1 2 3 4 5 6


ᠭᠠᠯᠠᠲ᠋ᠢᠶ᠎ᠠ ᠭᠤᠷᠪᠠ
 ᠬᠠᠤᠯᠢ ᠪᠠᠷ ᠪᠤᠶᠤ ᠢᠲᠡᠭᠡᠯ ᠢᠶᠡᠷ

1 ᠥ᠂ ᠤᠬᠠᠭᠠᠨ ᠦᠭᠡᠢ ᠭᠠᠯᠠᠲ᠋ᠢᠴᠤᠳ ᠡ᠂ ᠵᠠᠭᠠᠯᠮᠠᠢ ᠳᠤ ᠴᠣᠪᠳᠣᠯᠠᠭᠳᠠᠭᠰᠠᠨ ᠢᠰᠦ᠋ᠰ ᠾᠷᠢᠰᠲ᠋ᠣᠰ ᠢ ᠲᠠ ᠨᠠᠷ ᠤᠨ ᠨᠢᠳᠦᠨ ᠦ ᠡᠮᠦᠨ᠎ᠡ ᠲᠣᠳᠣᠷᠬᠠᠢ ᠦᠵᠡᠭᠦᠯᠦᠭᠰᠡᠨ ᠪᠠᠢᠲᠠᠯ᠎ᠠ᠂ ᠲᠠ ᠨᠠᠷ ᠬᠡᠨ ᠳᠦ ᠬᠠᠭᠤᠷᠲᠠᠭᠳᠠᠭᠰᠠᠨ ᠪᠤᠢ︖ 2 ᠪᠢ ᠲᠠ ᠨᠠᠷ ᠠᠴᠠ ᠵᠥᠪᠬᠡᠨ ᠡᠭᠦᠨ ᠢ ᠯᠠ ᠯᠠᠪᠯᠠᠶ᠎ᠠ᠄ ᠲᠠ ᠨᠠᠷ ᠠᠷᠢᠭᠤᠨ ᠰᠦᠨᠡᠰᠦ ᠶᠢ ᠬᠦᠷᠲᠡᠭᠰᠡᠨ ᠨᠢ ᠬᠠᠤᠯᠢ ᠶᠢ ᠳᠠᠭᠠᠳᠠᠭ ᠠᠴᠠ ᠪᠣᠯᠣᠭᠰᠠᠨ ᠤᠤ︖ ᠡᠰᠡᠪᠡᠯ ᠰᠣᠨᠣᠰᠣᠭᠰᠠᠨ ᠢᠶᠠᠨ ᠢᠲᠡᠭᠡᠳᠡᠭ ᠡᠴᠡ ᠪᠣᠯᠣᠭᠰᠠᠨ ᠤᠤ︖ 3 ᠲᠠ ᠨᠠᠷ ᠡᠢᠮᠦ ᠤᠬᠠᠭᠠᠨ ᠦᠭᠡᠢ ᠭᠡᠵᠢ ᠤᠤ︖ ᠠᠷᠢᠭᠤᠨ ᠰᠦᠨᠡᠰᠦ ᠪᠡᠷ ᠡᠬᠢᠯᠡᠭᠰᠡᠨ ᠪᠠᠢᠲᠠᠯ᠎ᠠ ᠪᠠᠨ ᠣᠳᠣ ᠮᠢᠬᠠᠨ ᠪᠡᠶ᠎ᠡ ᠪᠡᠷ ᠲᠡᠭᠦᠰᠬᠡᠬᠦ ᠭᠡᠵᠦ ᠪᠠᠢᠨ᠎ᠠ ᠤᠤ︖ 4 ᠲᠠ ᠨᠠᠷ ᠤᠨ ᠥᠩᠭᠡᠷᠡᠭᠡᠭᠰᠡᠨ ᠲᠡᠢᠮᠦ ᠣᠯᠠᠨ ᠦᠢᠯᠡ ᠶᠠᠪᠤᠳᠠᠯ ᠲᠠᠯᠠᠭᠠᠷ ᠪᠣᠯᠪᠠ ᠤᠤ︖ 5 ᠪᠤᠷᠬᠠᠨ ᠲᠠ ᠨᠠᠷ ᠲᠤ ᠠᠷᠢᠭᠤᠨ ᠰᠦᠨᠡᠰᠦ ᠶᠢ ᠰᠣᠶᠣᠷᠬᠠᠵᠤ᠂ ᠲᠠ ᠨᠠᠷ ᠤᠨ ᠳᠤᠮᠳᠠ ᠬᠦᠴᠦᠲᠦ ᠦᠢᠯᠡᠰ ᠢ ᠦᠢᠯᠡᠳᠴᠦ ᠪᠠᠢᠬᠤ ᠨᠢ ᠬᠠᠤᠯᠢ ᠶᠢ ᠳᠠᠭᠠᠳᠠᠭ ᠠᠴᠠ ᠴᠢᠨᠢ ᠪᠣᠯᠣᠭᠰᠠᠨ ᠤᠤ︖ ᠡᠰᠡᠪᠡᠯ ᠰᠣᠨᠣᠰᠣᠭᠰᠠᠨ ᠢᠶᠠᠨ ᠢᠲᠡᠭᠡᠳᠡᠭ ᠡᠴᠡ ᠴᠢᠨᠢ ᠪᠣᠯᠣᠭᠰᠠᠨ ᠤᠤ︖

6 ᠠᠪᠷᠠᠬᠠᠮ ᠴᠤ 《ᠪᠤᠷᠬᠠᠨ ᠳᠤ ᠢᠲᠡᠭᠡᠭᠰᠡᠨ ᠲᠤᠯᠠ ᠵᠥᠪ ᠲᠤ ᠲᠣᠭᠠᠴᠠᠭᠳᠠᠪᠠ᠃》 7 ᠡᠭᠦᠨ ᠲᠡᠢ ᠠᠳᠠᠯᠢ ᠪᠠᠷ᠂ ᠢᠲᠡᠭᠡᠯ ᠲᠡᠢ ᠨᠢ ᠠᠪᠷᠠᠬᠠᠮ ᠤᠨ ᠦᠷ᠎ᠡ ᠤᠳᠤᠮ ᠭᠡᠳᠡᠭ ᠢ ᠲᠠ ᠨᠠᠷ ᠮᠡᠳᠡᠭᠲᠦᠨ᠃ 8 ᠪᠤᠷᠬᠠᠨ ᠬᠠᠷᠢᠴᠤᠳ ᠢ ᠢᠲᠡᠭᠡᠯ ᠢᠶᠡᠷ ᠨᠢ ᠵᠥᠪᠲᠥᠭᠡᠬᠦ ᠶᠢ ᠠᠷᠢᠭᠤᠨ ᠨᠣᠮ ᠤᠷᠢᠳᠴᠢᠯᠠᠨ ᠮᠡᠳᠡᠵᠦ᠂ ᠠᠪᠷᠠᠬᠠᠮ ᠳᠤ᠄ 《ᠪᠦᠬᠦ ᠦᠨᠳᠦᠰᠦᠲᠡᠨ ᠴᠢᠮ᠎ᠠ ᠪᠠᠷ ᠳᠠᠮᠵᠢᠨ ᠢᠷᠥᠭᠡᠭᠳᠡᠨ᠎ᠡ》 ᠬᠡᠮᠡᠬᠦ ᠪᠠᠶᠠᠷ ᠤᠨ ᠮᠡᠳᠡᠭᠡ ᠶᠢ ᠤᠷᠢᠳᠴᠢᠯᠠᠨ ᠲᠤᠩ᠋ᠬᠠᠭᠯᠠᠪᠠ᠃ 9 ᠲᠡᠢᠮᠦ ᠡᠴᠡ ᠢᠲᠡᠭᠡᠯ ᠲᠡᠢ ᠨᠢ ᠢᠲᠡᠭᠡᠯᠲᠦ ᠠᠪᠷᠠᠬᠠᠮ ᠲᠠᠢ ᠬᠠᠮᠲᠤ ᠢᠷᠥᠭᠡᠭᠳᠡᠵᠦ ᠪᠠᠢᠳᠠᠭ᠃

10 ᠬᠠᠷᠢᠨ ᠬᠠᠤᠯᠢ ᠶᠢ ᠪᠠᠷᠢᠮᠲᠠᠯᠠᠭᠴᠢ ᠪᠦᠬᠦᠨ ᠬᠠᠷᠢᠶᠠᠯ ᠤᠨ ᠳᠣᠣᠷ᠎ᠠ ᠪᠠᠢᠳᠠᠭ᠃ ᠤᠴᠢᠷ ᠨᠢ᠂ 《ᠬᠠᠤᠯᠢ ᠶᠢᠨ ᠨᠣᠮ ᠳᠤ ᠪᠢᠴᠢᠭᠳᠡᠭᠰᠡᠨ ᠪᠦᠬᠦᠨ ᠢ ᠪᠠᠢᠩ᠋ᠭᠤ ᠪᠡᠶᠡᠯᠡᠭᠦᠯᠳᠡᠭ ᠦᠭᠡᠢ ᠬᠥᠮᠦᠨ ᠪᠦᠬᠦᠨ ᠬᠠᠷᠢᠶᠠᠭᠳᠠᠨ᠎ᠠ》 ᠭᠡᠵᠦ ᠪᠢᠴᠢᠭᠳᠡᠭᠰᠡᠨ ᠶᠤᠮ᠃ 11 ᠪᠤᠷᠬᠠᠨ ᠤ ᠡᠮᠦᠨ᠎ᠡ ᠬᠡᠨ ᠴᠤ ᠬᠠᠤᠯᠢ ᠪᠠᠷ ᠵᠥᠪᠲᠥᠭᠡᠭᠳᠡᠳᠡᠭ᠌ ᠦᠭᠡᠢ ᠨᠢ ᠲᠣᠳᠣᠷᠬᠠᠢ᠃ ᠤᠴᠢᠷ ᠨᠢ᠂ 《ᠵᠥᠪᠲᠦ ᠬᠥᠮᠦᠨ ᠢᠲᠡᠭᠡᠯ ᠢᠶᠡᠷ ᠠᠮᠢᠳᠤᠷᠠᠨ᠎ᠠ》 ᠭᠡᠰᠡᠨ᠃ 12 ᠬᠠᠷᠢᠨ ᠬᠠᠤᠯᠢ ᠪᠣᠯ ᠢᠲᠡᠭᠡᠯ ᠡᠴᠡ ᠰᠠᠯᠤᠩᠭᠢᠳᠠ ᠪᠠᠢᠳᠠᠭ᠂ ᠤᠴᠢᠷ ᠨᠢ 《ᠡᠳᠡᠭᠡᠷ ᠢ ᠦᠢᠯᠡᠳᠦᠭᠴᠢ ᠨᠢ ᠡᠳᠡᠭᠡᠷ ᠢᠶᠡᠷ ᠠᠮᠢᠳᠤᠷᠠᠨ᠎ᠠ》 ᠭᠡᠰᠡᠨ ᠶᠤᠮ᠃ 13 《ᠮᠣᠳᠣᠨ ᠳᠤ ᠡᠯᠭᠦᠭᠳᠡᠭᠰᠡᠨ ᠪᠣᠯᠭᠠᠨ ᠬᠠᠷᠢᠶᠠᠯ ᠲᠠᠢ》 ᠭᠡᠵᠦ ᠪᠢᠴᠢᠭᠳᠡᠭᠰᠡᠨ ᠲᠡᠢ ᠠᠳᠠᠯᠢ᠂ ᠾᠷᠢᠰᠲ᠋ᠣᠰ ᠪᠢᠳᠡᠨ ᠦ ᠣᠷᠣᠨ ᠳᠤ ᠬᠠᠷᠢᠶᠠᠯ ᠠᠮᠰᠠᠵᠤ ᠬᠠᠤᠯᠢ ᠶᠢᠨ ᠲᠡᠷᠡ ᠬᠠᠷᠢᠶᠠᠯ ᠠᠴᠠ ᠪᠢᠳᠡᠨ ᠢ ᠵᠣᠯᠢᠶᠠᠰᠤᠯᠠᠨ ᠠᠪᠤᠭᠰᠠᠨ ᠶᠤᠮ᠃ 14 ᠡᠢᠨ ᠬᠦ ᠠᠪᠷᠠᠬᠠᠮ ᠳᠤ ᠬᠦᠷᠲᠡᠭᠡᠭᠰᠡᠨ ᠢᠷᠥᠭᠡᠯ ᠾᠷᠢᠰᠲ᠋ᠣᠰ ᠢᠰᠦ᠋ᠰ ᠢᠶᠠᠷ ᠳᠠᠮᠵᠢᠨ ᠬᠠᠷᠢᠴᠤᠳ ᠲᠤ ᠬᠦᠷᠴᠦ᠂ ᠪᠢᠳᠡ ᠠᠮᠠᠯᠠᠭᠳᠠᠭᠰᠠᠨ ᠠᠷᠢᠭᠤᠨ ᠰᠦᠨᠡᠰᠦ ᠶᠢ ᠢᠲᠡᠭᠡᠯ ᠢᠶᠡᠷ ᠬᠦᠷᠲᠡᠬᠦ ᠪᠣᠯᠣᠯ᠎ᠠ᠃
 ᠬᠠᠤᠯᠢ ᠪᠠ ᠠᠮᠠᠯᠠᠯᠲᠠ

15 ᠠᠬ᠎ᠠ ᠳᠡᠭᠦᠦ ᠨᠠᠷ ᠡ᠂ ᠪᠢ ᠡᠭᠡᠯ ᠬᠥᠮᠦᠨ ᠦ ᠶᠣᠰᠣ ᠪᠠᠷ ᠬᠡᠯᠡᠶ᠎ᠡ᠃ ᠬᠥᠮᠦᠨ ᠦ ᠭᠡᠷ᠎ᠡ ᠴᠤ ᠭᠡᠰᠡᠨ ᠲᠣᠭᠲᠠᠴᠢᠬᠠᠭᠰᠠᠨ ᠶᠤᠮ ᠪᠣᠯ ᠬᠡᠨ ᠴᠤ ᠡᠭᠦᠨ ᠢ ᠬᠦᠴᠦᠨ ᠦᠭᠡᠢ ᠪᠣᠯᠭᠠᠳᠠᠭ ᠦᠭᠡᠢ᠂ ᠶᠠᠭᠤᠮ᠎ᠠ ᠨᠡᠮᠡᠳᠡᠭ ᠴᠤ ᠦᠭᠡᠢ᠃ 16 ᠲᠡᠷᠡ ᠬᠦ ᠠᠮᠠᠯᠠᠯᠲᠠ ᠶᠢ ᠠᠪᠷᠠᠬᠠᠮ ᠪᠠ ᠲᠡᠭᠦᠨ ᠦ ᠦᠷ᠎ᠡ ᠳᠦ ᠠᠢᠯᠠᠳᠤᠭᠰᠠᠨ᠃ ᠡᠭᠦᠨ ᠦ ᠲᠤᠬᠠᠢ ᠠᠷᠢᠭᠤᠨ ᠨᠣᠮ ᠣᠯᠠᠨ ᠢ ᠵᠢᠭᠠᠨ 《ᠦᠷᠡᠰ》 ᠭᠡᠰᠡᠨ ᠦᠭᠡᠢ᠂ ᠬᠠᠷᠢᠨ ᠨᠢᠭᠡ ᠶᠢ ᠯᠠ ᠵᠢᠭᠠᠨ 《ᠦᠷ᠎ᠡ》 ᠭᠡᠰᠡᠨ᠃ ᠲᠡᠷᠡ ᠪᠣᠯ ᠾᠷᠢᠰᠲ᠋ᠣᠰ ᠮᠥᠨ᠃ 17 ᠪᠢ ᠡᠭᠦᠨ ᠢ ᠲᠣᠳᠣᠷᠬᠠᠢᠯᠠᠶ᠎ᠠ᠄ ᠪᠤᠷᠬᠠᠨ ᠤ ᠤᠷᠢᠳᠴᠢᠯᠠᠨ ᠲᠣᠭᠲᠠᠭᠠᠭᠰᠠᠨ ᠭᠡᠷ᠎ᠡ ᠶᠢ ᠲᠡᠭᠦᠨ ᠡᠴᠡ ᠳᠥᠷᠪᠡᠨ ᠵᠠᠭᠤ ᠭᠤᠴᠢᠨ ᠵᠢᠯ ᠤᠨ ᠬᠣᠢᠨ᠎ᠠ ᠡᠭᠦᠰᠦᠭᠰᠡᠨ ᠬᠠᠤᠯᠢ ᠬᠦᠴᠦᠨ ᠦᠭᠡᠢ ᠪᠣᠯᠭᠠᠵᠤ ᠴᠢᠳᠠᠳᠠᠭ ᠦᠭᠡᠢ᠂ ᠮᠥᠨ ᠲᠡᠷᠡ ᠬᠦ ᠠᠮᠠᠯᠠᠯᠲᠠ ᠶᠢ ᠬᠦᠴᠦᠨ ᠦᠭᠡᠢ ᠪᠣᠯᠭᠠᠵᠤ ᠴᠢᠳᠠᠳᠠᠭ ᠦᠭᠡᠢ᠃ 18 ᠥᠪ ᠨᠢ ᠬᠠᠤᠯᠢ ᠶᠢ ᠳᠠᠭᠠᠬᠤ ᠲᠠᠢ ᠬᠣᠯᠪᠣᠭ᠎ᠠ ᠲᠠᠢ ᠶᠤᠮ ᠪᠣᠯ ᠠᠮᠠᠯᠠᠯᠲᠠ ᠲᠠᠢ ᠬᠣᠯᠪᠣᠭ᠎ᠠ ᠦᠭᠡᠢ ᠪᠠᠢᠭᠰᠠᠨ᠃ ᠬᠠᠷᠢᠨ ᠪᠤᠷᠬᠠᠨ ᠠᠪᠷᠠᠬᠠᠮ ᠳᠤ ᠠᠮᠠᠯᠠᠯᠲᠠ ᠪᠠᠷ ᠥᠪ ᠢᠶᠡᠨ ᠰᠣᠶᠣᠷᠬᠠᠵᠠᠢ᠃

19 ᠲᠡᠭᠡᠪᠡᠯ ᠬᠠᠤᠯᠢ ᠭᠡᠵᠦ ᠶᠠᠭᠤ ᠶᠤᠮ ᠪᠤᠢ︖ ᠠᠮᠠᠯᠠᠭᠰᠠᠨ ᠨᠥᠭᠥᠭᠡ ᠦᠷ᠎ᠡ ᠢᠷᠡᠲᠡᠯ᠎ᠡ ᠭᠡᠮ ᠪᠤᠷᠤᠭᠤ ᠶᠢ ᠣᠢᠯᠠᠭᠠᠭᠤᠯᠬᠤ ᠶᠢᠨ ᠲᠤᠯᠠᠳᠠ ᠨᠡᠮᠡᠭᠳᠡᠭᠰᠡᠨ ᠵᠦᠢᠯ ᠶᠤᠮ᠃ ᠲᠡᠷᠡ ᠬᠠᠤᠯᠢ ᠲᠩᠷᠢ ᠡᠯᠴᠢᠳ ᠢᠶᠠᠷ ᠳᠠᠮᠵᠢᠨ ᠢᠷᠡᠭᠰᠡᠨ ᠪᠥᠭᠡᠳ ᠵᠠᠭᠤᠴᠢ ᠶᠢᠨ ᠭᠠᠷ ᠲᠤ ᠲᠣᠭᠲᠠᠭᠰᠠᠨ ᠪᠢᠯᠡ᠃ 20 ᠵᠠᠭᠤᠴᠢ ᠨᠢ ᠭᠠᠭᠴᠠ ᠲᠠᠯ᠎ᠠ ᠶᠢᠨ ᠬᠢ ᠪᠢᠰᠢ᠂ ᠬᠠᠷᠢᠨ ᠪᠤᠷᠬᠠᠨ ᠪᠣᠯ ᠭᠠᠭᠴᠠᠬᠠᠨ ᠶᠤᠮ᠃

21 ᠲᠡᠭᠡᠪᠡᠯ ᠬᠠᠤᠯᠢ ᠨᠢ ᠪᠤᠷᠬᠠᠨ ᠤ ᠠᠮᠠᠯᠠᠯᠲᠠ ᠶᠢ ᠡᠰᠡᠷᠭᠦᠴᠡᠳᠡᠭ ᠭᠡᠵᠢ ᠤᠤ︖ ᠣᠭᠲᠣ ᠲᠡᠢᠮᠦ ᠪᠢᠰᠢ᠃ ᠬᠡᠷᠪᠡ ᠰᠣᠶᠣᠷᠬᠠᠭᠳᠠᠭᠰᠠᠨ ᠬᠠᠤᠯᠢ ᠨᠢ ᠠᠮᠢ ᠥᠭᠬᠦ ᠴᠢᠳᠠᠯ ᠲᠠᠢ ᠪᠠᠢᠭᠰᠠᠨ ᠪᠣᠯ᠂ ᠬᠥᠮᠦᠨ ᠲᠡᠷᠡ ᠬᠠᠤᠯᠢ ᠪᠠᠷ ᠵᠥᠪᠲᠥᠭᠡᠭᠳᠡᠬᠦ ᠪᠠᠢᠭᠰᠠᠨ᠃ 22 ᠬᠠᠷᠢᠨ ᠠᠷᠢᠭᠤᠨ ᠨᠣᠮ ᠨᠢ ᠪᠦᠬᠦᠨ ᠢ ᠨᠢᠭᠦᠯ ᠦᠨ ᠳᠣᠣᠷ᠎ᠠ ᠬᠣᠷᠢᠭᠰᠠᠨ ᠲᠤᠯᠠ ᠢᠲᠡᠭᠡᠭᠴᠢᠳ ᠲᠡᠷᠡ ᠬᠦ ᠠᠮᠠᠯᠠᠭᠰᠠᠨ ᠢ ᠨᠢ ᠢᠰᠦ᠋ᠰ ᠾᠷᠢᠰᠲ᠋ᠣᠰ ᠲᠤ ᠢᠲᠡᠭᠡᠳᠡᠭ ᠢᠶᠡᠷ ᠢᠶᠠᠨ ᠬᠦᠷᠲᠡᠬᠦ ᠪᠣᠯᠣᠯ᠎ᠠ᠃
 ᠪᠣᠭᠣᠯ ᠪᠢᠰᠢ᠂ ᠪᠤᠷᠬᠠᠨ ᠤ ᠬᠡᠦᠬᠡᠳ

23 ᠲᠡᠷᠡ ᠬᠦ ᠢᠲᠡᠭᠡᠯ ᠢᠷᠡᠬᠦ ᠡᠴᠡ ᠡᠮᠦᠨ᠎ᠡ ᠪᠢᠳᠡ ᠬᠠᠤᠯᠢ ᠳᠤ ᠬᠦᠯᠢᠶᠡᠰᠦᠯᠡᠭᠳᠡᠨ ᠢᠲᠡᠭᠡᠯ ᠢᠯᠡᠷᠡᠲᠡᠯ᠎ᠡ ᠬᠣᠷᠢᠭᠳᠠᠵᠤ ᠪᠠᠢᠭᠰᠠᠨ᠃ 24 ᠡᠢᠨ ᠬᠦ ᠪᠢᠳᠡᠨ ᠢ ᠢᠲᠡᠭᠡᠯ ᠢᠶᠡᠷ ᠵᠥᠪᠲᠥᠭᠡᠭᠳᠡᠬᠦ ᠬᠥᠮᠦᠨ ᠪᠣᠯᠭᠠᠬᠤ ᠶᠢᠨ ᠲᠤᠯᠠᠳᠠ ᠾᠷᠢᠰᠲ᠋ᠣᠰ ᠤᠷᠤᠭᠤ ᠬᠦᠷᠭᠡᠭᠰᠡᠨ 4 ᠰᠠᠬᠢᠯᠭᠠᠵᠢᠭᠤᠯᠤᠭᠴᠢ ᠨᠢ ᠬᠠᠤᠯᠢ ᠪᠢᠯᠡ᠃ 25 ᠬᠠᠷᠢᠨ ᠢᠲᠡᠭᠡᠯ ᠢᠷᠡᠴᠢᠬᠡᠭᠰᠡᠨ ᠲᠤᠯᠠ ᠪᠢᠳᠡ ᠰᠠᠬᠢᠯᠭᠠᠵᠢᠭᠤᠯᠤᠭᠴᠢ ᠶᠢᠨ ᠳᠣᠣᠷ᠎ᠠ ᠪᠠᠢᠬᠤ ᠪᠠᠨ ᠪᠣᠯᠢᠪᠠ᠃

26 ᠲᠠ ᠨᠠᠷ ᠾᠷᠢᠰᠲ᠋ᠣᠰ ᠢᠰᠦ᠋ᠰ ᠲᠤ ᠢᠲᠡᠭᠡᠳᠡᠭ ᠢᠶᠡᠷ ᠢᠶᠠᠨ ᠴᠥᠮ ᠢᠶᠡᠷ ᠪᠤᠷᠬᠠᠨ ᠤ ᠬᠡᠦᠬᠡᠳ ᠤᠳ ᠪᠣᠯᠣᠯ᠎ᠠ᠃ 27 ᠤᠴᠢᠷ ᠨᠢ᠂ ᠤᠬᠢᠶᠠᠯ ᠬᠦᠷᠲᠡᠵᠦ ᠾᠷᠢᠰᠲ᠋ᠣᠰ ᠲᠤ ᠣᠷᠣᠭᠰᠠᠨ ᠬᠥᠮᠦᠨ ᠪᠦᠬᠦᠨ ᠾᠷᠢᠰᠲ᠋ᠣᠰ ᠢ ᠡᠮᠦᠰᠦᠭᠰᠡᠨ ᠪᠠᠢᠳᠠᠭ᠃ 28 ᠡ᠊ᠨᠳᠡ ᠶᠦᠳᠠᠢ ᠬᠥᠮᠦᠨ ᠪᠤᠶᠤ ᠭᠷᠧᠭ ᠬᠥᠮᠦᠨ᠂ ᠪᠣᠭᠣᠯ ᠪᠤᠶᠤ ᠴᠢᠯᠥᠭᠡᠲᠦ ᠬᠥᠮᠦᠨ᠂ ᠡᠷᠡᠭᠲᠡᠢ ᠪᠤᠶᠤ ᠡᠮᠡᠭᠲᠡᠢ ᠭᠡᠬᠦ ᠢᠯᠭᠠᠯ ᠦᠭᠡᠢ᠂ ᠾᠷᠢᠰᠲ᠋ᠣᠰ ᠢᠰᠦ᠋ᠰ ᠤᠨ ᠳᠣᠲᠣᠷ᠎ᠠ ᠲᠠ ᠨᠠᠷ ᠴᠥᠮ ᠨᠢᠭᠡ ᠪᠢᠯᠡ᠃ 29 ᠲᠠ ᠨᠠᠷ ᠾᠷᠢᠰᠲ᠋ᠣᠰ ᠤᠨ ᠬᠢ ᠶᠤᠮ ᠪᠣᠯ᠂ ᠠᠪᠷᠠᠬᠠᠮ ᠤᠨ ᠦᠷ᠎ᠡ ᠪᠥᠭᠡᠳ ᠠᠮᠠᠯᠠᠯᠲᠠ ᠶᠢᠨ ᠶᠣᠰᠣᠭᠠᠷ ᠥᠪ ᠵᠠᠯᠭᠠᠮᠵᠢᠯᠠᠭᠴᠢᠳ ᠮᠥᠨ᠃