1 2 3 4 5 6 7 8 9 10 11 12 13 14 15 16 17 18 19 20 21 22 23 24


ᠬᠣᠶᠠᠳᠤᠭᠠᠷ ᠰᠠᠮᠦ᠋ᠶᠧᠯ ᠨᠢᠭᠡ
 ᠰᠠᠦ᠋ᠯ ᠥᠭᠡᠳᠡ ᠪᠣᠯᠣᠭᠰᠠᠨ ᠴᠢᠮᠡᠭᠡ

1 ᠰᠠᠦ᠋ᠯ ᠥᠭᠡᠳᠡ ᠪᠣᠯᠣᠭᠰᠠᠨ ᠤ ᠳᠠᠷᠠᠭ᠎ᠠ᠂ ᠳ᠋ᠠᠸᠢᠳ᠋ ᠠᠮᠠᠯᠧᠺᠴᠤᠳ ᠢ ᠪᠤᠲᠠ ᠴᠣᠬᠢᠨ ᠽᠢᠺᠯᠠᠭ ᠲᠤ ᠪᠤᠴᠠᠵᠤ ᠢᠷᠡᠭᠡᠳ ᠬᠣᠶᠠᠷ ᠬᠣᠨᠣᠵᠤ ᠪᠠᠢᠪᠠ᠃ 2 ᠭᠤᠷᠪᠠᠳᠠᠬᠢ ᠡᠳᠦᠷ ᠨᠢ ᠨᠢᠭᠡᠨ ᠬᠥᠮᠦᠨ ᠰᠠᠦ᠋ᠯ ᠤᠨ ᠬᠤᠸᠠᠷᠠᠨ ᠠᠴᠠ ᠢᠷᠡᠵᠡᠢ᠃ ᠲᠡᠭᠦᠨ ᠦ ᠬᠤᠪᠴᠠᠰᠤ ᠤᠷᠠᠭᠳᠠᠵᠤ᠂ ᠲᠣᠯᠣᠭᠠᠢ ᠳᠡᠭᠡᠷ᠎ᠡ ᠨᠢ ᠲᠣᠭᠣᠰᠣ ᠰᠢᠷᠣᠢ ᠨᠠᠭᠠᠯᠳᠤᠭᠰᠠᠨ ᠪᠠᠢᠪᠠ᠃ ᠲᠡᠷᠡ ᠳ᠋ᠠᠸᠢᠳ᠋ ᠤᠷᠤᠭᠤ ᠢᠷᠡᠭᠡᠳ ᠲᠡᠭᠦᠨ ᠦ ᠡᠮᠦᠨ᠎ᠡ ᠭᠠᠵᠠᠷ ᠲᠤ ᠪᠥᠬᠥᠢᠪᠡ᠃ 3 ᠳ᠋ᠠᠸᠢᠳ᠋᠄ 《ᠴᠢ ᠬᠠᠮᠢᠭ᠎ᠠ ᠠᠴᠠ ᠢᠷᠡᠪᠡ︖》 ᠭᠡᠵᠦ ᠠᠰᠠᠭᠤᠭᠰᠠᠨ ᠳᠤ᠂ ᠲᠡᠷᠡ᠄ 《ᠪᠢ ᠢᠰᠷᠧᠯ ᠤᠨ ᠬᠤᠸᠠᠷᠠᠨ ᠠᠴᠠ ᠵᠢᠭᠤᠲᠠᠵᠤ ᠢᠷᠡᠯ᠎ᠡ》 ᠭᠡᠪᠡ᠃ 4 ᠳ᠋ᠠᠸᠢᠳ᠋ ᠲᠡᠭᠦᠨ ᠳᠦ᠄ 《ᠶᠠᠭᠤ ᠪᠣᠯᠣᠭᠰᠠᠨ ᠪᠤᠢ︖ ᠨᠠᠳᠠ ᠳᠤ ᠬᠡᠯᠡ》 ᠭᠡᠬᠦ ᠳᠦ᠂ ᠲᠡᠷᠡ᠄ 《ᠢᠰᠷᠧᠯ ᠤᠨ ᠴᠡᠷᠢᠭ ᠲᠤᠯᠤᠯᠳᠤᠭᠠᠨ ᠤ ᠲᠠᠯᠠᠪᠤᠷ ᠠᠴᠠ ᠵᠢᠭᠤᠲᠠᠯ᠎ᠠ᠃ ᠣᠯᠠᠨ ᠬᠥᠮᠦᠨ ᠤᠨᠠᠭᠰᠠᠨ᠂ ᠰᠠᠦ᠋ᠯ ᠪᠣᠯᠣᠨ ᠲᠡᠭᠦᠨ ᠦ ᠬᠥᠪᠡᠭᠦᠨ ᠶᠣᠨᠠᠲ᠋ᠠᠨ ᠴᠤ ᠡᠷᠡᠰᠳᠡᠪᠡ》 ᠭᠡᠯ᠎ᠡ᠃ 5 ᠳ᠋ᠠᠸᠢᠳ᠋ ᠴᠢᠮᠡᠭᠡ ᠠᠪᠴᠢᠷᠠᠭᠰᠠᠨ ᠲᠡᠷᠡ ᠵᠠᠯᠠᠭᠤ ᠠᠴᠠ᠄ 《ᠰᠠᠦ᠋ᠯ ᠪᠣᠯᠣᠨ ᠲᠡᠭᠦᠨ ᠦ ᠬᠥᠪᠡᠭᠦᠨ ᠶᠣᠨᠠᠲ᠋ᠠᠨ ᠤ ᠡᠷᠡᠰᠳᠡᠭᠰᠡᠨ ᠢ ᠴᠢ ᠶᠠᠭᠠᠬᠢᠵᠤ ᠮᠡᠳᠡᠭᠰᠡᠨ ᠪᠤᠢ︖》 ᠭᠡᠵᠦ ᠠᠰᠠᠭᠤᠭᠰᠠᠨ ᠳᠤ᠂ 6 ᠲᠡᠷᠡ ᠵᠠᠯᠠᠭᠤ᠄ 《ᠲᠡᠷᠡ ᠦᠶ᠎ᠡ ᠳᠦ ᠪᠢ ᠶᠠᠭ ᠭᠢᠯᠪᠣᠶ᠎ᠠ ᠠᠭᠤᠯᠠᠨ ᠳᠤ ᠪᠠᠢᠬᠤ ᠲᠠᠭᠠᠷᠠᠭᠰᠠᠨ᠃ ᠪᠢ ᠬᠠᠷᠠᠬᠤ ᠳᠤ᠂ ᠰᠠᠦ᠋ᠯ ᠵᠢᠳᠠ ᠪᠠᠨ ᠲᠦᠰᠢᠵᠦ ᠪᠠᠢᠭᠰᠠᠨ ᠪᠥᠭᠡᠳ ᠲᠡᠷᠭᠡᠲᠦ ᠴᠡᠷᠢᠭ ᠪᠣᠯᠣᠨ ᠮᠣᠷᠢᠲᠤ ᠴᠡᠷᠢᠭ ᠤᠳ ᠲᠡᠭᠦᠨ ᠤᠷᠤᠭᠤ ᠳᠠᠭᠠᠷᠢᠨ ᠣᠴᠢᠵᠤ ᠪᠠᠢᠯ᠎ᠠ︕ 7 ᠰᠠᠦ᠋ᠯ ᠠᠷᠤᠨᠰᠢ ᠪᠠᠨ ᠡᠷᠭᠢᠵᠦ᠂ ᠨᠠᠮᠠᠶᠢ ᠬᠠᠷᠠᠭᠠᠳ ᠳᠠᠭᠤᠳᠠᠭᠰᠠᠨ ᠶᠤᠮ᠃ 〈ᠪᠢ ᠡ᠊ᠨᠳᠡ ᠪᠠᠢᠨ᠎ᠠ〉 ᠭᠡᠵᠦ ᠬᠠᠷᠢᠭᠤᠯᠤᠭᠰᠠᠨ ᠳᠤ᠂ 8 ᠲᠡᠷᠡ᠄ 〈ᠴᠢ ᠬᠡᠨ ᠪᠤᠢ︖〉 ᠭᠡᠵᠦ ᠠᠰᠠᠭᠤᠪᠠ᠂ ᠪᠢ᠄ 〈ᠠᠮᠠᠯᠧᠺ ᠬᠥᠮᠦᠨ ᠪᠠᠢᠨ᠎ᠠ〉 ᠭᠡᠰᠡᠨ ᠪᠢᠯᠡ᠃ 9 ᠲᠡᠷᠡ ᠨᠠᠳᠠ ᠳᠤ᠄ 〈ᠨᠠᠰᠢ ᠢᠷᠡᠵᠦ᠂ ᠨᠠᠮᠠᠶᠢ ᠡᠴᠦᠰᠯᠡᠭᠦᠯᠦᠭᠡᠴᠢ᠃ ᠦᠬᠦᠲᠡᠯ᠎ᠡ ᠡᠪᠡᠳᠴᠦ ᠪᠠᠢᠭ᠎ᠠ ᠪᠣᠯᠪᠠᠴᠤ ᠠᠮᠢ ᠮᠢᠨᠢ ᠲᠠᠰᠤᠷᠠᠬᠤ ᠦᠭᠡᠢ ᠪᠠᠢᠨ᠎ᠠ〉 ᠬᠡᠮᠡᠨ ᠥᠭᠦᠯᠡᠪᠡ᠃ 10 ᠲᠡᠷᠡ ᠨᠢᠭᠡᠨᠲᠡ ᠤᠨᠠᠭᠰᠠᠨ ᠬᠣᠢᠨ᠎ᠠ ᠠᠮᠢᠳᠤ ᠦᠯᠡᠳᠡᠵᠦ ᠴᠢᠳᠠᠬᠤ ᠦᠭᠡᠢ ᠭᠡᠵᠦ ᠪᠢ ᠪᠣᠳᠣᠭᠠᠳ ᠲᠡᠭᠦᠨ ᠦ ᠳᠡᠷᠭᠡᠳᠡ ᠣᠴᠢᠵᠤ ᠲᠡᠭᠦᠨ ᠢ ᠡᠴᠦᠰᠯᠡᠭᠦᠯᠪᠡ᠃ ᠲᠡᠭᠡᠭᠡᠳ ᠪᠢ ᠲᠡᠭᠦᠨ ᠦ ᠲᠣᠯᠣᠭᠠᠢ ᠶᠢᠨ ᠲᠢᠲᠢᠮ᠂ ᠭᠠᠷ ᠤᠨ ᠪᠠᠭᠤᠪᠴᠢ ᠶᠢ ᠨᠠᠰᠢ ᠪᠠᠨ ᠡᠵᠡᠨ ᠲᠠᠨ ᠳᠠᠭᠠᠨ ᠠᠪᠴᠢᠷᠠᠯ᠎ᠠ》 ᠭᠡᠪᠡ᠃

11 ᠳ᠋ᠠᠸᠢᠳ᠋ ᠬᠤᠪᠴᠠᠰᠤ ᠪᠠᠨ ᠬᠠᠤ ᠲᠠᠲᠠᠨ ᠤᠷᠠᠭᠰᠠᠨ ᠳᠤ᠂ ᠲᠡᠭᠦᠨ ᠲᠡᠢ ᠬᠠᠮᠲᠤ ᠪᠠᠢᠭᠰᠠᠨ ᠪᠦᠬᠦ ᠬᠥᠮᠦᠨ ᠲᠡᠭᠡᠭᠰᠡᠨ ᠪᠥᠭᠡᠳ 12 ᠢᠯᠳᠦᠨ ᠳᠦ ᠴᠣᠬᠢᠭᠳᠠᠨ ᠤᠨᠠᠭᠰᠠᠨ ᠰᠠᠦ᠋ᠯ᠂ ᠲᠡᠭᠦᠨ ᠦ ᠬᠥᠪᠡᠭᠦᠨ ᠶᠣᠨᠠᠲ᠋ᠠᠨ᠂ ᠶᠣᠬᠣᠸᠠ ᠶᠢᠨ ᠠᠷᠠᠳ ᠲᠦᠮᠡᠨ᠂ ᠮᠥᠨ ᠢᠰᠷᠧᠯ ᠤᠨ ᠭᠡᠷ ᠦᠨ ᠬᠢᠨ ᠤ ᠲᠥᠯᠥᠭᠡ ᠭᠠᠰᠢᠭᠤᠳᠠᠨ ᠤᠬᠢᠯᠠᠵᠤ᠂ ᠦᠳᠡᠰᠢ ᠪᠣᠯᠲᠠᠯ᠎ᠠ ᠪᠠᠴᠠᠭ ᠪᠠᠷᠢᠪᠠ᠃ 13 ᠳ᠋ᠠᠸᠢᠳ᠋ ᠮᠡᠳᠡᠭᠡ ᠠᠪᠴᠢᠷᠠᠭᠰᠠᠨ ᠵᠠᠯᠠᠭᠤ ᠳᠤ᠄ 《ᠴᠢ ᠬᠠᠮᠢᠭᠠᠬᠢ ᠶᠢᠨ ᠬᠥᠮᠦᠨ ᠪᠤᠢ︖》 ᠭᠡᠬᠦ ᠳᠦ᠂ ᠲᠡᠷᠡ᠄ 《ᠪᠢ ᠪᠣᠯ ᠲᠠ ᠨᠠᠷ ᠤᠨ ᠳᠤᠮᠳᠠ ᠠᠮᠢᠳᠤᠷᠠᠳᠠᠭ ᠠᠮᠠᠯᠧᠺ ᠬᠥᠮᠦᠨ ᠦ ᠬᠦᠦ》 ᠭᠡᠵᠦ ᠬᠠᠷᠢᠭᠤᠯᠪᠠ᠃ 14 ᠳ᠋ᠠᠸᠢᠳ᠋᠄ 《ᠴᠢ ᠶᠠᠭᠤᠨ ᠳᠤ ᠠᠶᠤᠮᠰᠢᠭ ᠦᠭᠡᠢ ᠪᠠᠷ ᠭᠠᠷ ᠰᠤᠩ᠋ᠭᠠᠨ ᠶᠣᠬᠣᠸᠠ ᠶᠢᠨ ᠲᠣᠰᠣᠯᠠᠭᠰᠠᠨ ᠬᠥᠮᠦᠨ ᠢ ᠠᠯᠠᠬᠤ ᠨᠢ ᠪᠤᠢ︖》 ᠭᠡᠳ᠂ 15 ᠨᠢᠭᠡ ᠵᠠᠯᠠᠭᠤ ᠶᠢ ᠳᠠᠭᠤᠳᠠᠨ᠄ 《ᠲᠡᠰᠢ ᠣᠴᠢᠵᠤ ᠲᠡᠭᠦᠨ ᠢ ᠠᠯᠠ》 ᠭᠡᠰᠡᠨ ᠳᠦ᠂ ᠲᠡᠷᠡ ᠴᠣᠬᠢᠵᠤ ᠠᠯᠠᠪᠠ᠃ 16 ᠳ᠋ᠠᠸᠢᠳ᠋ ᠲᠡᠭᠦᠨ ᠳᠦ᠄ 《ᠴᠢᠨᠦ ᠴᠢᠰᠤ ᠲᠣᠯᠣᠭᠠᠢ ᠳᠡᠭᠡᠷ᠎ᠡ ᠴᠢᠨᠢ ᠪᠠᠭᠤᠬᠤ ᠪᠣᠯᠣᠨ᠎ᠠ᠃ ᠴᠢ᠄ 〈ᠶᠣᠬᠣᠸᠠ ᠶᠢᠨ ᠲᠣᠰᠣᠯᠠᠭᠰᠠᠨ ᠬᠥᠮᠦᠨ ᠢ ᠪᠢ ᠠᠯᠠᠪᠠ〉 ᠭᠡᠵᠦ ᠥᠪᠡᠷ ᠦᠨ ᠢᠶᠠᠨ ᠡᠰᠡᠷᠭᠦ ᠭᠡᠷᠡᠴᠢᠯᠡᠭᠰᠡᠨ ᠶᠤᠮ》 ᠭᠡᠵᠦ ᠬᠡᠯᠡᠭᠰᠡᠨ ᠪᠠᠢᠨ᠎ᠠ᠃

17 ᠳ᠋ᠠᠸᠢᠳ᠋ ᠰᠠᠦ᠋ᠯ ᠪᠣᠯᠣᠨ ᠲᠡᠭᠦᠨ ᠦ ᠬᠥᠪᠡᠭᠦᠨ ᠶᠣᠨᠠᠲ᠋ᠠᠨ ᠤ ᠲᠥᠯᠥᠭᠡ ᠭᠠᠰᠢᠭᠤᠳᠠᠯ ᠤᠨ ᠳᠠᠭᠤᠤ ᠵᠣᠬᠢᠶᠠᠵᠤ᠂ 18 ᠶᠦᠳᠠᠴᠤᠳ ᠲᠤ ᠰᠤᠷᠭᠠᠬᠤ ᠶᠢ ᠵᠠᠬᠢᠪᠠ᠃ ᠡᠨᠡ ᠳᠠᠭᠤᠤ ᠶᠢ 《ᠨᠤᠮᠤ》 ᠭᠡᠳᠡᠭ ᠪᠥᠭᠡᠳ ᠶᠠᠱᠠᠷ ᠤᠨ ᠨᠣᠮ ᠳᠤ ᠪᠢᠴᠢᠭᠳᠡᠭᠰᠡᠨ ᠠᠵᠢ᠃
19 《ᠥ᠂ ᠢᠰᠷᠧᠯ ᠡ᠂ ᠠᠯᠳᠠᠷᠲᠠᠳ ᠴᠢᠨᠢ ᠲᠣᠯᠣᠭᠠᠳ ᠳᠡᠭᠡᠷ᠎ᠡ ᠠᠯᠠᠭᠤᠯᠤᠭᠰᠠᠨ ᠡᠷᠡᠯᠬᠡᠭ ᠪᠠᠭᠠᠲᠤᠷ ᠤᠳ ᠮᠠᠨᠢ ᠲᠡᠨᠳᠡ ᠤᠨᠠᠭᠰᠠᠨ︕
20 ᠡᠨᠡ ᠬᠦ ᠶᠠᠪᠤᠳᠠᠯ ᠢ ᠭᠠᠲ ᠲᠤ ᠪᠦᠦ ᠲᠤᠭᠤᠯᠭ᠎ᠠ ᠠᠱᠺᠧᠯᠣᠨ ᠤ ᠭᠤᠳᠤᠮᠵᠢᠨ ᠳᠤ ᠴᠤ ᠪᠦᠦ ᠲᠤᠩ᠋ᠬᠠᠭᠯᠠ ᠡᠰᠡ ᠪᠥᠭᠡᠰᠦ ᠹᠢᠯᠢᠰᠲ᠋ᠴᠦᠳ ᠦᠨ ᠥᠬᠢᠳ ᠪᠠᠶᠠᠷᠯᠠᠵᠤ ᠬᠥᠪᠴᠢᠷᠬᠡᠢ ᠬᠥᠨᠳᠡᠭᠦᠯᠦᠭᠡ ᠦᠭᠡᠢ ᠬᠥᠮᠦᠨ ᠦ ᠥᠬᠢᠳ ᠬᠥᠭᠡᠷᠬᠦ ᠪᠤᠢ᠃
21 ᠥ᠂ ᠭᠢᠯᠪᠣᠶ᠎ᠠ ᠶᠢᠨ ᠠᠭᠤᠯᠠᠰ ᠡ ᠲᠠ ᠨᠠᠷ ᠤᠨ ᠳᠡᠭᠡᠷ᠎ᠡ ᠰᠢᠭᠦᠳᠡᠷᠢ ᠦᠭᠡᠢ᠂ ᠪᠣᠷᠣᠭᠠᠨ ᠦᠭᠡᠢ ᠲᠠᠯᠠᠪᠠᠢ ᠳᠡᠭᠡᠷ᠎ᠡ ᠴᠢᠨᠢ ᠲᠠᠬᠢᠯ ᠪᠣᠯᠬᠤ ᠲᠠᠷᠢᠶ᠎ᠠ ᠦᠭᠡᠢ᠃ ᠲᠠᠨ ᠤ ᠲᠡᠨᠳᠡ ᠪᠠᠭᠠᠲᠤᠷ ᠤᠳ ᠤᠨ ᠪᠠᠮᠪᠠᠢ ᠪᠤᠵᠠᠷᠲᠤᠪᠠ ᠰᠠᠦ᠋ᠯ ᠤᠨ ᠪᠠᠮᠪᠠᠢ ᠴᠤ ᠡᠰᠡ ᠲᠣᠰᠣᠯᠠᠭᠳᠠᠪᠠ᠃
22 ᠨᠡᠪᠲᠡ ᠬᠠᠷᠪᠤᠭᠳᠠᠭᠰᠠᠳ ᠤᠨ ᠴᠢᠰᠤ ᠦᠭᠡᠢ ᠪᠠᠷ ᠶᠣᠨᠠᠲ᠋ᠠᠨ ᠤ ᠨᠤᠮᠤ ᠬᠠᠷᠢᠳᠠᠭ ᠦᠭᠡᠢ ᠪᠠᠭᠠᠲᠤᠷ ᠤᠳ ᠤᠨ ᠥᠭᠡᠬᠦ ᠦᠭᠡᠢ ᠪᠠᠷ ᠰᠠᠦ᠋ᠯ ᠤᠨ ᠢᠯᠳᠦ ᠬᠣᠭᠣᠰᠣᠨ ᠪᠤᠴᠠᠳᠠᠭ ᠦᠭᠡᠢ ᠪᠠᠢᠪᠠ᠃
23 ᠡᠪ ᠲᠡᠢ᠂ ᠬᠠᠢᠷᠠᠲᠠᠢ ᠶᠠᠪᠤᠭᠰᠠᠨ ᠰᠠᠦ᠋ᠯ᠂ ᠶᠣᠨᠠᠲ᠋ᠠᠨ ᠬᠣᠶᠠᠷ ᠠᠮᠢᠳᠤ ᠳᠠᠭᠠᠨ ᠴᠤ᠂ ᠦᠬᠦᠬᠦ ᠳᠡᠭᠡᠨ ᠴᠤ ᠰᠠᠯᠤᠰᠢ ᠦᠭᠡᠢ ᠡ ᠲᠡᠳᠡ ᠪᠦᠷᠭᠦᠳ ᠡᠴᠡ ᠴᠤ ᠬᠤᠷᠳᠤᠨ ᠠᠷᠰᠯᠠᠨ ᠠᠴᠠ ᠴᠤ ᠬᠦᠴᠦᠲᠡᠢ ᠡ᠃
24 ᠥ᠂ ᠢᠰᠷᠧᠯ ᠤᠨ ᠥᠬᠢᠳ ᠡ ᠲᠠ ᠨᠠᠷ ᠢ ᠴᠢᠰ ᠤᠯᠠᠭᠠᠨ ᠲᠠᠩᠰᠤᠭ ᠬᠤᠪᠴᠠᠰᠤ ᠪᠠᠷ ᠭᠣᠶᠣᠵᠤ ᠡᠮᠦᠰᠬᠡᠯ ᠦᠨ ᠴᠢᠨᠢ ᠳᠡᠭᠡᠷ᠎ᠡ ᠠᠯᠲᠠᠨ ᠴᠢᠮᠡᠭ ᠢ ᠵᠡᠭᠦᠵᠦ ᠥᠭᠭᠥᠭᠰᠡᠨ ᠰᠠᠦ᠋ᠯ ᠤᠨ ᠲᠥᠯᠥᠭᠡ ᠤᠬᠢᠯᠠᠭᠲᠤᠨ᠃
25 ᠲᠤᠯᠤᠯᠳᠤᠭᠠᠨ ᠤ ᠳᠤᠮᠳᠠ ᠪᠠᠭᠠᠲᠤᠷ ᠤᠳ ᠤᠨᠠᠭᠰᠠᠨ ᠠᠵᠢ ᠲᠣᠯᠣᠭᠠᠳ ᠳᠡᠭᠡᠷ᠎ᠡ ᠶᠣᠨᠠᠲ᠋ᠠᠨ ᠠᠯᠠᠭᠳᠠᠵᠠᠢ᠃
26 ᠠᠬ᠎ᠠ ᠶᠣᠨᠠᠲ᠋ᠠᠨ ᠮᠢᠨᠢ ᠴᠢᠨᠦ ᠲᠥᠯᠥᠭᠡ ᠮᠢᠨᠦ ᠵᠢᠷᠦᠬᠡ ᠰᠢᠨᠠᠯᠵᠤ ᠪᠠᠢᠨ᠎ᠠ ᠴᠢ ᠨᠠᠳᠠ ᠳᠤ ᠦᠨᠡᠬᠡᠷ ᠰᠠᠢᠨ ᠪᠠᠢᠯ᠎ᠠ ᠴᠢᠨᠦ ᠬᠠᠢᠷ᠎ᠠ ᠪᠦᠰᠡᠭᠦᠢ ᠶᠢᠨ ᠬᠠᠢᠷ᠎ᠠ ᠠᠴᠠ ᠢᠯᠡᠭᠦᠦ ᠭᠠᠢᠬᠠᠮᠰᠢᠭ ᠲᠠᠢ ᠪᠠᠢᠯ᠎ᠠ᠃
27 ᠭᠡᠪᠡᠴᠦ ᠪᠠᠭᠠᠲᠤᠷ ᠨᠢ ᠤᠨᠠᠵᠤ᠂ ᠵᠡᠪᠰᠡᠭ ᠨᠢ ᠰᠦᠢᠷᠡᠵᠡᠢ᠃》