1 2 3 4 5


ᠶᠠᠺᠣᠪ ᠭᠤᠷᠪᠠ
 ᠬᠡᠯᠡ ᠪᠡᠨ ᠵᠠᠬᠢᠷ

1 ᠠᠬ᠎ᠠ ᠳᠡᠭᠦᠦ ᠨᠠᠷ ᠮᠢᠨᠢ᠂ ᠲᠠ ᠨᠠᠷ ᠠᠴᠠ ᠣᠯᠠᠨ ᠬᠥᠮᠦᠨ ᠪᠠᠭᠰᠢ ᠪᠣᠯᠣᠭᠤᠵᠠᠢ᠂ ᠪᠠᠭᠰᠢᠯᠠᠳᠠᠭ ᠪᠢᠳᠡ ᠢᠯᠡᠭᠦᠦ ᠬᠦᠨᠳᠦ ᠰᠢᠭᠦᠭᠳᠡᠨ᠎ᠡ ᠭᠡᠳᠡᠭ ᠢ ᠮᠡᠳᠡᠭᠲᠦᠨ᠃ 2 ᠤᠴᠢᠷ ᠨᠢ ᠪᠢᠳᠡ ᠪᠦᠭᠦᠳᠡᠭᠡᠷ ᠢᠶᠡᠨ ᠣᠯᠠᠨ ᠠᠯᠳᠠᠭ᠎ᠠ ᠭᠠᠷᠭᠠᠳᠠᠭ᠃ ᠬᠡᠷᠪᠡ ᠬᠡᠨ ᠨᠢᠭᠡ ᠨᠢ ᠦᠭᠡ ᠶᠠᠷᠢᠶᠠᠨ ᠳᠡᠭᠡᠷ᠎ᠡ ᠠᠯᠳᠠᠭ᠎ᠠ ᠭᠠᠷᠭᠠᠬᠤ ᠦᠭᠡᠢ ᠪᠣᠯ ᠲᠡᠷᠡ ᠨᠢ ᠪᠦᠬᠦ ᠪᠡᠶ᠎ᠡ ᠪᠡᠨ ᠴᠤ ᠵᠢᠯᠣᠭᠣᠳᠬᠤ ᠴᠢᠳᠠᠯ ᠲᠠᠢ ᠲᠡᠭᠦᠰ ᠬᠥᠮᠦᠨ ᠮᠥᠨ᠃ 3 ᠪᠢᠳᠡ ᠮᠣᠷᠢᠳ ᠢ ᠵᠠᠯᠠᠬᠤ ᠭᠡᠵᠦ ᠠᠮᠠᠨ ᠳᠤᠨᠢ ᠠᠮᠠᠭᠠᠢ ᠬᠢᠪᠡᠯ ᠪᠦᠲᠦᠨ ᠪᠡᠶ᠎ᠡ ᠶᠢ ᠨᠢ ᠬᠥᠲᠥᠯᠵᠦ ᠴᠢᠳᠠᠨ᠎ᠠ᠃ 4 ᠣᠩ᠋ᠭᠣᠴᠠ ᠶᠢ ᠦᠵᠡ᠂ ᠣᠩ᠋ᠭᠣᠴᠠ ᠬᠡᠳᠦᠢᠪᠡᠷ ᠮᠤᠨᠳᠠᠭ ᠲᠣᠮᠣ ᠴᠤ᠂ ᠳᠣᠭᠰᠢᠨ ᠰᠠᠯᠬᠢᠨ ᠳᠤ ᠲᠦᠯᠬᠢᠭᠳᠡᠭᠰᠡᠨ ᠴᠤ᠂ ᠥᠴᠦᠬᠡᠨ ᠪᠠᠭ᠎ᠠ ᠵᠠᠯᠠᠭᠤᠷ ᠢᠶᠠᠷ ᠵᠠᠯᠠᠭᠤᠷᠴᠢᠨ ᠤ ᠰᠠᠨᠠᠭᠰᠠᠨ ᠵᠦᠭ ᠲᠦ ᠬᠥᠲᠥᠯᠥᠭᠳᠡᠨ᠎ᠡ᠃ 5 ᠲᠡᠭᠦᠨᠴᠢᠯᠡᠨ ᠬᠡᠯᠡ ᠬᠡᠳᠦᠢᠪᠡᠷ ᠪᠢᠴᠢᠬᠠᠨ ᠡᠷᠬᠡᠲᠡᠨ ᠪᠣᠯᠪᠠᠴᠤ ᠶᠡᠬᠡ ᠦᠭᠡ ᠬᠡᠯᠡᠵᠦ ᠪᠠᠷᠳᠠᠮᠨᠠᠳᠠᠭ᠃

6 ᠬᠡᠯᠡ ᠪᠣᠯ ᠭᠠᠯ᠂ ᠬᠡᠯᠡ ᠪᠣᠯ ᠪᠢᠳᠡᠨ ᠦ ᠡᠷᠬᠡᠲᠡᠨ ᠨᠦᠭᠦᠳ ᠦᠨ ᠳᠤᠮᠳᠠ ᠪᠠᠢᠷᠢᠯᠠᠭᠰᠠᠨ ᠵᠥᠪ ᠪᠤᠰᠤ ᠶᠢᠨ ᠶᠢᠷᠲᠢᠨᠴᠦ ᠶᠤᠮ᠃ ᠲᠡᠷᠡ ᠨᠢ ᠪᠦᠲᠦᠨ ᠪᠡᠶ᠎ᠡ ᠶᠢ ᠪᠤᠵᠠᠷᠯᠠᠵᠤ ᠠᠮᠢᠳᠤᠷᠠᠯ ᠤᠨ ᠵᠠᠮ ᠢ ᠰᠢᠲᠠᠭᠠᠵᠤ᠂ ᠥᠪᠡᠷ ᠢᠶᠡᠨ ᠲᠠᠮᠤ ᠳᠤ ᠰᠢᠲᠠᠭᠠᠭᠳᠠᠳᠠᠭ᠃ 7 ᠬᠥᠮᠦᠨ ᠲᠥᠷᠥᠯᠬᠢᠲᠡᠨ ᠡᠯ᠎ᠡ ᠲᠥᠷᠥᠯ ᠦᠨ ᠠᠷᠢᠶᠠᠲᠠᠨ ᠵᠢᠭᠦᠷᠲᠡᠨ᠂ ᠮᠥᠯᠬᠥᠭᠴᠢ᠂ ᠳᠠᠯᠠᠢ ᠶᠢᠨ ᠠᠮᠢᠲᠠᠨ ᠢ ᠨᠣᠮᠣᠬᠠᠳᠬᠠᠭᠰᠠᠨ ᠪᠥᠭᠡᠳ ᠨᠣᠮᠣᠬᠠᠳᠬᠠᠵᠤ ᠪᠠᠢᠨ᠎ᠠ᠃ 8 ᠬᠠᠷᠢᠨ ᠬᠡᠯᠡ ᠶᠢ ᠨᠣᠮᠣᠬᠠᠳᠬᠠᠵᠤ ᠴᠢᠳᠠᠬᠤ ᠬᠥᠮᠦᠨ ᠭᠡᠵᠦ ᠦᠭᠡᠢ᠂ ᠬᠡᠯᠡ ᠪᠣᠯ ᠬᠢᠵᠠᠭᠠᠷᠯᠠᠭᠳᠠᠰᠢ ᠦᠭᠡᠢ ᠤᠷᠰᠢᠭ᠂ ᠲᠡᠭᠦᠨ ᠳᠦ ᠦᠬᠦᠯ ᠦᠨ ᠬᠣᠣᠷ ᠳᠦᠭᠦᠷᠡᠩ᠃ 9 ᠪᠢᠳᠡ ᠬᠡᠯᠡ ᠪᠡᠷ ᠡᠵᠡᠨ ᠪᠣᠯᠣᠨ ᠡᠴᠢᠭᠡ ᠶᠢ ᠮᠠᠭᠲᠠᠵᠤ᠂ ᠪᠠᠰᠠ ᠪᠤᠷᠬᠠᠨ ᠤ ᠲᠥᠷᠬᠥ ᠪᠡᠷ ᠪᠦᠲᠦᠭᠡᠭᠳᠡᠭᠰᠡᠨ ᠬᠥᠮᠦᠨ ᠢ ᠬᠠᠷᠢᠶᠠᠳᠠᠭ᠃ 10 ᠨᠢᠭᠡ ᠯᠠ ᠠᠮᠠᠨ ᠠᠴᠠ ᠮᠠᠭᠲᠠᠭᠠᠯ ᠴᠤ᠂ ᠬᠠᠷᠢᠶᠠᠯ ᠴᠤ ᠭᠠᠷᠳᠠᠭ᠃ ᠠᠬ᠎ᠠ ᠳᠡᠭᠦᠦ ᠨᠠᠷ ᠮᠢᠨᠢ ᠡ᠂ ᠢᠩᠭᠢᠵᠦ ᠪᠣᠯᠬᠤ ᠦᠭᠡᠢ᠃ 11 ᠨᠢᠭᠡ ᠪᠤᠯᠠᠭ ᠤᠨ ᠡᠬᠢ ᠡᠴᠡ ᠠᠮᠲᠠᠲᠤ ᠪᠠ ᠭᠠᠰᠢᠭᠤᠨ ᠤᠰᠤ ᠵᠡᠷᠭᠡᠪᠡᠷ ᠭᠠᠷᠳᠠᠭ ᠪᠢᠯᠡ ᠤᠤ︖ 12 ᠠᠬ᠎ᠠ ᠳᠡᠭᠦᠦ ᠨᠠᠷ ᠮᠢᠨᠢ ᠡ᠂ ᠢᠨᠵᠢᠷ ᠤᠨ ᠮᠣᠳᠣᠨ ᠳᠤ ᠴᠢᠳᠦᠨ ᠰᠠᠭᠤᠵᠤ᠂ ᠦᠵᠦᠮ ᠦᠨ ᠮᠣᠳᠣᠨ ᠳᠤ ᠢᠨᠵᠢᠷ ᠤᠨ ᠵᠢᠮᠢᠰ ᠰᠠᠭᠤᠵᠤ ᠴᠢᠳᠠᠨ᠎ᠠ ᠤᠤ︖ ᠬᠤᠵᠢᠷ ᠲᠠᠢ ᠤᠰᠤ ᠠᠮᠲᠠᠲᠤ ᠤᠰᠤ ᠵᠡᠷᠭᠡᠪᠡᠷ ᠭᠠᠷᠳᠠᠭ ᠪᠤᠯᠠᠭ ᠭᠡᠵᠦ ᠦᠭᠡᠢ᠃
 ᠳᠡᠭᠡᠷ᠎ᠡ ᠡᠴᠡ ᠢᠷᠡᠬᠦ ᠮᠡᠷᠭᠡᠨ ᠤᠬᠠᠭᠠᠨ

13 ᠲᠠ ᠨᠠᠷ ᠤᠨ ᠳᠣᠲᠣᠷᠠᠬᠢ ᠰᠡᠴᠡᠨ ᠮᠡᠷᠭᠡᠨ ᠨᠢ ᠬᠡᠨ ᠪᠤᠢ︖ ᠲᠡᠷᠡ ᠬᠥᠮᠦᠨ ᠰᠠᠢᠨ ᠦᠢᠯᠡ᠂ ᠲᠤᠬᠠᠢᠯᠠᠪᠠᠯ ᠮᠡᠷᠭᠡᠨ ᠤᠬᠠᠭᠠᠨ ᠠᠴᠠ ᠭᠠᠷᠤᠭᠰᠠᠨ ᠤᠶᠠᠬᠠᠨ ᠵᠠᠩ ᠢᠶᠠᠷ ᠦᠢᠯᠡ ᠶᠠᠪᠤᠳᠠᠯ ᠢᠶᠠᠨ ᠦᠵᠡᠭᠦᠯᠦᠭᠲᠦᠨ᠃ 14 ᠬᠡᠷᠪᠡ ᠲᠠ ᠨᠠᠷ ᠤᠨ ᠰᠡᠳᠬᠢᠯ ᠳᠤ ᠬᠣᠣᠷᠲᠤ ᠠᠲᠠᠭ᠎ᠠ ᠪᠣᠯᠣᠨ ᠬᠤᠪᠢᠨᠴᠢᠷ ᠪᠣᠳᠣᠯ ᠪᠠᠢᠪᠠᠯ᠂ ᠪᠦᠦ ᠰᠠᠢᠷᠬ᠎ᠠ᠂ ᠦᠨᠡᠨ ᠦ ᠡᠰᠡᠷᠭᠦ ᠬᠤᠳᠠᠯ ᠪᠦᠦ ᠶᠠᠷᠢ᠃ 15 ᠲᠡᠢᠮᠦ ᠮᠡᠷᠭᠡᠨ ᠤᠬᠠᠭᠠᠨ ᠪᠣᠯ ᠳᠡᠭᠡᠷ᠎ᠡ ᠡᠴᠡ ᠢᠷᠡᠭᠰᠡᠨ ᠪᠢᠰᠢ᠂ ᠬᠠᠷᠢᠨ ᠭᠠᠵᠠᠷ ᠤᠨ ᠬᠢ᠂ ᠠᠳᠤᠭᠤᠰᠤᠨ ᠤ ᠬᠢ ᠪᠠ ᠴᠢᠳᠬᠥᠷ ᠦᠨ ᠬᠢ ᠶᠤᠮ᠃ 16 ᠬᠠᠮᠢᠭ᠎ᠠ ᠠᠲᠠᠭ᠎ᠠ ᠪᠣᠯᠣᠨ ᠬᠤᠪᠢᠨᠴᠢᠷ ᠪᠣᠳᠣᠯ ᠪᠠᠢᠪᠠᠯ ᠲᠡᠨᠳᠡ ᠦᠢᠮᠡᠭᠡᠨ ᠪᠠ ᠵᠦᠢᠯ ᠪᠦᠷᠢ ᠶᠢᠨ ᠮᠠᠭᠤ ᠠᠵᠢᠯᠯᠠᠭ᠎ᠠ ᠪᠠᠢᠳᠠᠭ᠃ 17 ᠳᠡᠭᠡᠷ᠎ᠡ ᠡᠴᠡ ᠢᠷᠡᠬᠦ ᠮᠡᠷᠭᠡᠨ ᠤᠬᠠᠭᠠᠨ ᠨᠢ ᠡᠬᠢᠯᠡᠭᠡᠳ ᠠᠷᠢᠭᠤᠬᠠᠨ᠂ ᠳᠠᠷᠠᠭ᠎ᠠ ᠨᠢ ᠠᠮᠤᠭᠤᠯᠠᠩ᠂ ᠵᠥᠭᠡᠯᠡᠨ᠂ ᠨᠣᠮᠣᠬᠠᠨ ᠪᠥᠭᠡᠳ ᠡᠨᠡᠷᠢᠩᠭᠦᠢ ᠪᠠ ᠰᠠᠢᠨ ᠦᠷ᠎ᠡ ᠵᠢᠮᠢᠰ ᠢᠶᠠᠷ ᠳᠦᠭᠦᠷᠡᠩ ᠪᠠᠢᠳᠠᠭ᠂ ᠬᠡᠯᠪᠡᠢᠭᠦᠦ ᠦᠵᠡᠯ ᠪᠠ ᠬᠣᠶᠠᠷ ᠨᠢᠭᠤᠷ ᠭᠡᠵᠦ ᠪᠠᠢᠬᠤ ᠦᠭᠡᠢ᠃ 18 ᠡᠩᠬᠡ ᠠᠮᠤᠭᠤᠯᠠᠩ ᠪᠣᠯᠭᠠᠭᠴᠢᠳ ᠨᠢ ᠡᠩᠬᠡ ᠠᠮᠤᠭᠤᠯᠠᠩ ᠢᠶᠠᠷ ᠲᠠᠷᠢᠵᠤ ᠵᠥᠪ ᠦᠨ ᠦᠷ᠎ᠡ ᠵᠢᠮᠢᠰ ᠢ ᠬᠤᠷᠢᠶᠠᠳᠠᠭ᠃