1 2 3 4 5


ᠶᠠᠺᠣᠪ ᠳᠥᠷᠪᠡ
 ᠰᠠᠨᠠᠭᠤᠯᠭ᠎ᠠ᠄ ᠰᠢᠨᠤᠭᠴᠢ᠂ ᠬᠣᠶᠠᠷ ᠰᠠᠨᠠᠭᠠᠲᠠᠨ᠂ ᠮᠠᠭᠤᠯᠠᠭᠴᠢ᠂ ᠥᠪᠡᠷ ᠢ ᠪᠠᠨ ᠢᠲᠡᠭᠡᠭᠴᠢ᠂ ᠪᠠᠶᠠᠨ ᠬᠥᠮᠦᠨ ᠳᠦ

1 ᠲᠠ ᠨᠠᠷ ᠤᠨ ᠳᠣᠲᠣᠷᠠᠬᠢ ᠬᠡᠷᠡᠭᠦᠯ ᠪᠠ ᠵᠢᠭᠤᠷᠠᠭᠠᠨ ᠴᠢᠨᠢ ᠬᠠᠮᠢᠭ᠎ᠠ ᠠᠴᠠ ᠭᠠᠷᠳᠠᠭ ᠪᠤᠢ︖ ᠲᠠ ᠨᠠᠷ ᠤᠨ ᠡᠷᠬᠡᠲᠡᠨ ᠨᠦᠭᠦᠳ ᠦᠨ ᠳᠣᠲᠣᠷᠠᠬᠢ ᠲᠤᠯᠤᠯᠳᠤᠳᠠᠭ ᠭᠣᠷᠢ ᠬᠦᠰᠡᠯ ᠡᠴᠡ ᠪᠢᠰᠢ ᠤᠤ︖ 2 ᠲᠠ ᠨᠠᠷ ᠰᠢᠨᠤᠬᠠᠢᠷᠠᠪᠠᠴᠤ ᠤᠯᠳᠠᠭ ᠦᠭᠡᠢ᠃ ᠬᠥᠮᠦᠨ ᠠᠯᠠᠵᠤ᠂ ᠠᠲᠠᠭᠠᠷᠬᠠᠪᠠᠴᠤ ᠡᠵᠡᠮᠰᠢᠵᠦ ᠴᠢᠳᠠᠳᠠᠭ ᠦᠭᠡᠢ᠃ ᠲᠠ ᠨᠠᠷ ᠮᠠᠷᠭᠤᠯᠳᠤᠵᠤ ᠵᠣᠳᠣᠯᠳᠤᠳᠠᠭ᠃ ᠭᠡᠪᠡᠴᠦ ᠦᠯᠦ ᠣᠯᠣᠨ᠎ᠠ᠂ ᠲᠠ ᠨᠠᠷ ᠭᠤᠶᠤᠳᠠᠭ ᠦᠭᠡᠢ ᠤᠴᠢᠷ ᠠᠴᠠ ᠤᠯᠳᠠᠭ ᠦᠭᠡᠢ᠃ 3 ᠭᠤᠶᠤᠭᠰᠠᠨ ᠴᠤ ᠦᠯᠦ ᠣᠯᠣᠨ᠎ᠠ᠃ ᠤᠴᠢᠷ ᠨᠢ ᠲᠡᠭᠦᠨ ᠢᠶᠡᠨ ᠥᠪᠡᠷᠰᠡᠳ ᠦᠨ ᠢᠶᠠᠨ ᠭᠣᠷᠢ ᠬᠦᠰᠡᠯ ᠳᠦ ᠦᠷᠡᠵᠦ ᠪᠤᠷᠤᠭᠤ ᠪᠠᠷ ᠭᠤᠶᠤᠳᠠᠭ ᠠᠵᠢ᠃ 4 ᠵᠠᠪᠬᠠᠢᠴᠤᠳ ᠡ᠂ ᠶᠢᠷᠲᠢᠨᠴᠦ ᠲᠠᠢ ᠨᠥᠬᠥᠷᠯᠡᠬᠦ ᠴᠢᠨᠢ ᠪᠤᠷᠬᠠᠨ ᠲᠠᠢ ᠳᠠᠢᠰᠤᠩᠨᠠᠵᠤ ᠪᠠᠢᠭ᠎ᠠ ᠭᠡᠳᠡᠭ ᠢ ᠮᠡᠳᠡᠬᠦ ᠦᠭᠡᠢ ᠤᠤ︖ ᠶᠢᠷᠲᠢᠨᠴᠦ ᠶᠢᠨ ᠨᠠᠢᠵᠠ ᠪᠣᠯᠬᠤ ᠳᠤᠷᠠᠲᠠᠢ ᠬᠥᠮᠦᠨ ᠪᠣᠯᠭᠠᠨ ᠪᠤᠷᠬᠠᠨ ᠤ ᠳᠠᠢᠰᠤᠨ ᠪᠣᠯᠳᠠᠭ᠃ 5 《ᠪᠢᠳᠡᠨ ᠦ ᠳᠣᠲᠣᠷ᠎ᠠ ᠪᠠᠢᠷᠢᠰᠢᠭᠰᠠᠨ ᠠᠷᠢᠭᠤᠨ ᠰᠦᠨᠡᠰᠦ ᠵᠢᠲᠥᠭᠡᠷᠬᠡᠲᠡᠯ᠎ᠡ ᠪᠡᠨ ᠬᠠᠢᠷᠠᠯᠠᠳᠠᠭ 2 》 ᠭᠡᠰᠡᠨ ᠡᠰᠢᠯᠡᠯ ᠢ ᠲᠠ ᠨᠠᠷ ᠬᠣᠭᠣᠰᠣᠨ ᠭᠡᠵᠦ ᠪᠣᠳᠣᠭ᠎ᠠ ᠤᠤ︖ 6 ᠬᠠᠷᠢᠨ ᠲᠡᠷᠡ ᠨᠡᠩ ᠢᠯᠡᠭᠦᠦ ᠢᠪᠡᠭᠡᠯ ᠢ ᠰᠣᠶᠣᠷᠬᠠᠳᠠᠭ᠃ ᠡᠢᠮᠦ ᠡᠴᠡ 《ᠪᠤᠷᠬᠠᠨ ᠪᠠᠷᠳᠠᠮᠨᠠᠭᠴᠢ ᠶᠢ ᠲᠡᠪᠴᠢᠵᠦ᠂ ᠳᠠᠷᠤᠤ ᠬᠥᠮᠦᠨ ᠳᠦ ᠲᠠᠭᠠᠯᠠᠯ ᠣᠯᠭᠣᠳᠠᠭ》 ᠭᠡᠰᠡᠨ ᠪᠠᠢᠳᠠᠭ ᠶᠤᠮ᠃ 7 ᠲᠡᠢᠮᠦ ᠪᠣᠯᠬᠣᠷ ᠪᠤᠷᠬᠠᠨ ᠳᠤ ᠵᠠᠬᠢᠷᠤᠭᠳᠠ᠃ ᠰᠠᠲ᠋ᠠᠨ ᠢ ᠡᠰᠡᠷᠭᠦᠴᠡ᠂ ᠲᠡᠭᠡᠪᠡᠯ ᠲᠡᠷᠡ ᠲᠠ ᠨᠠᠷ ᠠᠴᠠ ᠳᠤᠲᠠᠭᠠᠨ᠎ᠠ᠃ 8 ᠪᠤᠷᠬᠠᠨ ᠳᠤ ᠣᠢᠷᠠᠲᠤ᠂ ᠲᠡᠭᠡᠪᠡᠯ ᠲᠡᠷᠡ ᠲᠠ ᠨᠠᠷ ᠲᠤ ᠣᠢᠷᠠᠲᠤᠨ᠎ᠠ᠃ ᠨᠢᠭᠦᠯᠲᠦ ᠬᠥᠮᠦᠰ ᠡ᠂ ᠭᠠᠷ ᠢᠶᠠᠨ ᠴᠡᠪᠡᠷᠯᠡ᠂ ᠬᠣᠶᠠᠷ ᠰᠠᠨᠠᠭᠠᠲᠤ ᠬᠥᠮᠦᠰ ᠡ᠂ ᠵᠢᠷᠦᠬᠡ ᠪᠡᠨ ᠠᠷᠢᠭᠤᠰᠬ᠎ᠠ᠃ 9 ᠵᠣᠪᠠ᠂ ᠭᠠᠰᠢᠭᠤᠳᠠ᠂ ᠤᠬᠢᠯᠠ᠃ ᠢᠨᠢᠶᠡᠳᠦ ᠪᠡᠨ ᠭᠠᠰᠢᠭᠤᠳᠠᠯ ᠢᠶᠠᠷ ᠰᠣᠯᠢᠵᠤ᠂ ᠪᠠᠶᠠᠷ ᠢᠶᠠᠨ ᠰᠢᠨᠠᠯᠤᠯ ᠢᠶᠠᠷ ᠰᠣᠯᠢᠲᠤᠭᠠᠢ᠃ 10 ᠡᠵᠡᠨ ᠦ ᠡᠮᠦᠨ᠎ᠡ ᠳᠠᠷᠤᠤ ᠪᠠᠢ᠂ ᠲᠡᠭᠡᠪᠡᠯ ᠲᠡᠷᠡ ᠲᠠ ᠨᠠᠷ ᠢ ᠡᠷᠭᠦᠬᠦ ᠪᠣᠯᠣᠨ᠎ᠠ᠃

11 ᠠᠬ᠎ᠠ ᠳᠡᠭᠦᠦ ᠨᠠᠷ ᠡ᠂ ᠪᠡᠶ᠎ᠡ ᠪᠡᠶ᠎ᠡ ᠪᠡᠨ ᠪᠦᠦ ᠮᠠᠭᠤᠯᠠᠭᠲᠤᠨ᠃ ᠠᠬ᠎ᠠ ᠳᠡᠭᠦᠦ ᠪᠡᠨ ᠮᠠᠭᠤᠯᠠᠭᠴᠢ ᠪᠤᠶᠤ ᠠᠬ᠎ᠠ ᠳᠡᠭᠦᠦ ᠪᠡᠨ ᠰᠢᠭᠦᠭᠴᠢ ᠨᠢ ᠬᠠᠤᠯᠢ ᠶᠢ ᠮᠠᠭᠤᠯᠠᠵᠤ ᠬᠠᠤᠯᠢ ᠶᠢ ᠰᠢᠭᠦᠵᠦ ᠪᠠᠢᠭ᠎ᠠ ᠬᠡᠷᠡᠭ᠃ ᠬᠡᠷᠪᠡ ᠲᠠ ᠬᠠᠤᠯᠢ ᠶᠢ ᠰᠢᠭᠦᠪᠡᠯ᠂ ᠬᠠᠤᠯᠢ ᠶᠢ ᠬᠡᠷᠡᠭᠵᠢᠭᠦᠯᠦᠭᠴᠢ ᠪᠢᠰᠢ᠂ ᠬᠠᠷᠢᠨ ᠰᠢᠭᠦᠭᠴᠢ ᠮᠥᠨ᠃ 12 ᠬᠠᠤᠯᠢ ᠲᠣᠭᠲᠠᠭᠠᠭᠴᠢ ᠪᠠ ᠰᠢᠭᠦᠭᠴᠢ ᠨᠢ ᠭᠠᠭᠴᠠ ᠯᠠ ᠪᠠᠢᠳᠠᠭ ᠪᠥᠭᠡᠳ ᠲᠡᠭᠦᠨ ᠳᠦ ᠠᠪᠤᠷᠠᠬᠤ ᠪᠤᠶᠤ ᠰᠥᠨᠥᠭᠡᠬᠦ ᠴᠢᠳᠠᠯ ᠪᠤᠢ᠃ ᠬᠠᠷᠢᠨ ᠴᠢ ᠶᠠᠭᠤ ᠪᠣᠯᠴᠢᠬᠠᠭᠠᠳ ᠬᠥᠷᠰᠢ ᠪᠠᠨ ᠰᠢᠭᠦᠳᠡᠭ ᠪᠤᠢ︖

13 ᠠᠩ᠋ᠬᠠᠷᠤᠭᠲᠤᠨ︕ 《ᠥᠨᠥᠳᠥᠷ᠂ ᠡᠰᠡᠪᠡᠯ ᠮᠠᠷᠭᠠᠰᠢ ᠪᠢᠳᠡ ᠲᠡᠢᠮᠦ ᠨᠢᠭᠡ ᠬᠣᠲᠠ ᠳᠤ ᠬᠦᠷᠦᠭᠡᠳ ᠲᠡᠨᠳᠡ ᠨᠢᠭᠡ ᠵᠢᠯ ᠰᠠᠭᠤᠵᠤ ᠬᠤᠳᠠᠯᠳᠤᠭ᠎ᠠ ᠬᠢᠵᠦ ᠵᠣᠭᠣᠰ ᠣᠯᠣᠶ᠎ᠠ》 ᠭᠡᠵᠦ ᠬᠡᠯᠡᠳᠡᠭ ᠬᠥᠮᠦᠰ ᠡ᠂ 14 ᠮᠠᠷᠭᠠᠰᠢ ᠶᠠᠭᠤ ᠪᠣᠯᠬᠤ ᠶᠢ ᠲᠠ ᠨᠠᠷ ᠮᠡᠳᠡᠳᠡᠭ ᠦᠭᠡᠢ᠃ ᠲᠠ ᠨᠠᠷ ᠤᠨ ᠠᠮᠢ ᠭᠡᠵᠦ ᠶᠠᠭᠤ ᠶᠤᠮ ᠪᠤᠢ︖ ᠲᠠ ᠨᠠᠷ ᠪᠣᠯ ᠲᠦᠷ ᠦᠵᠡᠭᠳᠡᠭᠡᠳ ᠦᠵᠡᠭᠳᠡᠬᠦ ᠪᠡᠨ ᠪᠣᠯᠢᠳᠠᠭ ᠮᠠᠨᠠᠨ ᠲᠡᠳᠦᠢ᠃ 15 ᠲᠡᠢᠮᠦ ᠡᠴᠡ ᠲᠠ ᠨᠠᠷ᠄ 《ᠡᠵᠡᠨ ᠦ ᠰᠠᠨᠠᠭ᠎ᠠ ᠮᠥᠨ ᠶᠤᠮ ᠪᠣᠯ ᠪᠢᠳᠡ ᠠᠮᠢᠳᠤ ᠪᠠᠢᠵᠤ᠂ ᠡᠭᠦᠨ ᠢ ᠪᠤᠶᠤ ᠲᠡᠭᠦᠨ ᠢ ᠬᠢᠶ᠎ᠡ》 ᠭᠡᠵᠦ ᠬᠡᠯᠡᠬᠦ ᠤᠴᠢᠷ ᠲᠠᠢ ᠪᠣᠯᠪᠠᠴᠤ 16 ᠡᠳᠦᠭᠡ ᠬᠣᠭᠣᠰᠣᠨ ᠦᠭᠡ ᠪᠡᠷ ᠪᠠᠷᠳᠠᠮᠨᠠᠵᠤ ᠪᠠᠢᠨ᠎ᠠ᠃ ᠡᠢᠮᠦᠷᠬᠦ ᠪᠠᠷᠳᠠᠮᠨᠠᠯ ᠨᠢ ᠴᠥᠮ ᠮᠠᠭᠤ ᠶᠤᠮ᠃ 17 ᠪᠡᠶᠡᠯᠡᠭᠦᠯᠬᠦ ᠶᠣᠰᠣᠲᠠᠢ ᠰᠠᠢᠨ ᠦᠢᠯᠡᠰ ᠢ ᠮᠡᠳᠡᠳᠡᠭ ᠪᠠᠢᠲᠠᠯ᠎ᠠ ᠪᠠᠨ ᠦᠯᠦ ᠪᠡᠶᠡᠯᠡᠭᠦᠯᠬᠦ ᠨᠢ ᠨᠢᠭᠦᠯ ᠪᠢᠯᠡ᠃