰᠠᠮᠠᠭᠤᠨ᠂ ᠴᠡᠪᠡᠷ ᠪᠤᠰᠤ᠂ ᠲᠠᠴᠢᠶᠠᠩ᠋ᠭᠤᠢ ᠶᠠᠪᠤᠳᠠᠯ ᠤᠳ᠂ 20 ᠬᠥᠷᠥᠭ ᠰᠢᠲᠦᠭᠡᠨ ᠳᠦ ᠮᠥᠷᠭᠥᠬᠦ᠂ ᠶᠧᠯᠧᠢ ᠭᠠᠷᠭᠠᠬᠤ᠂ ᠬᠣᠷᠣᠰᠣᠯ᠂ ᠬᠡᠷᠡᠭᠦᠯ᠂ ᠠᠲᠠᠭᠠᠷᠬᠠᠯ᠂ ᠬᠢᠯᠢᠩᠨᠡᠯ᠂ ᠪᠦᠯᠦᠭᠯᠡᠯ᠂ ᠬᠠᠭᠠᠷᠠᠯ᠂ ᠲᠡᠷᠰ ᠦᠵᠡᠯ᠂ 21 ᠵᠢᠲᠥᠭᠡᠷᠬᠡᠯ᠂ ᠰᠣᠭᠲᠣᠭᠤᠷᠠᠯ᠂ ᠨᠠᠢᠷ ᠴᠡᠩᠭᠡᠯ ᠭᠡᠬᠦ ᠮᠡᠲᠦ ᠶᠤᠮ᠃ ᠤᠷᠢᠳᠤ ᠨᠢ ᠬᠡᠯᠡᠭᠰᠡᠨᠴᠢᠯᠡᠨ ᠣᠳᠣ ᠲᠠ ᠨᠠᠷ ᠲᠤ ᠬᠡᠯᠡᠶ᠎ᠡ᠂ ᠡᠳᠡᠭᠡᠷ ᠢ ᠦᠢᠯᠡᠳᠦᠭᠴᠢᠳ ᠨᠢ ᠪᠤᠷᠬᠠᠨ ᠤ ᠬᠠᠭᠠᠨᠴᠢᠯᠠᠯ ᠢ ᠥᠪᠯᠡᠬᠦ ᠪᠣᠯᠣᠮᠵᠢ ᠦᠭᠡᠢ᠃

22 ᠬᠠᠷᠢᠨ ᠠᠷᠢᠭᠤᠨ ᠰᠦᠨᠡᠰᠦᠨ ᠦ ᠦᠷ᠎ᠡ ᠵᠢᠮᠢᠰ ᠪᠣᠯ ᠬᠠᠢᠷ᠎ᠠ᠂ ᠪᠠᠶᠠᠰᠬᠤᠯᠠᠩ᠂ ᠠᠮᠤᠭᠤᠯᠠᠩ᠂ ᠲᠡᠪᠴᠢᠶᠡᠷᠢ᠂ ᠡᠶᠡᠯᠰᠡᠭ᠂ ᠨᠢᠩᠵᠢᠨ᠂ ᠢᠲᠡᠭᠡᠯ᠂ 23 ᠳᠥᠯᠭᠡᠨ᠂ ᠪᠡᠶ᠎ᠡ ᠪᠡᠨ ᠪᠠᠷᠢᠬᠤ ᠪᠢᠯᠡ᠃ ᠡᠳᠡᠭᠡᠷ ᠢ ᠬᠠᠮᠢᠶᠠᠷᠴᠤ ᠡᠷᠬᠡᠰᠢᠶᠡᠵᠦ ᠴᠢᠳᠠᠬᠤ ᠬᠠᠤᠯᠢ ᠪᠠᠢᠬᠤ ᠦᠭᠡᠢ᠃ 24 ᠾᠷᠢᠰᠲ᠋ᠣᠰ ᠢᠰᠦ᠋ᠰ ᠤᠨ ᠬᠢᠨ ᠨᠢᠭᠦᠯᠲᠦ ᠤᠭ ᠴᠢᠨᠠᠷ ᠢᠶᠠᠨ ᠰᠢᠨᠤᠯ ᠲᠠᠴᠢᠶᠠᠯ ᠲᠠᠢ ᠬᠠᠮᠲᠤ ᠵᠠᠭᠠᠯᠮᠠᠢ ᠳᠤ ᠴᠣᠪᠳᠣᠯᠠᠭᠤᠯᠤᠭᠰᠠᠨ ᠶᠤᠮ᠃ 25 ᠪᠢᠳᠡ ᠠᠷᠢᠭᠤᠨ ᠰᠦᠨᠡᠰᠦ ᠲᠠᠢ ᠬᠠᠮᠲᠤ ᠠᠮᠢᠳᠤᠷᠠᠬᠤ ᠳᠠᠭᠠᠨ ᠮᠥᠨ ᠠᠷᠢᠭᠤᠨ ᠰᠦᠨᠡᠰᠦ ᠲᠠᠢ ᠬᠠᠮᠲᠤ ᠶᠠᠪᠤᠵᠠᠭᠠᠶ᠎ᠠ᠃ 26 ᠪᠢᠲᠡᠭᠡᠢ ᠣᠩᠭᠢᠷᠠᠵᠤ ᠬᠣᠭᠣᠷᠣᠨᠳᠣ ᠪᠠᠨ ᠰᠥᠷᠭᠡᠦᠴᠡᠯᠳᠦᠨ ᠪᠡᠶ᠎ᠡ ᠪᠡᠶ᠎ᠡ ᠲᠠᠢ ᠪᠠᠨ ᠠᠲᠠᠭᠠᠷᠬᠠᠵᠠᠭ᠎ᠠ᠃