ᠶᠠᠺᠣᠪ ᠨᠢᠭᠡ
1 ᠪᠤᠷᠬᠠᠨ ᠪᠠ ᠡᠵᠡᠨ ᠢᠰᠦ᠋ᠰ ᠾᠷᠢᠰᠲ᠋ᠣᠰ ᠤᠨ ᠵᠠᠷᠤᠴᠠ ᠶᠠᠺᠣᠪ ᠭᠠᠳᠠᠭᠠᠳᠤ ᠳᠤ ᠲᠠᠷᠬᠠᠭᠰᠠᠨ ᠠᠷᠪᠠᠨ ᠬᠣᠶᠠᠷ ᠣᠪᠣᠭ ᠲᠤ᠄ ᠠᠮᠤᠷ ᠢ ᠲᠠᠨᠢ ᠡᠷᠢᠶ᠎ᠡ᠃
ᠰᠣᠷᠢᠯᠲᠠ ᠶᠢ ᠲᠡᠰᠪᠦᠷᠢᠯᠡᠭᠴᠢ ᠨᠢ ᠪᠤᠶᠠᠨ ᠲᠠᠢ
2 ᠠᠬ᠎ᠠ ᠳᠡᠭᠦᠦ ᠨᠠᠷ ᠮᠢᠨᠢ ᠡ᠂ ᠶᠠᠩᠵᠤ ᠪᠦᠷᠢ ᠶᠢᠨ ᠰᠣᠷᠢᠯᠲᠠ ᠳᠤ ᠤᠴᠠᠷᠠᠬᠤ ᠳᠠᠭᠠᠨ ᠡᠳᠡᠭᠡᠷ ᠢ ᠪᠦᠷᠢᠨ ᠪᠠᠶᠠᠰᠤᠯ ᠭᠡᠵᠦ ᠦᠵᠡᠭᠲᠦᠨ᠃ 3 ᠢᠲᠡᠭᠡᠯ ᠦᠨ ᠴᠢᠨᠢ ᠰᠢᠯᠭᠠᠯᠲᠠ ᠲᠡᠰᠪᠦᠷᠢ ᠡᠭᠦᠰᠭᠡᠳᠡᠭ ᠢ ᠲᠠ ᠨᠠᠷ ᠮᠡᠳᠡᠨ᠎ᠡ᠃ 4 ᠲᠡᠰᠪᠦᠷᠢ ᠴᠢᠨᠢ ᠲᠡᠭᠦᠰ ᠪᠦᠲᠦᠮᠵᠢᠲᠡᠢ ᠪᠣᠯᠲᠤᠭᠠᠢ᠃ ᠲᠡᠭᠡᠪᠡᠯ ᠲᠠ ᠨᠠᠷ ᠶᠠᠭᠤ ᠴᠤ ᠳᠤᠲᠠᠬᠤ ᠦᠭᠡᠢ ᠲᠡᠭᠦᠰ ᠪᠦᠷᠢᠨ ᠪᠣᠯᠣᠨ᠎ᠠ᠃
5 ᠲᠠ ᠨᠠᠷ ᠤᠨ ᠬᠡᠨ ᠨᠢ ᠮᠡᠷᠭᠡᠨ ᠤᠬᠠᠭᠠᠨ ᠢᠶᠠᠷ ᠳᠤᠲᠠᠪᠠᠯ ᠪᠦᠬᠦ ᠬᠥᠮᠦᠨ ᠳᠦ ᠵᠢᠮᠡᠯᠡᠯ ᠦᠭᠡᠢ᠂ ᠬᠠᠷᠠᠮ ᠦᠭᠡᠢ ᠪᠠᠷ ᠰᠣᠶᠣᠷᠬᠠᠭᠴᠢ ᠪᠤᠷᠬᠠᠨ ᠠᠴᠠ ᠭᠤᠶᠤᠭᠠᠷᠠᠢ᠂ ᠲᠡᠭᠡᠪᠡᠯ ᠰᠣᠶᠣᠷᠬᠠᠭᠳᠠᠨᠠ᠃ 6 ᠬᠠᠷᠢᠨ ᠡᠷᠡᠭᠡᠯᠵᠡᠯ ᠦᠭᠡᠢ ᠢᠲᠡᠭᠡᠯ ᠢᠶᠡᠷ ᠭᠤᠶᠤᠭᠲᠤᠨ᠃ ᠡᠷᠡᠭᠡᠯᠵᠡᠭᠴᠢ ᠨᠢ ᠰᠠᠯᠬᠢᠨ ᠳᠤ ᠦᠯᠢᠶᠡᠭᠳᠡᠭᠡᠳ ᠣᠢᠯᠳᠠᠭ ᠳᠠᠯᠠᠢ ᠶᠢᠨ ᠳᠠᠪᠠᠯᠭᠠᠨ ᠮᠡᠲᠦ ᠪᠢᠯᠡ᠃ 7 ᠲᠡᠢᠮᠦ ᠬᠥᠮᠦᠨ ᠡᠵᠡᠨ ᠡᠴᠡ ᠶᠠᠮᠠᠷ ᠴᠤ ᠶᠠᠭᠤᠮ᠎ᠠ ᠠᠪᠤᠨ᠎ᠠ ᠭᠡᠵᠦ ᠪᠦᠦ ᠪᠣᠳᠣ᠃ 8 ᠲᠡᠷᠡ ᠬᠥᠮᠦᠨ ᠬᠣᠶᠠᠷ ᠰᠠᠨᠠᠭ᠎ᠠ ᠲᠠᠢ ᠪᠥᠭᠡᠳ ᠠᠯᠢᠪᠠ ᠶᠠᠪᠤᠳᠠᠯ ᠳᠤ ᠲᠣᠭᠲᠠᠪᠤᠷᠢ ᠦᠭᠡᠢ ᠪᠠᠢᠳᠠᠭ᠃
9 ᠳᠣᠣᠷᠠᠳᠤ ᠠᠬ᠎ᠠ ᠳᠡᠭᠦᠦ ᠳᠡᠭᠡᠳᠦ ᠪᠣᠯᠭᠠᠭᠳᠠᠭᠰᠠᠨ ᠳᠠᠭᠠᠨ ᠪᠠᠬᠠᠷᠬᠠᠵᠤ᠂ 10 ᠪᠠᠶᠠᠨ ᠨᠢ ᠳᠣᠣᠷᠠᠳᠤ ᠪᠣᠯᠭᠠᠭᠳᠠᠭᠰᠠᠨ ᠳᠠᠭᠠᠨ ᠪᠠᠬᠠᠷᠬᠠᠲᠤᠭᠠᠢ᠃ ᠤᠴᠢᠷ ᠨᠢ᠂ ᠲᠡᠷᠡ ᠪᠡᠷ ᠡᠪᠡᠰᠦᠨ ᠦ ᠴᠡᠴᠡᠭ ᠮᠡᠲᠦ ᠥᠩᠭᠡᠷᠡᠬᠦ ᠪᠣᠯᠣᠨ᠎ᠠ᠃ 11 ᠬᠠᠯᠠᠭᠤᠨ ᠨᠠᠷᠠ ᠮᠠᠨᠳᠤᠵᠤ ᠡᠪᠡᠰᠦ ᠶᠢ ᠬᠠᠲᠠᠭᠠᠬᠤ ᠳᠤ᠂ ᠴᠡᠴᠡᠭ ᠵᠤᠯᠭᠠᠷᠠᠵᠤ ᠭᠤᠪᠠᠢ ᠲᠥᠷᠬᠥ ᠪᠡᠨ ᠠᠯᠳᠠᠳᠠᠭ᠃ ᠡᠨᠡ ᠮᠡᠲᠦ ᠪᠡᠷ ᠪᠠᠶᠠᠨ ᠬᠥᠮᠦᠨ ᠴᠤ ᠠᠵᠢᠯ ᠢᠶᠠᠨ ᠬᠥᠭᠡᠭᠡᠴᠡᠯᠳᠦᠭᠰᠡᠭᠡᠷ ᠳᠣᠷᠣᠢᠲᠠᠬᠤ ᠪᠣᠯᠣᠨ᠎ᠠ᠃
ᠲᠡᠩᠰᠡᠭᠳᠡᠬᠦ ᠶᠢᠨ ᠰᠢᠯᠲᠠᠭᠠᠨ
12 ᠰᠣᠷᠢᠯᠲᠠ ᠶᠢ ᠲᠡᠰᠪᠦᠷᠢᠯᠡᠭᠴᠢ ᠨᠢ ᠪᠤᠶᠠᠨ ᠲᠠᠢ᠂ ᠤᠴᠢᠷ ᠨᠢ᠂ ᠲᠡᠷᠡ ᠰᠢᠯᠭᠠᠯᠲᠠ ᠶᠢ ᠳᠠᠪᠠᠭᠰᠠᠨ ᠤ ᠪᠠᠨ ᠳᠠᠷᠠᠭ᠎ᠠ᠂ ᠠᠮᠢ ᠶᠢᠨ ᠲᠢᠲᠢᠮ ᠢ ᠣᠯᠬᠤ ᠪᠣᠯᠣᠨ᠎ᠠ᠃ ᠥᠪᠡᠷ ᠢ ᠨᠢ ᠬᠠᠢᠷᠠᠯᠠᠭᠰᠠᠳ ᠲᠤ ᠣᠯᠭᠣᠬᠤ ᠪᠠᠷ ᠡᠵᠡᠨ ᠠᠮᠠᠯᠠᠭᠰᠠᠨ ᠶᠤᠮ᠃ 13 ᠲᠡᠩᠰᠡᠭᠳᠡᠬᠦ ᠳᠡᠭᠡᠨ 《ᠪᠤᠷᠬᠠᠨ ᠨᠠᠮᠠᠶᠢ ᠲᠡᠩᠰᠡᠵᠦ ᠪᠠᠢᠨ᠎ᠠ》 ᠭᠡᠵᠦ ᠪᠦᠦ ᠶᠠᠷᠢ᠃ ᠪᠤᠷᠬᠠᠨ ᠮᠠᠭᠤ ᠵᠦᠢᠯ ᠢᠶᠠᠷ ᠲᠡᠩᠰᠡᠭᠳᠡᠳᠡᠭ᠌ ᠦᠭᠡᠢ ᠪᠥᠭᠡᠳ ᠥᠪᠡᠷ ᠢᠶᠡᠨ ᠬᠡᠨ ᠢ ᠴᠤ ᠲᠡᠩᠰᠡᠳᠡᠭ ᠦᠭᠡᠢ᠃ 14 ᠬᠥᠮᠦᠨ ᠪᠦᠷᠢ ᠰᠢᠨᠤᠯ ᠲᠠᠴᠢᠶᠠᠯ ᠳᠠᠭᠠᠨ ᠠᠪᠲᠠᠵᠤ ᠥᠭᠡᠰᠢᠨ ᠳᠤ ᠣᠷᠣᠭᠰᠠᠨ ᠢᠶᠠᠷ ᠲᠡᠩᠰᠡᠭᠳᠡᠳᠡᠭ᠌᠃ 15 ᠲᠡᠭᠡᠭᠡᠳ ᠲᠠᠴᠢᠶᠠᠯ ᠰᠢᠨᠤᠯ ᠵᠢᠷᠮᠦᠰᠦᠯᠡᠭᠡᠳ ᠨᠢᠭᠦᠯ ᠢ ᠲᠥᠷᠥᠵᠦ᠂ ᠨᠢᠭᠦᠯ ᠪᠣᠯᠪᠠᠰᠤᠷᠠᠭᠠᠳ ᠦᠬᠦᠯ ᠢ ᠭᠠᠷᠭᠠᠳᠠᠭ᠃ 16 ᠬᠠᠢᠷᠠᠲᠤ ᠠᠬ᠎ᠠ ᠳᠡᠭᠦᠦ ᠨᠠᠷ ᠮᠢᠨᠢ ᠡ᠂ ᠪᠦᠦ ᠪᠠᠴᠢᠯᠠᠭᠳᠠ᠃
17 ᠠᠯᠢᠪᠠ ᠰᠠᠢᠨ ᠪᠡᠯᠡᠭ᠂ ᠠᠯᠢᠪᠠ ᠲᠡᠭᠦᠰ ᠰᠣᠶᠣᠷᠬᠠᠯ ᠨᠢ ᠳᠡᠭᠡᠷ᠎ᠡ ᠡᠴᠡ᠂ ᠭᠡᠷᠡᠯ ᠤᠳ ᠤᠨ ᠡᠴᠢᠭᠡ ᠡᠴᠡ ᠪᠠᠭᠤᠵᠤ ᠢᠷᠡᠳᠡᠭ᠃ ᠲᠡᠭᠦᠨ ᠳᠦ ᠬᠤᠪᠢᠷᠠᠯ ᠪᠠᠢᠳᠠᠭ ᠦᠭᠡᠢ᠂ ᠡᠷᠭᠢᠯᠳᠦᠳᠡᠭ ᠰᠡᠭᠦᠳᠡᠷ ᠴᠤ ᠪᠠᠢᠳᠠᠭ ᠦᠭᠡᠢ᠃ 18 ᠲᠡᠷᠡ ᠥᠪᠡᠷ ᠦᠨ ᠢᠶᠠᠨ ᠰᠠᠨᠠᠭ᠎ᠠ ᠪᠠᠷ ᠪᠢᠳᠡᠨ ᠢ ᠦᠨᠡᠨ ᠦ ᠦᠭᠡ ᠪᠡᠷ ᠲᠥᠷᠥᠭᠦᠯᠵᠦ᠂ ᠪᠦᠲᠦᠭᠡᠭᠰᠡᠨ ᠪᠦᠬᠦᠨ ᠦ ᠪᠠᠨ ᠳᠡᠭᠡᠵᠢ ᠪᠣᠯᠭᠠᠭᠰᠠᠨ᠃
ᠰᠣᠨᠣᠰᠣᠭᠴᠢ ᠪᠠ ᠪᠡᠶᠡᠯᠡᠭᠦᠯᠦᠭᠴᠢ
19 ᠠᠩ᠋ᠬᠠᠷᠤᠭᠲᠤᠨ᠂ ᠬᠠᠢᠷᠠᠲᠤ ᠠᠬ᠎ᠠ ᠳᠡᠭᠦᠦ ᠨᠠᠷ ᠮᠢᠨᠢ ᠡ︕ ᠬᠥᠮᠦᠨ ᠪᠦᠬᠦᠨ ᠰᠣᠨᠣᠰᠬᠤ ᠳᠠᠭᠠᠨ ᠪᠤᠰᠢᠭᠤ᠂ ᠶᠠᠷᠢᠬᠤ ᠳᠠᠭᠠᠨ ᠠᠭᠠᠵᠢᠭᠤ᠂ ᠠᠭᠤᠷᠯᠠᠬᠤ ᠳᠠᠭᠠᠨ ᠲᠠᠢᠪᠤᠭᠤ ᠪᠠᠢ᠃ 20 ᠤᠴᠢᠷ ᠨᠢ᠂ ᠬᠥᠮᠦᠨ ᠦ ᠠᠭᠤᠷ ᠪᠤᠷᠬᠠᠨ ᠤ ᠵᠥᠪ ᠢ ᠪᠦᠲᠦᠭᠡᠬᠦ ᠦᠭᠡᠢ᠃ 21 ᠲᠡᠢᠮᠦ ᠡᠴᠡ ᠲᠠ ᠨᠠᠷ ᠪᠦᠬᠦ ᠪᠤᠵᠠᠷ ᠪᠠ ᠮᠠᠭᠤ ᠶᠠᠪᠤᠳᠠᠯ ᠤᠨ ᠢᠶᠠᠨ ᠦᠯᠡᠳᠡᠭᠳᠡᠯ ᠢ ᠬᠠᠶᠠᠵᠤ᠂ ᠥᠪᠡᠷᠰᠡᠳ ᠦᠨ ᠴᠢᠨᠢ ᠳᠣᠲᠣᠷ᠎ᠠ ᠰᠠᠭᠤᠭᠳᠠᠭᠰᠠᠨ ᠦᠭᠡ ᠶᠢ ᠤᠶᠠᠬᠠᠨ ᠰᠡᠳᠬᠢᠯ ᠢᠶᠠᠷ ᠬᠦᠯᠢᠶᠡᠨ ᠠᠪ᠃ ᠡᠨᠡ ᠦᠭᠡ ᠲᠠ ᠨᠠᠷ ᠤᠨ ᠰᠦᠨᠡᠰᠦ ᠶᠢ ᠠᠪᠤᠷᠠᠬᠤ ᠴᠢᠳᠠᠯ ᠲᠠᠢ᠃
22 ᠲᠠ ᠨᠠᠷ ᠦᠭᠡ ᠶᠢ ᠪᠡᠶᠡᠯᠡᠭᠦᠯᠦᠭᠴᠢ ᠪᠣᠯᠣᠭᠠᠷᠠᠢ᠂ ᠪᠢᠲᠡᠭᠡᠢ ᠵᠥᠪᠬᠡᠨ ᠰᠣᠨᠣᠰᠳᠠᠭ ᠬᠥᠮᠦᠨ ᠪᠣᠯᠵᠤ ᠥᠪᠡᠷᠰᠡᠳ ᠢ ᠪᠠᠨ ᠮᠡᠬᠡᠯᠡ᠃ 23 ᠦᠭᠡ ᠶᠢ ᠰᠣᠨᠣᠰᠣᠭᠠᠳ ᠦᠯᠦ ᠪᠡᠶᠡᠯᠡᠭᠦᠯᠦᠭᠴᠢ ᠨᠢ ᠲᠥᠷᠥᠯᠬᠢ ᠵᠢᠰᠦ ᠪᠡᠨ ᠲᠣᠯᠢᠨ ᠳᠤ ᠬᠠᠷᠠᠳᠠᠭ ᠡᠷ᠎ᠡ ᠬᠥᠮᠦᠨ ᠲᠡᠢ ᠠᠳᠠᠯᠢ᠃ 24 ᠡᠷ᠎ᠡ ᠬᠥᠮᠦᠨ ᠥᠪᠡᠷ ᠢ ᠪᠠᠨ ᠬᠠᠷᠠᠴᠢᠬᠠᠭᠠᠳ ᠶᠠᠪᠤᠪᠠᠯ ᠶᠠᠮᠠᠷ ᠪᠠᠢᠭᠰᠠᠨ ᠢᠶᠠᠨ ᠳᠠᠷᠤᠢᠬᠠᠨ ᠮᠠᠷᠲᠠᠳᠠᠭ᠃ 25 ᠬᠠᠷᠢᠨ ᠡᠷᠬᠡ ᠴᠢᠯᠥᠭᠡ ᠥᠭᠳᠡᠭ ᠲᠡᠭᠦᠰ ᠬᠠᠤᠯᠢ ᠶᠢ ᠨᠠᠷᠢᠪᠴᠢᠯᠠᠵᠤ ᠪᠠᠷᠢᠮᠲᠠᠯᠠᠭᠴᠢ ᠨᠢ ᠮᠠᠷᠲᠠᠮᠠᠲᠠᠭᠠᠢ ᠰᠣᠨᠣᠰᠣᠭᠴᠢ ᠪᠤᠰᠤ᠂ ᠦᠢᠯᠡᠰ ᠢᠶᠡᠷ ᠪᠡᠶᠡᠯᠡᠭᠦᠯᠦᠭᠴᠢ ᠮᠥᠨ᠂ ᠡᠨᠡ ᠬᠥᠮᠦᠨ ᠦᠢᠯᠡᠰ ᠢᠶᠡᠷ ᠢᠶᠠᠨ ᠪᠤᠶᠠᠨ ᠲᠠᠢ ᠪᠣᠯᠣᠨ᠎ᠠ᠃
26 ᠬᠡᠷᠪᠡ ᠬᠡᠨ ᠬᠥᠮᠦᠨ ᠥᠪᠡᠷ ᠢ ᠪᠠᠨ ᠰᠦᠰᠦᠭ ᠲᠡᠢ ᠭᠡᠵᠦ ᠪᠣᠳᠣᠳᠠᠭ ᠪᠠᠢᠲᠠᠯ᠎ᠠ ᠪᠠᠨ ᠠᠮᠠ ᠬᠡᠯᠡ ᠪᠡᠨ ᠬᠢᠴᠢᠶᠡᠬᠦ ᠦᠭᠡᠢ ᠪᠠᠷ ᠰᠡᠳᠬᠢᠯ ᠢᠶᠠᠨ ᠬᠠᠭᠤᠷᠪᠠᠯ ᠰᠦᠰᠦᠭ ᠨᠢ ᠴᠤ ᠬᠣᠭᠣᠰᠣᠨ ᠪᠣᠯᠣᠨ᠎ᠠ᠃ 27 ᠡᠴᠢᠭᠡ ᠪᠤᠷᠬᠠᠨ ᠤ ᠮᠡᠯᠮᠡᠢ ᠳᠦ ᠴᠡᠪᠡᠷᠬᠡᠨ᠂ ᠥ ᠦᠭᠡᠢ ᠰᠦᠰᠦᠭ ᠪᠣᠯ ᠵᠣᠪᠠᠵᠤ ᠵᠦᠳᠡᠷᠡᠭᠰᠡᠨ ᠥᠨᠥᠴᠢᠨ ᠬᠡᠦᠬᠡᠳ ᠤᠳ ᠪᠠ ᠪᠡᠯᠪᠡᠰᠦᠨ ᠡᠬᠡᠨᠡᠷ ᠤᠳ ᠢ ᠬᠠᠷᠠᠭᠠᠯᠵᠠᠬᠤ ᠪᠥᠭᠡᠳ ᠶᠢᠷᠲᠢᠨᠴᠦ ᠳᠦ ᠥᠪᠡᠷ ᠢ ᠪᠠᠨ ᠭᠡᠮ ᠵᠢᠮ ᠦᠭᠡᠢ ᠪᠠᠢᠯᠭᠠᠬᠤ ᠶᠠᠪᠤᠳᠠᠯ ᠮᠥᠨ᠃