1 2 3 4 5 6


ᠭᠠᠯᠠᠲ᠋ᠢᠶ᠎ᠠ ᠬᠣᠶᠠᠷ
 ᠫᠠᠦ᠋ᠯ ᠤᠨ ᠡᠷᠬᠡ ᠶᠢᠨ ᠢᠷᠡᠯᠲᠡ

1 ᠠᠷᠪᠠᠨ ᠳᠥᠷᠪᠡᠨ ᠵᠢᠯ ᠤᠨ ᠳᠠᠷᠠᠭ᠎ᠠ ᠪᠢ ᠪᠠᠷᠨᠠᠪᠠ ᠲᠠᠢ ᠬᠠᠮᠲᠤ ᠲᠢᠲ ᠢ ᠳᠠᠭᠠᠭᠤᠯᠤᠨ ᠶᠧᠷᠦ᠋ᠰᠠᠯᠧᠮ ᠳᠤ ᠳᠠᠬᠢᠨ ᠬᠦᠷᠪᠡ᠃ 2 ᠲᠡᠷᠡ ᠶᠠᠪᠤᠳᠠᠯ ᠮᠢᠨᠢ ᠪᠤᠷᠬᠠᠨ ᠤ ᠢᠯᠡᠷᠬᠡᠶᠢᠯᠡᠭᠰᠡᠨ ᠶᠣᠰᠣᠭᠠᠷ ᠪᠣᠯᠣᠯ᠎ᠠ᠃ ᠲᠡᠮᠡᠴᠡᠵᠦ ᠪᠠᠢᠭ᠎ᠠ ᠪᠠᠨ ᠴᠤ᠂ ᠲᠡᠮᠡᠴᠡᠵᠦ ᠪᠠᠢᠭᠰᠠᠨ ᠢᠶᠠᠨ ᠴᠤ ᠲᠠᠯᠠᠭᠠᠷ ᠪᠣᠯᠭᠠᠬᠤ ᠦᠭᠡᠢ ᠶᠢᠨ ᠲᠤᠯᠠᠳᠠ᠂ ᠬᠠᠷᠢᠴᠤᠳ ᠲᠤ ᠥᠪᠡᠷ ᠢᠶᠡᠨ ᠲᠤᠩ᠋ᠬᠠᠭᠯᠠᠭᠰᠠᠨ ᠪᠠᠶᠠᠷ ᠤᠨ ᠮᠡᠳᠡᠭᠡ ᠪᠡᠨ ᠪᠢ ᠴᠢᠭᠤᠯᠭᠠᠨ ᠤ ᠨᠡᠷᠡᠲᠦ ᠤᠳᠤᠷᠢᠳᠤᠭᠴᠢᠳ ᠲᠠᠢ ᠲᠤᠰ ᠲᠠᠭᠠᠨ ᠠᠭᠤᠯᠵᠠᠬᠤ ᠳᠠᠭᠠᠨ ᠲᠠᠢᠯᠪᠤᠷᠢᠯᠠᠵᠤ ᠥᠭᠭᠥᠭᠰᠡᠨ ᠪᠥᠭᠡᠳ 3 ᠲᠡᠳᠡ ᠮᠢᠨᠦ ᠬᠠᠮᠲᠤ ᠠᠵᠢᠯᠲᠠᠨ ᠭᠷᠧᠭ ᠬᠥᠮᠦᠨ ᠲᠢᠲ ᠢ ᠬᠥᠪᠴᠢᠷᠬᠡᠢ ᠬᠥᠨᠳᠡᠭᠦᠯᠬᠦ ᠪᠡᠷ ᠠᠯᠪᠠᠳᠠᠭᠰᠠᠨ ᠦᠭᠡᠢ᠃ 4 ᠭᠡᠲᠡᠯ᠎ᠡ ᠵᠠᠷᠢᠮ ᠨᠢ ᠠᠯᠪᠠᠳᠠᠬᠤ ᠭᠡᠵᠦ ᠪᠠᠢᠯ᠎ᠠ᠃ ᠲᠡᠳᠡ ᠪᠣᠯ ᠮᠠᠨ ᠤ ᠬᠢᠨ ᠳᠤ ᠣᠷᠣᠵᠤ ᠢᠷᠡᠭᠰᠡᠨ ᠬᠠᠭᠤᠷᠮᠠᠭ ᠠᠬ᠎ᠠ ᠳᠡᠭᠦᠦ ᠨᠠᠷ ᠪᠢᠯᠡ᠃ ᠲᠡᠳᠡᠭᠡᠷ ᠰᠡᠮᠬᠡᠨ ᠣᠷᠣᠵᠤ ᠢᠷᠡᠭᠰᠡᠳ ᠾᠷᠢᠰᠲ᠋ᠣᠰ ᠢᠰᠦ᠋ᠰ ᠤᠨ ᠳᠣᠲᠣᠷᠠᠬᠢ ᠪᠢᠳᠡᠨ ᠦ ᠡᠷᠬᠡ ᠴᠢᠯᠥᠭᠡ ᠶᠢ ᠲᠠᠩᠨᠠᠵᠤ ᠪᠢᠳᠡᠨ ᠢ ᠪᠣᠭᠣᠯᠴᠢᠯᠠᠬᠤ ᠭᠡᠵᠦ ᠪᠠᠢᠪᠠ᠃ 5 ᠬᠠᠷᠢᠨ ᠲᠠ ᠨᠠᠷ ᠢ ᠪᠠᠶᠠᠷ ᠤᠨ ᠮᠡᠳᠡᠭᠡ ᠶᠢᠨ ᠦᠨᠡᠨ ᠳᠦ ᠦᠷᠭᠦᠯᠵᠢ ᠪᠠᠢᠯᠭᠠᠬᠤ ᠶᠢᠨ ᠲᠤᠯᠠᠳᠠ ᠪᠢᠳᠡ ᠲᠡᠳᠡᠭᠡᠷ ᠬᠥᠮᠦᠨ ᠳᠦ ᠬᠣᠷᠣᠮᠬᠠᠨ ᠵᠠᠭᠤᠷ᠎ᠠ ᠴᠤ ᠪᠠᠭᠤᠵᠤ ᠥᠭᠭᠥᠭᠰᠡᠨ ᠦᠭᠡᠢ᠃ 6 ᠨᠡᠷᠡᠲᠦ ᠤᠳᠤᠷᠢᠳᠤᠭᠴᠢ ᠬᠡᠮᠡᠭᠳᠡᠳᠡᠭ ᠬᠥᠮᠦᠰ ᠦᠨ ᠶᠠᠮᠠᠷ ᠬᠥᠮᠦᠰ ᠭᠡᠳᠡᠭ ᠨᠢ ᠨᠠᠳᠠ ᠳᠤ ᠬᠠᠮᠢᠶ᠎ᠠ ᠦᠭᠡᠢ᠃ ᠪᠤᠷᠬᠠᠨ ᠬᠥᠮᠦᠨ ᠦ ᠨᠢᠭᠤᠷ ᠲᠠᠯ᠎ᠠ ᠶᠢ ᠬᠠᠷᠠᠳᠠᠭ ᠦᠭᠡᠢ᠃ ᠲᠡᠳᠡᠭᠡᠷ ᠤᠳᠤᠷᠢᠳᠤᠭᠴᠢᠳ ᠨᠢ ᠨᠠᠳᠠ ᠳᠤ ᠶᠠᠭᠤ ᠴᠤ ᠨᠡᠮᠡᠷᠢᠯᠡᠭᠰᠡᠨ ᠦᠭᠡᠢ᠃ 7 ᠬᠠᠷᠢᠨ ᠡᠰᠡᠷᠭᠦ ᠪᠡᠷ᠂ ᠬᠥᠪᠴᠢᠷᠬᠡᠢ ᠬᠥᠨᠳᠡᠭᠦᠯᠦᠭᠴᠢᠳ ᠲᠤ ᠪᠠᠶᠠᠷ ᠤᠨ ᠮᠡᠳᠡᠭᠡ ᠤᠯᠠᠮᠵᠢᠯᠠᠬᠤ ᠶᠢ ᠪᠤᠷᠬᠠᠨ ᠫᠧᠲ᠋ᠧᠷ ᠲᠤ ᠳᠠᠭᠠᠭᠠᠯᠭᠠᠭᠰᠠᠨ᠂ ᠬᠥᠪᠴᠢᠷᠬᠡᠢ ᠦᠯᠦ ᠬᠥᠨᠳᠡᠭᠦᠯᠦᠭᠴᠢᠳ 2  ᠲᠤ ᠤᠯᠠᠮᠵᠢᠯᠠᠬᠤ ᠶᠢ ᠨᠠᠳᠠ ᠳᠤ ᠳᠠᠭᠠᠭᠠᠯᠭᠠᠭᠰᠠᠨ ᠢ ᠲᠡᠳᠡ ᠣᠢᠯᠠᠭᠠᠪᠠ᠃ 8 ᠫᠧᠲ᠋ᠧᠷ ᠤᠨ ᠳᠣᠲᠣᠷ᠎ᠠ ᠠᠵᠢᠯᠯᠠᠵᠤ ᠲᠡᠭᠦᠨ ᠢ ᠬᠥᠪᠴᠢᠷᠬᠡᠢ ᠬᠥᠨᠳᠡᠭᠦᠯᠦᠭᠴᠢᠳ ᠤᠨ ᠰᠢᠳᠠᠷ ᠱᠠᠪᠢ ᠪᠣᠯᠭᠠᠭᠴᠢ ᠨᠢ ᠮᠢᠨᠦ ᠳᠣᠲᠣᠷ᠎ᠠ ᠴᠤ ᠠᠵᠢᠯᠯᠠᠵᠤ ᠨᠠᠮᠠᠶᠢ ᠬᠠᠷᠢᠴᠤᠳ ᠤᠨ ᠰᠢᠳᠠᠷ ᠱᠠᠪᠢ ᠪᠣᠯᠭᠠᠭᠰᠠᠨ᠃ 9 ᠲᠤᠯᠭᠠᠭᠤᠷᠢ ᠭᠡᠵᠦ ᠦᠵᠡᠭᠳᠡᠳᠡᠭ ᠶᠠᠺᠣᠪ᠂ ᠺᠧᠹᠠ 3 ᠪᠠ ᠶᠣᠬᠠᠨ ᠨᠠᠷ ᠨᠠᠳᠠ ᠳᠤ ᠰᠣᠶᠣᠷᠬᠠᠭᠳᠠᠭᠰᠠᠨ ᠢᠪᠡᠭᠡᠯ ᠢ ᠮᠡᠳᠡᠭᠡᠳ ᠪᠠᠷᠨᠠᠪᠠ ᠪᠢᠳᠡ ᠬᠣᠶᠠᠷ ᠲᠤ ᠨᠥᠬᠥᠷᠯᠡᠯ ᠦᠨ ᠭᠠᠷ ᠢᠶᠠᠨ ᠰᠤᠩ᠋ᠭᠠᠪᠠ᠃ ᠡᠢᠨ ᠬᠦ ᠪᠢᠳᠡ ᠬᠠᠷᠢᠴᠤᠳ ᠤᠷᠤᠭᠤ᠂ ᠲᠡᠳᠡ ᠬᠥᠪᠴᠢᠷᠬᠡᠢ ᠬᠥᠨᠳᠡᠭᠦᠯᠦᠭᠴᠢᠳ ᠤᠷᠤᠭᠤ ᠶᠠᠪᠤᠬᠤ ᠪᠣᠯᠣᠯ᠎ᠠ᠃ 10 ᠲᠡᠳᠡ ᠪᠢᠳᠡᠨ ᠳᠦ ᠶᠠᠳᠠᠭᠤᠴᠤᠳ ᠢ ᠰᠠᠨᠠᠵᠤ ᠪᠠᠢᠭᠠᠷᠠᠢ ᠭᠡᠬᠦ ᠨᠢᠭᠡᠯᠡ ᠵᠦᠢᠯ ᠢ ᠵᠠᠬᠢᠭᠰᠠᠨ ᠪᠥᠭᠡᠳ ᠶᠠᠭ ᠲᠡᠷᠡ ᠵᠦᠢᠯ ᠢ ᠪᠢ ᠤᠤᠯ ᠠᠴᠠ ᠪᠠᠨ ᠬᠢᠴᠢᠶᠡᠩᠭᠦᠢᠯᠡᠨ ᠭᠦᠢᠴᠡᠳᠬᠡᠵᠦ ᠪᠠᠢᠭᠰᠠᠨ ᠶᠤᠮ᠃
 ᠫᠠᠦ᠋ᠯ ᠫᠧᠲ᠋ᠧᠷ ᠢ ᠵᠢᠮᠡᠯᠡᠭᠰᠡᠨ ᠨᠢ

11 ᠭᠡᠪᠡᠴᠦ ᠺᠧᠹᠠ ᠠᠨᠲ᠋ᠢᠶᠣᠬᠢᠶ᠎ᠠ ᠳᠤ ᠢᠷᠡᠬᠦ ᠳᠦ᠂ ᠲᠡᠭᠦᠨ ᠳᠦ ᠵᠢᠮᠡᠯᠡᠭᠳᠡᠬᠦ ᠵᠦᠢᠯ ᠪᠠᠢᠭᠰᠠᠨ ᠲᠤᠯᠠ ᠪᠢ ᠨᠢᠭᠤᠷ ᠳᠡᠭᠡᠷ᠎ᠡ ᠨᠢ ᠡᠰᠡᠷᠭᠦᠴᠡᠪᠡ᠃ 12 ᠶᠠᠭᠤ ᠭᠡᠪᠡᠯ᠂ ᠶᠠᠺᠣᠪ ᠤᠨ ᠶᠠᠪᠤᠭᠤᠯᠤᠭᠰᠠᠨ ᠬᠥᠮᠦᠰ ᠢᠷᠡᠬᠦ ᠡᠴᠡ ᠡᠮᠦᠨ᠎ᠡ ᠲᠡᠷᠡ ᠬᠠᠷᠢᠴᠤᠳ ᠲᠠᠢ ᠬᠠᠮᠲᠤ ᠬᠣᠭᠣᠯᠠᠯᠠᠵᠤ ᠪᠠᠢᠪᠠ᠃ ᠭᠡᠪᠡᠴᠦ ᠲᠡᠳᠡ ᠢᠷᠡᠬᠦ ᠳᠦ᠂ ᠲᠡᠷᠡ ᠬᠥᠪᠴᠢᠷᠬᠡᠢ ᠬᠥᠨᠳᠡᠭᠦᠯᠦᠭᠴᠢᠳ ᠡᠴᠡ ᠠᠶᠤᠵᠤ ᠲᠡᠨᠳᠡ ᠡᠴᠡ ᠪᠤᠯᠲᠠᠨ ᠵᠠᠢᠯᠠᠵᠤ ᠪᠠᠢᠯ᠎ᠠ᠃ 13 ᠪᠤᠰᠤᠳ ᠶᠦᠳᠠᠢᠴᠤᠳ ᠴᠤ ᠲᠡᠭᠦᠨ ᠰᠢᠭ ᠢᠶᠠᠷ ᠬᠣᠶᠠᠷ ᠨᠢᠭᠤᠷ ᠭᠠᠷᠭᠠᠭᠰᠠᠨ ᠪᠥᠭᠡᠳ ᠪᠠᠷᠨᠠᠪᠠ ᠬᠦᠷᠲᠡᠯ᠎ᠡ ᠬᠣᠶᠠᠷ ᠨᠢᠭᠤᠷᠲᠤ ᠶᠠᠪᠤᠳᠠᠯ ᠳᠤ ᠨᠥᠯᠥᠭᠡᠯᠡᠭᠳᠡᠪᠡ᠃ 14 ᠪᠠᠶᠠᠷ ᠤᠨ ᠮᠡᠳᠡᠭᠡ ᠶᠢᠨ ᠦᠨᠡᠨ ᠢ ᠳᠠᠭᠠᠬᠤ ᠦᠭᠡᠢ ᠶᠢ ᠨᠢ ᠪᠢ ᠦᠵᠡᠭᠡᠳ ᠪᠦᠬᠦ ᠬᠥᠮᠦᠨ ᠦ ᠡᠮᠦᠨ᠎ᠡ ᠺᠧᠹᠠ ᠳᠤ᠄ 《ᠲᠠ ᠶᠦᠳᠠᠢ ᠬᠥᠮᠦᠨ ᠪᠣᠯᠪᠠᠴᠤ ᠶᠦᠳᠠᠢᠴᠤᠳ ᠤᠨ ᠶᠣᠰᠣᠭᠠᠷ ᠪᠤᠰᠤ᠂ ᠬᠠᠷᠢᠨ ᠬᠠᠷᠢᠴᠤᠳ ᠤᠨ ᠶᠣᠰᠣᠭᠠᠷ ᠠᠮᠢᠳᠤᠷᠠᠵᠤ ᠪᠠᠢᠲᠠᠯ᠎ᠠ ᠪᠠᠨ ᠬᠠᠷᠢᠴᠤᠳ ᠢ ᠶᠠᠭᠤᠨ ᠳᠤ ᠶᠦᠳᠠᠢᠴᠢᠯᠠᠨ᠎ᠠ ᠭᠡᠬᠦ ᠪᠤᠢ︖》 ᠭᠡᠰᠡᠨ ᠶᠤᠮ᠃
 ᠢᠲᠡᠭᠡᠳᠡᠭ ᠢᠶᠡᠷ ᠢᠶᠠᠨ ᠵᠥᠪᠲᠥᠭᠡᠭᠳᠡᠨ᠎ᠡ

15 ᠬᠠᠷᠢᠨ ᠪᠢᠳᠡ ᠤᠤᠭᠠᠯ ᠶᠦᠳᠠᠢ ᠬᠥᠮᠦᠨ ᠪᠠᠢᠵᠤ᠂ 《ᠨᠢᠭᠦᠯᠲᠦ ᠬᠠᠷᠢᠴᠤᠳ》 ᠪᠢᠰᠢ ᠪᠣᠯᠪᠠᠴᠤ 16 ᠬᠥᠮᠦᠨ ᠬᠠᠤᠯᠢ ᠶᠢ ᠳᠠᠭᠠᠳᠠᠭ ᠢᠶᠠᠷ ᠢᠶᠠᠨ ᠪᠤᠰᠤ᠂ ᠬᠠᠷᠢᠨ ᠢᠰᠦ᠋ᠰ ᠾᠷᠢᠰᠲ᠋ᠣᠰ ᠲᠤ ᠢᠲᠡᠭᠡᠳᠡᠭ ᠢᠶᠡᠷ ᠢᠶᠠᠨ ᠵᠥᠪᠲᠥᠭᠡᠭᠳᠡᠳᠡᠭ᠌ ᠢ ᠮᠡᠳᠡᠭᠡᠳ ᠪᠢᠳᠡ ᠴᠤ ᠾᠷᠢᠰᠲ᠋ᠣᠰ ᠢᠰᠦ᠋ᠰ ᠲᠤ ᠢᠲᠡᠭᠡᠭᠰᠡᠨ ᠶᠤᠮ᠃ ᠲᠡᠢᠨ ᠬᠦ ᠪᠢᠳᠡ ᠬᠠᠤᠯᠢ ᠶᠢ ᠳᠠᠭᠠᠳᠠᠭ ᠢᠶᠠᠷ ᠢᠶᠠᠨ ᠪᠤᠰᠤ᠂ ᠬᠠᠷᠢᠨ ᠾᠷᠢᠰᠲ᠋ᠣᠰ ᠢᠰᠦ᠋ᠰ ᠲᠤ ᠢᠲᠡᠭᠡᠳᠡᠭ ᠢᠶᠡᠷ ᠢᠶᠠᠨ ᠵᠥᠪᠲᠥᠭᠡᠭᠳᠡᠬᠦ ᠭᠡᠰᠡᠨ ᠶᠤᠮ᠃ ᠦᠨᠡᠨ ᠳᠡᠭᠡᠨ ᠬᠠᠤᠯᠢ ᠶᠢ ᠳᠠᠭᠠᠳᠠᠭ ᠢᠶᠠᠷ ᠢᠶᠠᠨ ᠵᠥᠪᠲᠥᠭᠡᠭᠳᠡᠬᠦ ᠮᠢᠬᠠᠨ ᠪᠡᠶᠡᠲᠡᠨ ᠭᠡᠵᠦ ᠪᠠᠢᠳᠠᠭ ᠦᠭᠡᠢ᠃ 17 ᠬᠠᠷᠢᠨ ᠪᠢᠳᠡ ᠾᠷᠢᠰᠲ᠋ᠣᠰ ᠤᠨ ᠳᠣᠲᠣᠷ᠎ᠠ ᠵᠥᠪ ᠪᠣᠯᠬᠤ ᠭᠡᠵᠦ ᠴᠢᠷᠮᠠᠢᠵᠤ ᠪᠠᠢᠬᠤ ᠳᠠᠭᠠᠨ ᠥᠪᠡᠷᠰᠡᠳ ᠢ ᠪᠠᠨ ᠴᠤ ᠨᠢᠭᠦᠯᠲᠡᠨ ᠭᠡᠳᠡᠭ ᠢᠶᠡᠨ ᠮᠡᠳᠡᠪᠡᠯ᠂ ᠾᠷᠢᠰᠲ᠋ᠣᠰ ᠨᠢ ᠨᠢᠭᠦᠯ ᠦᠢᠯᠡᠳᠦᠭᠦᠯᠦᠭᠴᠢ ᠪᠣᠯᠬᠤ ᠨᠢ ᠤᠤ︖ ᠣᠭᠲᠣ ᠲᠡᠢᠮᠦ ᠪᠢᠰᠢ︕ 18 ᠬᠡᠷᠪᠡ ᠪᠢ ᠨᠤᠷᠠᠭᠠᠭᠰᠠᠨ ᠢᠶᠠᠨ ᠳᠠᠬᠢᠨ ᠪᠠᠢᠭᠤᠯᠬᠤ ᠶᠤᠮ ᠪᠣᠯ ᠬᠠᠤᠯᠢ ᠵᠥᠷᠢᠴᠡᠭᠴᠢ ᠪᠣᠯᠬᠤ ᠪᠣᠯᠣᠨ᠎ᠠ᠃ 19 ᠪᠢ ᠪᠤᠷᠬᠠᠨ ᠤ ᠬᠠᠷᠢᠶᠠᠨ ᠳᠤ ᠠᠮᠢᠳᠤᠷᠠᠬᠤ ᠭᠡᠵᠦ ᠬᠠᠤᠯᠢ ᠪᠠᠷ ᠬᠠᠤᠯᠢ ᠳᠤ ᠦᠬᠦᠪᠡ᠃ 20 ᠪᠢ ᠾᠷᠢᠰᠲ᠋ᠣᠰ ᠲᠠᠢ ᠬᠠᠮᠲᠤ ᠵᠠᠭᠠᠯᠮᠠᠢ ᠳᠤ ᠦᠬᠦᠭᠰᠡᠨ᠃ ᠣᠳᠣ ᠠᠮᠢᠳᠤᠷᠠᠵᠤ ᠪᠠᠢᠭ᠎ᠠ ᠨᠢ ᠪᠢ ᠪᠢᠰᠢ᠂ ᠬᠠᠷᠢᠨ ᠾᠷᠢᠰᠲ᠋ᠣᠰ ᠮᠢᠨᠦ ᠳᠣᠲᠣᠷ᠎ᠠ ᠠᠮᠢᠳᠤᠷᠠᠵᠤ ᠪᠠᠢᠳᠠᠭ᠃ ᠣᠳᠣ ᠮᠢᠬᠠᠨ ᠪᠡᠶ᠎ᠡ ᠶᠢᠨ ᠳᠣᠲᠣᠷ᠎ᠠ ᠠᠮᠢᠳᠤ ᠪᠠᠢᠭ᠎ᠠ ᠪᠢ ᠨᠠᠮᠠᠶᠢ ᠬᠠᠢᠷᠠᠯᠠᠵᠤ᠂ ᠮᠢᠨᠦ ᠲᠥᠯᠥᠭᠡ ᠥᠪᠡᠷ ᠢ ᠪᠠᠨ ᠡᠷᠭᠦᠭᠰᠡᠨ ᠪᠤᠷᠬᠠᠨ ᠤ ᠬᠦᠦ ᠶᠢ ᠢᠲᠡᠭᠡᠳᠡᠭ ᠢᠶᠡᠷ ᠢᠶᠠᠨ ᠠᠮᠢᠳᠤᠷᠠᠳᠠᠭ᠃ 21 ᠪᠢ ᠪᠤᠷᠬᠠᠨ ᠤ ᠢᠪᠡᠭᠡᠯ ᠢ ᠣᠷᠬᠢᠳᠠᠭ ᠦᠭᠡᠢ᠂ ᠬᠥᠮᠦᠨ ᠬᠡᠷᠪᠡ ᠬᠠᠤᠯᠢ ᠪᠠᠷ ᠵᠥᠪᠲᠥᠭᠡᠭᠳᠡᠳᠡᠭ᠌ ᠪᠣᠯ᠂ ᠾᠷᠢᠰᠲ᠋ᠣᠰ ᠤᠨ ᠨᠠᠰᠤ ᠪᠠᠷᠠᠭᠰᠠᠨ ᠨᠢ ᠳᠡᠮᠡᠢ ᠶᠤᠮ᠃