ᠬᠣᠶᠠᠳᠤᠭᠠᠷ ᠰᠠᠮᠦ᠋ᠶᠧᠯ ᠳᠥᠷᠪᠡ
ᠢᠱ ᠪᠣᠱᠧᠲ ᠬᠣᠣᠷᠯᠠᠭᠳᠠᠪᠠ
1 ᠰᠠᠦ᠋ᠯ ᠤᠨ ᠬᠦᠦ ᠢᠱ ᠪᠣᠱᠧᠲ ᠠᠪᠨᠧᠷ ᠤᠨ ᠾᠧᠪᠷᠣᠨ ᠳᠤ ᠨᠠᠰᠤ ᠨᠥᠭᠴᠢᠭᠰᠡᠨ ᠢ ᠰᠣᠨᠣᠰᠣᠭᠠᠳ᠂ ᠵᠣᠷᠢᠭ ᠠᠯᠳᠠᠭᠰᠠᠨ ᠪᠥᠭᠡᠳ ᠬᠠᠮᠤᠭ ᠢᠰᠷᠧᠯ ᠴᠤ ᠰᠠᠨᠳᠤᠷᠪᠠ᠃ 2 ᠰᠠᠦ᠋ᠯ ᠤᠨ ᠬᠦᠦ ᠢᠱ ᠪᠣᠱᠧᠲ ᠤᠨ ᠳᠣᠣᠷ᠎ᠠ ᠬᠣᠶᠠᠷ ᠴᠡᠷᠢᠭ ᠤᠨ ᠳᠠᠷᠤᠭ᠎ᠠ ᠪᠠᠢᠵᠠᠢ᠃ ᠨᠢᠭᠡ ᠶᠢ ᠨᠢ ᠪᠠᠨ᠎ᠠ᠂ ᠨᠥᠭᠥᠭᠡ ᠶᠢ ᠨᠢ ᠷᠧᠺᠠᠪ ᠭᠡᠳᠡᠭ ᠪᠥᠭᠡᠳ ᠬᠣᠶᠠᠭᠤᠯᠠ ᠪᠠᠨ ᠪᠢᠨᠶᠠᠮᠢᠨ ᠣᠪᠣᠭ ᠤᠨ ᠪᠧᠷᠣᠲ ᠬᠥᠮᠦᠨ ᠷᠢᠮᠣᠨ ᠤ ᠬᠥᠪᠡᠭᠦᠳ ᠪᠠᠢᠪᠠ᠃ ᠪᠧᠷᠣᠲ ᠴᠤ ᠪᠢᠨᠶᠠᠮᠢᠨ ᠤ ᠨᠢᠭᠡᠨ ᠬᠡᠰᠡᠭ ᠭᠡᠭᠳᠡᠳᠡᠭ ᠨᠢ 3 ᠪᠧᠷᠣᠲ᠋ᠴᠤᠳ ᠬᠢᠲ᠋ᠠᠢᠮ ᠤᠷᠤᠭᠤ ᠵᠢᠭᠤᠲᠠᠨ ᠢᠷᠡᠵᠦ᠂ ᠥᠨᠥᠳᠥᠷ ᠬᠦᠷᠲᠡᠯ᠎ᠡ ᠲᠡᠨᠳᠡ ᠰᠠᠭᠤᠵᠤ ᠪᠤᠢ ᠶᠢᠨ ᠤᠴᠢᠷ ᠶᠤᠮ᠃
4 ᠰᠠᠦ᠋ᠯ ᠤᠨ ᠬᠦᠦ ᠶᠣᠨᠠᠲ᠋ᠠᠨ ᠳᠤ ᠨᠢᠭᠡᠨ ᠳᠣᠭᠣᠯᠠᠩ ᠬᠥᠪᠡᠭᠦᠨ ᠪᠠᠢᠪᠠ᠃ ᠲᠡᠷᠡ ᠲᠠᠪᠤᠨ ᠨᠠᠰᠤᠲᠠᠢ ᠪᠠᠢᠬᠤ ᠳᠤ᠂ ᠰᠠᠦ᠋ᠯ ᠪᠣᠯᠣᠨ ᠶᠣᠨᠠᠲ᠋ᠠᠨ ᠤ ᠠᠯᠠᠭᠳᠠᠭᠰᠠᠨ ᠮᠡᠳᠡᠭᠡ ᠶᠧᠽᠷᠧᠯ ᠡᠴᠡ ᠢᠷᠡᠭᠰᠡᠨ ᠪᠠᠢᠯ᠎ᠠ᠃ ᠠᠰᠠᠷᠠᠭᠴᠢ ᠨᠢ ᠬᠦᠦ ᠶᠢ ᠲᠡᠪᠡᠷᠢᠵᠦ᠂ ᠶᠠᠭᠠᠷᠠᠨ ᠵᠢᠭᠤᠲᠠᠵᠤ ᠪᠠᠢᠭᠠᠳ ᠲᠡᠭᠦᠨ ᠢ ᠤᠨᠠᠭᠠᠭᠰᠠᠨ ᠢᠶᠠᠷ ᠬᠦᠦ ᠳᠣᠭᠣᠯᠠᠩ ᠪᠣᠯᠵᠠᠢ᠃ ᠲᠡᠷᠡ ᠬᠦᠦ ᠶᠢ ᠮᠧᠹᠢᠪᠣᠱᠧᠲ ᠭᠡᠳᠡᠭ᠃
5 ᠨᠢᠭᠡᠨ ᠡᠳᠦᠷ ᠪᠧᠷᠣᠲ ᠬᠥᠮᠦᠨ ᠷᠢᠮᠣᠨ ᠤ ᠬᠦᠦ ᠷᠧᠺᠠᠪ᠂ ᠪᠠᠨ᠎ᠠ ᠬᠣᠶᠠᠷ ᠢᠱ ᠪᠣᠱᠧᠲ ᠤᠨ ᠭᠡᠷ ᠤᠷᠤᠭᠤ ᠶᠠᠪᠤᠵᠤ᠂ ᠦᠳᠡ ᠶᠢᠨ ᠬᠠᠯᠠᠭᠤᠨ ᠳᠤ ᠲᠡᠨᠳᠡ ᠬᠦᠷᠦᠯ᠎ᠡ᠃ ᠲᠡᠷᠡ ᠦᠶ᠎ᠡ ᠳᠦ ᠢᠱ ᠪᠣᠱᠧᠲ ᠵᠡᠭᠦᠷᠮᠡᠭᠯᠡᠵᠦ ᠪᠠᠢᠪᠠ᠃ 6 ᠲᠡᠳᠡ ᠪᠤᠭᠤᠳᠠᠢ ᠠᠪᠬᠤ ᠮᠠᠶ᠋ᠢᠭ ᠭᠠᠷᠭᠠᠨ ᠭᠡᠷ ᠳᠣᠲᠣᠷ᠎ᠠ ᠣᠷᠣᠭᠠᠳ ᠲᠡᠭᠦᠨ ᠦ ᠬᠡᠪᠡᠯᠢ ᠤᠷᠤᠭᠤ ᠪᠦᠯᠢᠪᠡ᠃ ᠲᠡᠭᠡᠭᠡᠳ ᠷᠧᠺᠠᠪ ᠪᠣᠯᠣᠨ ᠲᠡᠭᠦᠨ ᠦ ᠳᠡᠭᠦᠦ ᠪᠠᠨ᠎ᠠ ᠵᠢᠭᠤᠲᠠᠭᠰᠠᠨ ᠪᠠᠢᠯ᠎ᠠ᠃ 7 ᠶᠠᠭᠠᠬᠢᠭᠠᠳ ᠭᠡᠪᠡᠯ᠂ ᠲᠡᠳᠡᠨ ᠢ ᠭᠡᠷ ᠲᠦ ᠣᠷᠣᠬᠤ ᠦᠶ᠎ᠡ ᠳᠦ᠂ ᠢᠱ ᠪᠣᠱᠧᠲ ᠤᠨᠲᠠᠯᠭ᠎ᠠ ᠶᠢᠨ ᠥᠷᠥᠭᠡᠨ ᠳᠡᠭᠡᠨ ᠣᠷᠣ ᠳᠡᠭᠡᠷ᠎ᠡ ᠪᠡᠨ ᠤᠨᠲᠠᠵᠤ ᠪᠠᠢᠵᠠᠢ᠃ ᠲᠡᠳᠡ ᠲᠡᠭᠦᠨ ᠢ ᠴᠢᠴᠢᠵᠦ ᠠᠯᠠᠭᠠᠳ ᠲᠣᠯᠣᠭᠠᠢ ᠶᠢ ᠨᠢ ᠣᠭᠲᠣᠯᠵᠤ ᠠᠪᠤᠭᠠᠳ᠂ ᠰᠥᠨᠢᠵᠢᠨ ᠢᠶᠠᠨ ᠶᠣᠷᠳᠠᠨ ᠤ ᠬᠥᠨᠳᠡᠢ ᠶᠢ ᠳᠤᠭᠤᠯᠵᠤ᠂ 8 ᠾᠧᠪᠷᠣᠨ ᠳᠤ ᠣᠴᠢᠪᠠ᠃ ᠲᠡᠳᠡ ᠢᠱ ᠪᠣᠱᠧᠲ ᠤᠨ ᠲᠣᠯᠣᠭᠠᠢ ᠶᠢ ᠳ᠋ᠠᠸᠢᠳ᠋ ᠬᠠᠭᠠᠨ ᠳᠤ ᠠᠪᠴᠢᠷᠠᠭᠠᠳ᠄ 《ᠬᠠᠷᠠᠭᠠᠴᠢ᠂ ᠠᠮᠢ ᠶᠢ ᠲᠠᠨᠢ ᠬᠥᠨᠥᠭᠡᠬᠦ ᠭᠡᠵᠦ ᠪᠠᠢᠭᠰᠠᠨ ᠲᠠᠨ ᠤ ᠳᠠᠢᠰᠤᠨ ᠰᠠᠦ᠋ᠯ ᠤᠨ ᠬᠦᠦ ᠢᠱ ᠪᠣᠱᠧᠲ ᠤᠨ ᠲᠣᠯᠣᠭᠠᠢ ᠡᠨᠡ ᠪᠠᠢᠨ᠎ᠠ᠃ ᠡᠢᠨ ᠬᠦ ᠶᠣᠬᠣᠸᠠ ᠥᠨᠥᠳᠥᠷ ᠮᠢᠨᠦ ᠡᠵᠡᠨ ᠬᠠᠭᠠᠨ ᠤ ᠲᠥᠯᠥᠭᠡ ᠰᠠᠦ᠋ᠯ ᠪᠣᠯᠣᠨ ᠲᠡᠭᠦᠨ ᠦ ᠦᠷ᠎ᠡ ᠤᠳᠤᠮ ᠠᠴᠠ ᠥᠰᠢᠶ᠎ᠡ ᠠᠪᠤᠭᠤᠯᠤᠭᠰᠠᠨ ᠪᠠᠢᠨ᠎ᠠ》 ᠭᠡᠵᠡᠢ᠃
9 ᠬᠠᠷᠢᠨ ᠳ᠋ᠠᠸᠢᠳ᠋ ᠪᠧᠷᠣᠲ ᠬᠥᠮᠦᠨ ᠷᠢᠮᠣᠨ ᠤ ᠬᠥᠪᠡᠭᠦᠳ ᠪᠣᠯᠬᠤ ᠷᠧᠺᠠᠪ ᠪᠣᠯᠣᠨ ᠲᠡᠭᠦᠨ ᠦ ᠠᠬ᠎ᠠ ᠪᠠᠨ᠎ᠠ ᠶᠢᠨ ᠬᠠᠷᠢᠭᠤ ᠳᠤ᠄ 《ᠮᠢᠨᠦ ᠠᠮᠢ ᠶᠢ ᠠᠯᠢᠪᠠ ᠭᠠᠴᠢᠭᠳᠠᠯ ᠠᠴᠠ ᠠᠪᠤᠷᠠᠭᠰᠠᠨ ᠠᠮᠢᠳᠤ ᠶᠣᠬᠣᠸᠠ ᠮᠢᠨᠦ ᠭᠡᠷᠡᠴᠢ ᠪᠣᠯᠣᠨ᠎ᠠ᠃ 10 ᠤᠷᠢᠳᠤ ᠨᠢ 〈ᠰᠠᠦ᠋ᠯ ᠦᠬᠦᠭᠰᠡᠨ ᠰᠢᠦ〉 ᠭᠡᠵᠦ ᠨᠠᠳᠠ ᠳᠤ ᠮᠡᠳᠡᠭᠳᠡᠭᠰᠡᠨ ᠬᠥᠮᠦᠨ ᠪᠠᠢᠭᠰᠠᠨ᠂ ᠲᠡᠷᠡ ᠥᠪᠡᠷ ᠢ ᠪᠠᠨ ᠰᠠᠢᠨ ᠮᠡᠳᠡᠭᠡ ᠠᠪᠴᠢᠷᠠᠯ᠎ᠠ ᠭᠡᠵᠦ ᠪᠣᠳᠣᠭᠰᠠᠨ ᠪᠣᠯᠪᠠᠴᠤ ᠪᠢ ᠲᠡᠭᠦᠨ ᠢ ᠪᠠᠷᠢᠵᠤ᠂ ᠽᠢᠺᠯᠠᠭ ᠲᠤ ᠴᠠᠭᠠᠵᠠᠯᠠᠭᠤᠯᠤᠭᠰᠠᠨ ᠪᠢᠯᠡ᠃ ᠮᠡᠳᠡᠭᠡ ᠠᠪᠴᠢᠷᠠᠭᠰᠠᠨ ᠬᠥᠮᠦᠨ ᠳᠦ ᠥᠭᠭᠥᠭᠰᠡᠨ ᠱᠠᠩᠨᠠᠯ ᠨᠢ ᠲᠡᠢᠮᠦ ᠪᠠᠢᠬᠤ ᠳᠤ᠂ 11 ᠭᠡᠮ ᠦᠭᠡᠢ ᠬᠥᠮᠦᠨ ᠢ ᠥᠪᠡᠷ ᠦᠨ ᠬᠢᠨᠢ ᠭᠡᠷ ᠲᠦ᠂ ᠥᠪᠡᠷ ᠦᠨ ᠬᠢᠨᠢ ᠣᠷᠣ ᠳᠡᠭᠡᠷ᠎ᠡ ᠠᠯᠠᠭᠰᠠᠨ ᠭᠡᠮ ᠲᠡᠢ ᠲᠠ ᠨᠠᠷ ᠲᠤ ᠢᠯᠡᠭᠦᠦ ᠶᠢ ᠣᠨᠣᠭᠠᠵᠤ᠂ ᠲᠠ ᠨᠠᠷ ᠤᠨ ᠭᠠᠷ ᠠᠴᠠ ᠴᠢᠰᠤ ᠶᠢ ᠨᠢ ᠨᠡᠬᠡᠵᠦ ᠲᠠ ᠨᠠᠷ ᠢ ᠭᠠᠵᠠᠷ ᠠᠴᠠ ᠠᠷᠴᠢᠨ ᠬᠠᠶᠠᠬᠤ ᠦᠭᠡᠢ ᠭᠡᠵᠢ ᠤᠤ︖》 ᠭᠡᠪᠡ᠃ 12 ᠲᠡᠭᠡᠭᠡᠳ ᠳ᠋ᠠᠸᠢᠳ᠋ ᠵᠠᠯᠠᠭᠤᠰ ᠲᠠᠭᠠᠨ ᠲᠤᠰᠢᠶᠠᠵᠤ ᠲᠡᠷᠡ ᠬᠣᠶᠠᠷ ᠢ ᠴᠠᠭᠠᠵᠠᠯᠠᠭᠤᠯᠪᠠ᠃ ᠵᠠᠯᠠᠭᠤᠰ ᠲᠡᠳᠡᠨ ᠦ ᠭᠠᠷ ᠬᠥᠯ ᠢ ᠴᠠᠪᠴᠢᠭᠠᠳ᠂ ᠾᠧᠪᠷᠣᠨ ᠳᠤ ᠴᠥᠭᠥᠷᠥᠮ ᠦᠨ ᠳᠡᠷᠭᠡᠳᠡ ᠳᠡᠭᠦᠵᠢᠯᠡᠭᠰᠡᠨ ᠪᠠ ᠢᠱ ᠪᠣᠱᠧᠲ ᠤᠨ ᠲᠣᠯᠣᠭᠠᠢ ᠶᠢ ᠾᠧᠪᠷᠣᠨ ᠳᠠᠬᠢ ᠠᠪᠨᠧᠷ ᠤᠨ ᠪᠤᠯᠠᠰᠢᠨ ᠳᠤ ᠣᠷᠣᠰᠢᠭᠤᠯᠤᠭᠰᠠᠨ ᠪᠠᠢᠨ᠎ᠠ᠃