ᠶᠦᠳᠠ
ᠬᠠᠭᠤᠷᠮᠠᠭ ᠪᠠᠭᠰᠢ ᠨᠠᠷ ᠤᠨ ᠬᠦᠯᠢᠶᠡᠬᠦ ᠰᠢᠳᠬᠡᠯ
1 ᠢᠰᠦ᠋ᠰ ᠾᠷᠢᠰᠲ᠋ᠣᠰ ᠤᠨ ᠵᠠᠷᠤᠴᠠ᠂ ᠶᠠᠺᠣᠪ ᠤᠨ ᠳᠡᠭᠦᠦ ᠶᠦᠳᠠ ᠠᠴᠠ ᠡᠴᠢᠭᠡ ᠪᠤᠷᠬᠠᠨ ᠳᠤ ᠳᠠᠭᠤᠳᠠᠭᠳᠠᠵᠤ ᠬᠠᠢᠷᠠᠯᠠᠭᠳᠠᠳᠠᠭ᠂ ᠢᠰᠦ᠋ᠰ ᠾᠷᠢᠰᠲ᠋ᠣᠰ ᠲᠤ ᠬᠠᠯᠠᠮᠵᠢᠯᠠᠭᠳᠠᠳᠠᠭ ᠬᠥᠮᠦᠰ ᠲᠦ᠄ 2 ᠲᠠ ᠨᠠᠷ ᠲᠤ ᠡᠨᠡᠷᠢᠯ᠂ ᠠᠮᠤᠭᠤᠯᠠᠩ ᠪᠠ ᠬᠠᠢᠷ᠎ᠠ ᠨᠡᠮᠡᠭᠳᠡᠬᠦ ᠪᠣᠯᠲᠤᠭᠠᠢ᠃
3 ᠬᠠᠢᠷᠠᠲᠤ ᠨᠤᠭᠤᠳ ᠮᠢᠨᠢ᠂ ᠪᠢᠳᠡ ᠪᠦᠭᠦᠳᠡ ᠳᠦ ᠪᠠᠢᠬᠤ ᠠᠪᠤᠷᠠᠯ ᠤᠨ ᠲᠤᠬᠠᠢ ᠲᠠ ᠨᠠᠷ ᠲᠤ ᠪᠢᠴᠢᠬᠦ ᠪᠡᠷ ᠪᠢ ᠪᠦᠬᠦ ᠬᠦᠴᠦᠨ ᠢᠶᠡᠷ ᠴᠢᠷᠮᠠᠢᠶ᠎ᠠ ᠭᠡᠰᠡᠨ᠃ ᠡᠳᠦᠭᠡ ᠬᠠᠷᠢᠨ ᠠᠷᠢᠭᠤᠨ ᠬᠥᠮᠦᠰ ᠲᠦ ᠭᠠᠭᠴᠠ ᠤᠳᠠᠭ᠎ᠠ ᠪᠦᠷᠢᠮᠦᠰᠦᠨ ᠤᠯᠠᠮᠵᠢᠯᠠᠭᠳᠠᠭᠰᠠᠨ ᠢᠲᠡᠭᠡᠯ ᠦᠨ ᠲᠥᠯᠥᠭᠡ ᠲᠡᠮᠡᠴᠡᠬᠦ ᠶᠢ ᠢᠳᠬᠠᠬᠤ ᠪᠠᠷ ᠲᠠ ᠨᠠᠷ ᠲᠤ ᠪᠢᠴᠢᠬᠦ ᠬᠡᠷᠡᠭ ᠲᠡᠢ ᠪᠣᠯᠣᠯ᠎ᠠ᠃ 4 ᠤᠴᠢᠷ ᠨᠢ᠂ ᠰᠡᠮᠬᠡᠨ ᠰᠢᠷᠭᠤᠯᠠᠨ ᠢᠷᠡᠭᠰᠡᠨ ᠬᠥᠮᠦᠰ ᠪᠤᠢ᠂ ᠲᠡᠳᠡ ᠪᠣᠯ ᠰᠢᠳᠬᠡᠭᠳᠡᠬᠦ ᠪᠡᠷ ᠡᠷᠲᠡ ᠦᠶ᠎ᠡ ᠳᠦ ᠲᠡᠮᠳᠡᠭᠯᠡᠭᠳᠡᠭᠰᠡᠨ ᠰᠦᠰᠦᠭ ᠪᠢᠰᠢᠷᠡᠯ ᠦᠭᠡᠢ ᠬᠥᠮᠦᠰ ᠪᠥᠭᠡᠳ ᠪᠢᠳᠡᠨ ᠦ ᠪᠤᠷᠬᠠᠨ ᠤ ᠢᠪᠡᠭᠡᠯ ᠢ ᠵᠠᠪᠬᠠᠢᠷᠠᠯ ᠢᠶᠠᠷ ᠢᠶᠠᠨ ᠰᠣᠯᠢᠵᠤ᠂ ᠴᠣᠷ ᠤᠨ ᠭᠠᠭᠴᠠ ᠡᠵᠡᠨ ᠪᠤᠷᠬᠠᠨ ᠪᠠ ᠪᠢᠳᠡᠨ ᠦ ᠡᠵᠡᠨ ᠢᠰᠦ᠋ᠰ ᠾᠷᠢᠰᠲ᠋ᠣᠰ ᠢ ᠦᠭᠡᠶᠢᠰᠬᠡᠭᠴᠢ ᠮᠥᠨ᠃
5 ᠲᠠ ᠨᠠᠷ ᠡᠨᠡ ᠪᠦᠭᠦᠳᠡ ᠶᠢ ᠬᠡᠳᠦᠢᠨ ᠮᠡᠳᠡᠭᠰᠡᠨ ᠪᠣᠯᠪᠠᠴᠤ ᠪᠢ ᠲᠠ ᠨᠠᠷ ᠲᠤ ᠳᠠᠬᠢᠨ ᠰᠠᠨᠠᠭᠤᠯᠤᠶ᠎ᠠ᠃ ᠡᠵᠡᠨ ᠠᠷᠠᠳ ᠲᠦᠮᠡᠨ ᠢ ᠶᠧᠵᠢᠫᠲ ᠡᠴᠡ ᠨᠢᠭᠡᠮᠦᠰᠦᠨ ᠠᠪᠤᠷᠠᠭᠰᠠᠨ ᠪᠣᠯᠪᠠᠴᠤ ᠦᠯᠦ ᠢᠲᠡᠭᠡᠭᠴᠢᠳ ᠢ ᠨᠢ ᠬᠣᠵᠢᠮ ᠨᠢ ᠰᠥᠨᠥᠭᠡᠭᠰᠡᠨ ᠪᠢᠯᠡ᠃ 6 ᠪᠠᠰᠠ ᠰᠠᠭᠤᠷᠢᠨ ᠢᠶᠠᠨ ᠰᠠᠬᠢᠯ ᠦᠭᠡᠢ ᠪᠠᠢᠷᠢ ᠪᠠᠨ ᠣᠷᠬᠢᠭᠰᠠᠨ ᠲᠩᠷᠢ ᠶᠢᠨ ᠡᠯᠴᠢᠳ ᠢ ᠠᠤᠭ᠎ᠠ ᠶᠡᠬᠡ ᠡᠳᠦᠷ ᠰᠢᠭᠦᠬᠦ ᠪᠡᠷ ᠮᠥᠩᠬᠡ ᠶᠢᠨ ᠬᠦᠯᠢᠶᠡᠰᠦᠲᠡᠢ ᠪᠠᠷ ᠬᠠᠷᠠᠩ᠋ᠭᠤᠢ ᠳᠤ ᠪᠠᠢᠯᠭᠠᠭᠰᠠᠨ᠃ 7 ᠰᠣᠳᠣᠮ᠂ ᠭᠣᠮᠣᠷᠠ ᠪᠣᠯᠣᠨ ᠬᠠᠪᠢ ᠶᠢᠨ ᠬᠣᠲᠠ ᠨᠤᠭᠤᠳ ᠲᠡᠳᠡᠨ ᠲᠡᠢ ᠠᠳᠠᠯᠢ ᠪᠠᠷ ᠰᠠᠳᠤᠷᠯᠠᠨ᠂ ᠭᠠᠵᠢ ᠲᠠᠴᠢᠶᠠᠯ ᠢ ᠬᠥᠭᠡᠭᠡᠴᠡᠯᠳᠦᠭᠰᠡᠭᠡᠷ ᠮᠥᠩᠬᠡ ᠶᠢᠨ ᠭᠠᠯ ᠢᠶᠠᠷ ᠰᠢᠳᠬᠡᠭᠳᠡᠭᠰᠡᠨ ᠢᠶᠡᠷ ᠢᠶᠠᠨ ᠵᠢᠱᠢᠶ᠎ᠡ ᠦᠵᠡᠭᠦᠯᠦᠯ᠎ᠡ᠃
8 ᠲᠡᠢᠮᠦ ᠪᠠᠢᠲᠠᠯ᠎ᠠ ᠡᠳᠡᠭᠡᠷ ᠵᠡᠭᠦᠳᠦᠯᠡᠭᠴᠢ ᠪᠡᠶ᠎ᠡ ᠪᠡᠨ ᠪᠤᠵᠠᠷᠯᠠᠨ ᠡᠷᠬᠡ ᠮᠡᠳᠡᠯ ᠢ ᠣᠭᠣᠷᠴᠤ᠂ ᠪᠤᠷᠬᠠᠨ ᠤ ᠠᠯᠳᠠᠷ ᠰᠤᠤᠲᠠᠨ ᠨᠤᠭᠤᠳ ᠢ ᠳᠣᠷᠣᠮᠵᠢᠯᠠᠳᠠᠭ᠃ 9 ᠬᠠᠷᠢᠨ ᠲᠡᠷᠢᠭᠦᠨ ᠲᠩᠷᠢ ᠡᠯᠴᠢ ᠮᠢᠺᠠᠶᠧᠯ ᠬᠦᠷᠲᠡᠯ᠎ᠡ ᠮᠣᠰᠧ ᠶᠢᠨ ᠴᠣᠭᠴᠠ ᠶᠢᠨ ᠲᠤᠬᠠᠢ ᠰᠠᠲ᠋ᠠᠨ ᠲᠠᠢ ᠮᠠᠷᠭᠤᠬᠤ ᠳᠠᠭᠠᠨ ᠳᠣᠷᠣᠮᠵᠢᠯᠠᠬᠤ ᠦᠭᠡ ᠪᠡᠷ ᠶᠠᠯ᠎ᠠ ᠬᠦᠯᠢᠶᠡᠯᠭᠡᠬᠦ ᠵᠣᠷᠢᠭ ᠪᠠᠢᠭᠰᠠᠨ ᠦᠭᠡᠢ᠂ 《ᠡᠵᠡᠨ ᠴᠢᠮᠠᠶᠢ ᠵᠢᠮᠡᠯᠡᠬᠦ ᠪᠣᠯᠲᠤᠭᠠᠢ》 ᠭᠡᠵᠦ ᠯᠠ ᠬᠡᠯᠡᠭᠰᠡᠨ᠃ 10 ᠬᠠᠷᠢᠨ ᠡᠳᠡᠭᠡᠷ ᠬᠥᠮᠦᠰ ᠮᠡᠳᠡᠳᠡᠭ ᠦᠭᠡᠢ ᠪᠦᠬᠦᠨ ᠢᠶᠡᠨ ᠳᠣᠷᠣᠮᠵᠢᠯᠠᠳᠠᠭ᠃ ᠲᠡᠳᠡ ᠤᠬᠠᠭᠠᠨ ᠦᠭᠡᠢ ᠠᠳᠤᠭᠤᠰᠤ ᠮᠡᠲᠦ ᠪᠦᠬᠦᠨ ᠢ ᠲᠥᠷᠥᠯᠬᠢ ᠴᠢᠳᠠᠪᠤᠷᠢ ᠪᠠᠷ ᠢᠶᠠᠨ ᠣᠢᠯᠠᠭᠠᠵᠤ᠂ ᠡᠭᠦᠨ ᠡᠴᠡ ᠪᠣᠯᠵᠤ ᠮᠥᠬᠥᠳᠡᠭ᠃ 11 ᠲᠡᠳᠡᠨ ᠳᠦ ᠭᠠᠢ ᠪᠣᠯᠣᠨ᠎ᠠ︕ ᠲᠡᠳᠡ ᠺᠠᠢᠨ ᠤ ᠵᠠᠮ ᠢᠶᠠᠷ ᠶᠠᠪᠤᠵᠤ᠂ ᠠᠰᠢᠭ ᠢ ᠮᠥᠷᠳᠡᠭᠰᠡᠭᠡᠷ ᠪᠠᠯᠠᠮ ᠤᠨ ᠲᠥᠭᠡᠷᠢᠭᠰᠡᠨ ᠭᠠᠵᠠᠷ ᠲᠤ ᠬᠠᠶᠠᠭᠳᠠᠭᠠᠳ ᠺᠣᠷᠧ ᠮᠡᠲᠦ ᠤᠷᠪᠠᠭᠴᠢ ᠪᠣᠯᠵᠤ ᠰᠥᠨᠥᠨ᠎ᠡ᠃ 12 ᠲᠠ ᠨᠠᠷ ᠬᠠᠢᠷ᠎ᠠ ᠶᠢᠨ ᠵᠣᠭᠣᠭ 1 ᠪᠠᠷᠢᠬᠤ ᠳᠤ᠂ ᠡᠳᠡᠭᠡᠷ ᠬᠥᠮᠦᠰ ᠳᠠᠯᠳᠠ ᠪᠣᠱᠣᠭ᠎ᠠ ᠪᠣᠯᠳᠠᠭ᠂ ᠲᠡᠳᠡ ᠡᠮᠢᠶᠡᠬᠦ ᠴᠤ ᠦᠭᠡᠢ ᠪᠠᠷ ᠢᠳᠡᠵᠦ ᠬᠤᠪᠢ ᠪᠠᠨ ᠯᠠ ᠪᠣᠳᠣᠳᠠᠭ 2 ᠃ ᠲᠡᠳᠡ ᠪᠣᠯ ᠰᠠᠯᠬᠢᠨ ᠳᠤ ᠲᠠᠭᠤᠭᠳᠠᠵᠤ ᠶᠠᠪᠤᠭ᠎ᠠ ᠬᠤᠷ᠎ᠠ ᠦᠭᠡᠢ ᠡᠭᠦᠯᠡ᠂ ᠬᠣᠶᠠᠷ ᠤᠳᠠᠭ᠎ᠠ ᠦᠬᠦᠵᠦ ᠦᠨᠳᠦᠰᠦ ᠪᠡᠷ ᠢᠶᠠᠨ ᠰᠤᠭᠤ ᠲᠠᠲᠠᠭᠤᠯᠤᠭᠰᠠᠨ ᠵᠢᠮᠢᠰ ᠦᠭᠡᠢ ᠨᠠᠮᠤᠷ ᠤᠨ ᠮᠣᠳᠣ᠂ 13 ᠰᠢᠪᠰᠢᠭᠲᠦ ᠬᠥᠭᠡᠰᠦ ᠪᠡᠨ ᠭᠠᠷᠭᠠᠳᠠᠭ ᠳᠠᠯᠠᠢ ᠶᠢᠨ ᠳᠣᠭᠰᠢᠨ ᠳᠠᠪᠠᠯᠭᠠᠨ᠂ ᠲᠡᠨᠦᠮᠡᠯ ᠣᠳᠣᠳ ᠮᠥᠨ᠃ ᠲᠡᠳᠡᠨ ᠳᠦ ᠮᠥᠩᠬᠡ ᠶᠢᠨ ᠲᠦᠨᠡᠷ ᠬᠠᠷᠠᠩ᠋ᠭᠤᠢ ᠵᠠᠶᠠᠭᠠᠭᠳᠠᠭᠰᠠᠨ ᠪᠢᠯᠡ᠃
14 ᠠᠳᠠᠮ ᠤᠨ ᠳᠣᠯᠣᠳᠤᠭᠠᠷ ᠦᠶ᠎ᠡ ᠧᠨᠣᠺ ᠡᠳᠡᠭᠡᠷ ᠬᠥᠮᠦᠰ ᠦᠨ ᠲᠤᠬᠠᠢ ᠡᠰᠢ ᠦᠵᠡᠭᠦᠯᠦᠨ᠄ 《ᠠᠩ᠋ᠬᠠᠷᠤᠭᠲᠤᠨ᠂ ᠡᠵᠡᠨ ᠠᠷᠢᠭᠤᠨ ᠲᠦᠮᠡᠨ ᠲᠡᠢ ᠪᠡᠨ ᠬᠠᠮᠲᠤ ᠠᠢᠰᠤᠢ᠃ 15 ᠡᠢᠨ ᠬᠦ ᠲᠡᠷᠡ ᠬᠠᠮᠤᠭ ᠬᠥᠮᠦᠨ ᠢ ᠰᠢᠭᠦᠬᠦ ᠪᠡᠷ᠂ ᠰᠦᠰᠦᠭ ᠦᠭᠡᠢ ᠪᠦᠬᠦᠨ ᠢ ᠰᠦᠰᠦᠭ ᠦᠭᠡᠢ ᠪᠠᠷ ᠦᠢᠯᠡᠳᠦᠭᠰᠡᠨ ᠰᠦᠰᠦᠭ ᠦᠭᠡᠢ ᠦᠢᠯᠡ ᠪᠣᠯᠭᠠᠨ ᠤ ᠬᠢᠨᠢ ᠤᠯᠠᠮ ᠢᠶᠠᠷ᠂ ᠰᠦᠰᠦᠭ ᠦᠭᠡᠢ ᠭᠡᠮᠲᠡᠨ ᠨᠦᠭᠦᠳ ᠢ ᠥᠪᠡᠷ ᠦᠨ ᠬᠢᠨᠢ ᠡᠰᠡᠷᠭᠦ ᠶᠠᠷᠢᠭᠰᠠᠨ ᠬᠣᠣᠷᠲᠤ ᠦᠭᠡ ᠪᠣᠯᠭᠠᠨ ᠤ ᠬᠢᠨᠢ ᠤᠯᠠᠮ ᠢᠶᠠᠷ ᠰᠢᠭᠦᠬᠦ ᠪᠡᠷ ᠢᠷᠡᠨ᠎ᠡ》 ᠭᠡᠵᠡᠢ᠃ 16 ᠲᠡᠳᠡ ᠪᠣᠯ ᠭᠣᠮᠣᠷᠬᠠᠭᠴᠢ ᠪᠥᠭᠡᠳ ᠥᠭᠡᠯᠡᠭᠴᠢ ᠮᠥᠨ᠃ ᠲᠡᠳᠡ ᠲᠠᠴᠢᠶᠠᠯ ᠢᠶᠠᠨ ᠳᠠᠭᠠᠨ ᠠᠮᠢᠳᠤᠷᠠᠳᠠᠭ᠂ ᠲᠡᠳᠡ ᠥᠰᠬᠡᠭᠡᠨ ᠲᠥᠰᠬᠡᠭᠡᠨ ᠲᠡᠢ ᠶᠠᠷᠢᠳᠠᠭ ᠪᠥᠭᠡᠳ ᠠᠰᠢᠭ ᠤᠨ ᠲᠥᠯᠥᠭᠡ ᠬᠥᠮᠦᠨ ᠢ ᠪᠢᠯᠳᠠᠤᠴᠢᠯᠠᠳᠠᠭ᠃
ᠰᠠᠨᠠᠭᠤᠯᠭ᠎ᠠ ᠪᠠ ᠮᠠᠭᠲᠠᠭᠠᠯ
17 ᠬᠠᠷᠢᠨ ᠬᠠᠢᠷᠠᠲᠤ ᠨᠤᠭᠤᠳ ᠮᠢᠨᠢ ᠡ︕ ᠪᠢᠳᠡᠨ ᠦ ᠡᠵᠡᠨ ᠢᠰᠦ᠋ᠰ ᠾᠷᠢᠰᠲ᠋ᠣᠰ ᠤᠨ ᠰᠢᠳᠠᠷ ᠱᠠᠪᠢ ᠨᠠᠷ ᠤᠨ ᠤᠷᠢᠳᠤ ᠶᠢᠨ ᠶᠠᠷᠢᠭᠰᠠᠨ ᠦᠭᠡᠰ ᠢ ᠰᠠᠨᠠᠭᠲᠤᠨ᠃ 18 ᠲᠡᠳᠡ ᠲᠠ ᠨᠠᠷ ᠲᠤ᠄ 《ᠰᠦᠰᠦᠭ ᠪᠢᠰᠢᠷᠡᠯ ᠦᠭᠡᠢ ᠲᠠᠴᠢᠶᠠᠯ ᠢᠶᠠᠨ ᠳᠠᠭᠠᠵᠤ ᠠᠮᠢᠳᠤᠷᠠᠬᠤ ᠡᠯᠡᠭᠯᠡᠭᠴᠢᠳ ᠡᠴᠦᠰ ᠦᠨ ᠦᠶ᠎ᠡ ᠳᠦ ᠭᠠᠷᠬᠤ ᠪᠣᠯᠣᠨ᠎ᠠ》 ᠭᠡᠵᠦ ᠬᠡᠯᠡᠳᠡᠭ ᠪᠠᠢᠭᠰᠠᠨ᠃ 19 ᠡᠳᠡᠭᠡᠷ ᠬᠥᠮᠦᠰ ᠪᠣᠯ ᠬᠠᠭᠠᠷᠠᠯ ᠡᠳᠦᠭᠴᠢ ᠪᠥᠭᠡᠳ ᠠᠮᠢᠲᠠᠨ ᠤ ᠵᠥᠩ ᠲᠡᠢ᠂ ᠬᠠᠷᠢᠨ ᠠᠷᠢᠭᠤᠨ ᠰᠦᠨᠡᠰᠦ ᠦᠭᠡᠢ᠃ 20 ᠬᠠᠢᠷᠠᠲᠤ ᠨᠤᠭᠤᠳ ᠮᠢᠨᠢ ᠡ︕ ᠲᠤᠢᠯ ᠤᠨ ᠠᠷᠢᠭᠤᠨ ᠢᠲᠡᠭᠡᠯ ᠳᠡᠭᠡᠷ᠎ᠡ ᠪᠡᠨ ᠥᠪᠡᠷᠰᠡᠳ ᠢ ᠪᠠᠨ ᠪᠠᠢᠭᠤᠯᠵᠤ ᠠᠷᠢᠭᠤᠨ ᠰᠦᠨᠡᠰᠦ ᠪᠡᠷ ᠳᠠᠭᠠᠳᠬᠠᠨ᠂ 21 ᠪᠤᠷᠬᠠᠨ ᠤ ᠬᠠᠢᠷ᠎ᠠ ᠶᠢᠨ ᠳᠣᠲᠣᠷ᠎ᠠ ᠪᠠᠢᠭᠰᠠᠭᠠᠷ ᠪᠢᠳᠡᠨ ᠦ ᠡᠵᠡᠨ ᠢᠰᠦ᠋ᠰ ᠾᠷᠢᠰᠲ᠋ᠣᠰ ᠤᠨ ᠡᠨᠡᠷᠢᠯ ᠢ ᠮᠥᠩᠬᠡ ᠠᠮᠢ ᠳᠤ ᠬᠦᠷᠲᠡᠯ᠎ᠡ ᠪᠠᠷᠠᠯᠠᠵᠤ ᠪᠠᠢᠭᠠᠷᠠᠢ᠃ 22 ᠡᠷᠡᠭᠡᠯᠵᠡᠵᠦ ᠪᠤᠢ ᠵᠠᠷᠢᠮ ᠢ ᠨᠢ ᠡᠨᠡᠷᠢᠨ᠂ 23 ᠵᠠᠷᠢᠮ ᠢ ᠨᠢ ᠭᠠᠯ ᠳᠣᠲᠣᠷ᠎ᠠ ᠠᠴᠠ ᠲᠠᠲᠠᠨ ᠠᠪᠤᠷᠠᠭᠠᠷᠠᠢ᠃ ᠵᠠᠷᠢᠮ ᠤᠨ ᠬᠢᠨᠢ ᠮᠢᠬᠠᠨ ᠪᠡᠶ᠎ᠡ ᠪᠡᠷ ᠪᠤᠵᠠᠷᠯᠠᠭᠰᠠᠨ ᠬᠤᠪᠴᠠᠰᠤ ᠶᠢ ᠨᠢ ᠬᠦᠷᠲᠡᠯ᠎ᠡ ᠵᠢᠭ᠍ᠰᠢᠭᠰᠡᠨ ᠴᠤ ᠡᠮᠢᠶᠡᠨ ᠡᠨᠡᠷᠢᠭᠲᠦᠨ᠃
24 ᠲᠠ ᠨᠠᠷ ᠢ ᠪᠦᠳᠦᠷᠢᠬᠦ ᠡᠴᠡ ᠬᠠᠮᠠᠭᠠᠯᠠᠵᠤ᠂ ᠥᠪᠡᠷ ᠦᠨ ᠢᠶᠠᠨ ᠰᠦᠷ ᠵᠢᠪᠬᠤᠯᠠᠩ ᠤᠨ ᠡᠮᠦᠨ᠎ᠡ ᠲᠠ ᠨᠠᠷ ᠢ ᠭᠡᠮ ᠵᠢᠮ ᠦᠭᠡᠢ᠂ ᠪᠠᠶᠠᠷ ᠬᠥᠷ ᠲᠡᠢ ᠪᠠᠷ ᠲᠣᠭᠲᠠᠭᠠᠵᠤ ᠴᠢᠳᠠᠭᠴᠢ 25 ᠪᠢᠳᠡᠨ ᠦ ᠴᠣᠷ ᠤᠨ ᠭᠠᠭᠴᠠ ᠪᠤᠷᠬᠠᠨ ᠳᠤ᠂ ᠪᠢᠳᠡᠨ ᠦ ᠡᠵᠡᠨ ᠢᠰᠦ᠋ᠰ ᠾᠷᠢᠰᠲ᠋ᠣᠰ ᠢᠶᠠᠷ ᠳᠠᠮᠵᠢᠨ ᠠᠯᠳᠠᠷ ᠰᠤᠤ᠂ ᠰᠦᠷ ᠵᠢᠪᠬᠤᠯᠠᠩ᠂ ᠬᠦᠴᠦ ᠴᠢᠳᠠᠯ᠂ ᠡᠷᠬᠡ ᠮᠡᠳᠡᠯ ᠬᠠᠮᠤᠭ ᠡᠷᠲᠡ ᠦᠶ᠎ᠡ ᠡᠴᠡ ᠡᠮᠦᠨ᠎ᠡ᠂ ᠣᠳᠣ ᠪᠠ ᠮᠥᠩᠬᠡᠳᠡ ᠪᠠᠢᠬᠤ ᠪᠣᠯᠲᠤᠭᠠᠢ᠃ ᠠᠮᠧᠨ᠃