ᠬᠣᠶᠠᠳᠤᠭᠠᠷ ᠰᠠᠮᠦ᠋ᠶᠧᠯ ᠬᠣᠶᠠᠷ
ᠶᠦᠳᠠ ᠶᠢᠨ ᠬᠠᠭᠠᠨ ᠳ᠋ᠠᠸᠢᠳ᠋
1 ᠡᠭᠦᠨ ᠦ ᠳᠠᠷᠠᠭ᠎ᠠ ᠳ᠋ᠠᠸᠢᠳ᠋ ᠶᠣᠬᠣᠸᠠ ᠠᠴᠠ ᠯᠠᠪᠯᠠᠨ᠄ 《ᠪᠢ ᠶᠦᠳᠠ ᠶᠢᠨ ᠨᠢᠭᠡ ᠬᠣᠲᠠ ᠲᠣᠰᠬᠣᠨ ᠥᠭᠡᠳᠡ ᠶᠠᠪᠤᠬᠤ ᠤᠤ︖》 ᠭᠡᠵᠦ ᠠᠰᠠᠭᠤᠬᠤ ᠳᠤ᠂ ᠶᠣᠬᠣᠸᠠ᠄ 《ᠶᠠᠪᠤᠭᠲᠤᠨ》 ᠭᠡᠵᠦ ᠠᠢᠯᠠᠳᠪᠠ᠃ ᠳ᠋ᠠᠸᠢᠳ᠋ ᠳᠠᠬᠢᠨ᠄ 《ᠬᠠᠮᠢᠭᠠᠰᠢ ᠪᠠᠨ ᠶᠠᠪᠤᠬᠤ ᠪᠤᠢ︖》 ᠭᠡᠬᠦ ᠳᠦ᠂ ᠶᠣᠬᠣᠸᠠ᠄ 《ᠾᠧᠪᠷᠣᠨ ᠤᠷᠤᠭᠤ》 ᠭᠡᠪᠡ᠃ 2 ᠲᠡᠭᠡᠭᠡᠳ ᠳ᠋ᠠᠸᠢᠳ᠋ ᠬᠣᠶᠠᠷ ᠡᠬᠡᠨᠡᠷ ᠲᠡᠢ ᠪᠡᠨ᠂ ᠲᠤᠬᠠᠢᠯᠠᠪᠠᠯ ᠶᠧᠽᠷᠧᠯ ᠡᠮᠡᠭᠲᠡᠢ ᠠᠾᠢᠨᠣᠶᠠᠮ ᠬᠢᠭᠡᠳ ᠺᠠᠷᠮᠧᠯ ᠬᠥᠮᠦᠨ ᠨᠠᠪᠠᠯ ᠤᠨ ᠪᠠᠯᠪᠠᠰᠤᠨ ᠡᠬᠡᠨᠡᠷ ᠪᠠᠢᠭᠰᠠᠨ ᠠᠪᠢᠭᠠᠢᠯ ᠲᠠᠢ ᠪᠠᠨ ᠬᠠᠮᠲᠤ ᠲᠡᠰᠢ ᠶᠠᠪᠤᠪᠠ᠃ 3 ᠳ᠋ᠠᠸᠢᠳ᠋ ᠬᠠᠮᠲᠤ ᠪᠠᠢᠭᠰᠠᠨ ᠬᠥᠮᠦᠰ ᠢᠶᠡᠨ ᠭᠡᠷ ᠪᠦᠯᠢ ᠶᠢᠨ ᠬᠢᠨ ᠲᠠᠢ ᠨᠢ ᠳᠠᠭᠠᠭᠤᠯᠵᠤ ᠶᠠᠪᠤᠵᠠᠢ᠃ ᠲᠡᠳᠡ ᠾᠧᠪᠷᠣᠨ ᠤ ᠲᠣᠰᠬᠣᠳ ᠢᠶᠠᠷ ᠰᠠᠭᠤᠷᠢᠰᠢᠭᠰᠠᠨ ᠳᠤ᠂ 4 ᠶᠦᠳᠠᠴᠤᠳ ᠢᠷᠡᠵᠡᠭᠡᠵᠦ᠂ ᠲᠡᠨᠳᠡ ᠳ᠋ᠠᠸᠢᠳ᠋ ᠢ ᠶᠦᠳᠠ ᠶᠢᠨ ᠭᠡᠷ ᠦᠨ ᠬᠠᠭᠠᠨ ᠪᠣᠯᠭᠠᠨ ᠲᠣᠰᠣᠯᠠᠭᠰᠠᠨ ᠪᠠᠢᠨ᠎ᠠ᠃ ᠬᠥᠮᠦᠰ ᠳ᠋ᠠᠸᠢᠳ᠋ ᠲᠤ᠄ 《ᠶᠠᠪᠧᠱ ᠭᠢᠯᠧᠶᠠᠳ᠋ᠴᠤᠳ ᠰᠠᠦ᠋ᠯ ᠢ ᠨᠤᠲᠤᠭᠯᠠᠭᠤᠯᠤᠭᠰᠠᠨ》 ᠭᠡᠵᠦ ᠳᠤᠭᠤᠯᠭᠠᠭᠰᠠᠨ ᠳᠤ᠂ 5 ᠳ᠋ᠠᠸᠢᠳ᠋ ᠶᠠᠪᠧᠱ ᠭᠢᠯᠧᠶᠠᠳ᠋ᠴᠤᠳ ᠲᠤ ᠡᠯᠴᠢᠳ ᠢᠯᠡᠭᠡᠨ ᠲᠡᠳᠡᠨ ᠳᠦ᠄ 《ᠲᠠ ᠨᠠᠷ ᠡᠵᠡᠨ ᠰᠠᠦ᠋ᠯ ᠳᠠᠭᠠᠨ ᠦᠨᠡᠨᠴᠢ ᠪᠠᠢᠵᠤ᠂ ᠲᠡᠭᠦᠨ ᠢ ᠨᠤᠲᠤᠭᠯᠠᠭᠤᠯᠤᠭᠰᠠᠨ ᠲᠤᠯᠠ ᠶᠣᠬᠣᠸᠠ ᠳᠤ ᠢᠪᠡᠭᠡᠭᠳᠡᠬᠦ ᠪᠣᠯᠲᠤᠭᠠᠢ︕ 6 ᠣᠳᠣ ᠶᠣᠬᠣᠸᠠ ᠲᠠ ᠨᠠᠷ ᠲᠤ ᠦᠨᠡᠨ ᠪᠠ ᠬᠠᠢᠷ᠎ᠠ ᠪᠠᠨ ᠦᠵᠡᠭᠦᠯᠦᠨ᠎ᠡ᠃ ᠪᠢ ᠴᠤ ᠡᠢᠮᠦ ᠦᠢᠯᠡ ᠶᠢ ᠬᠢᠭᠰᠡᠨ ᠲᠠ ᠨᠠᠷ ᠲᠤ ᠰᠠᠢᠨ ᠬᠠᠨᠳᠤᠬᠤ ᠪᠣᠯᠣᠨ᠎ᠠ᠃ 7 ᠣᠳᠣ ᠲᠠ ᠨᠠᠷ ᠨᠢᠳᠤᠷᠭ᠎ᠠ ᠪᠠᠨ ᠵᠠᠩᠭᠢᠳᠴᠤ᠂ ᠡᠷ᠎ᠡ ᠵᠣᠷᠢᠭᠲᠠᠢ ᠪᠠᠢᠭᠲᠤᠨ᠃ ᠲᠠ ᠨᠠᠷ ᠤᠨ ᠡᠵᠡᠨ ᠰᠠᠦ᠋ᠯ ᠥᠭᠡᠳᠡ ᠪᠣᠯᠣᠯ᠎ᠠ᠃ ᠬᠠᠷᠢᠨ ᠶᠦᠳᠠ ᠶᠢᠨ ᠭᠡᠷ ᠨᠠᠮᠠᠶᠢ ᠥᠪᠡᠷ ᠦᠨ ᠢᠶᠠᠨ ᠬᠠᠭᠠᠨ ᠪᠣᠯᠭᠠᠨ ᠲᠣᠰᠣᠯᠠᠭᠰᠠᠨ ᠪᠠᠢᠨ᠎ᠠ》 ᠭᠡᠵᠦ ᠬᠡᠯᠡᠭᠦᠯᠪᠡ᠃
8 ᠬᠠᠷᠢᠨ ᠰᠠᠦ᠋ᠯ ᠤᠨ ᠴᠡᠷᠢᠭ ᠤᠨ ᠵᠠᠩᠵᠤᠨ᠂ ᠨᠧᠷ ᠤᠨ ᠬᠦᠦ ᠠᠪᠨᠧᠷ ᠰᠠᠦ᠋ᠯ ᠤᠨ ᠬᠦᠦ ᠢᠱ ᠪᠣᠱᠧᠲ ᠢ ᠠᠪᠴᠤ ᠮᠠᠬᠠᠨᠠᠢᠮ ᠤᠷᠤᠭᠤ ᠶᠠᠪᠤᠭᠠᠳ 9 ᠲᠡᠨᠳᠡ ᠲᠡᠭᠦᠨ ᠢ ᠭᠢᠯᠧᠶᠠᠳ᠋᠂ ᠠᠱᠦ᠋ᠷ᠂ ᠶᠧᠽᠷᠧᠯ᠂ ᠡᠹᠷᠠᠢᠮ᠂ ᠪᠢᠨᠶᠠᠮᠢᠨ ᠪᠣᠯᠣᠨ ᠬᠠᠮᠤᠭ ᠢᠰᠷᠧᠯ ᠤᠨ ᠬᠠᠭᠠᠨ ᠪᠣᠯᠭᠠᠭᠰᠠᠨ ᠪᠠᠢᠨ᠎ᠠ᠃ 10 ᠰᠠᠦ᠋ᠯ ᠤᠨ ᠬᠦᠦ ᠢᠱ ᠪᠣᠱᠧᠲ ᠳᠥᠴᠢᠨ ᠨᠠᠰᠤᠲᠠᠢ ᠳᠠᠭᠠᠨ ᠢᠰᠷᠧᠯ ᠤᠨ ᠬᠠᠭᠠᠨ ᠪᠣᠯᠵᠤ ᠬᠣᠶᠠᠷ ᠵᠢᠯ ᠬᠠᠭᠠᠨᠴᠢᠯᠠᠪᠠ᠃ ᠵᠥᠪᠬᠡᠨ ᠶᠦᠳᠠ ᠶᠢᠨ ᠭᠡᠷ ᠳ᠋ᠠᠸᠢᠳ᠋ ᠢ ᠳᠠᠭᠠᠵᠠᠢ᠃ 11 ᠳ᠋ᠠᠸᠢᠳ᠋ ᠤᠨ ᠾᠧᠪᠷᠣᠨ ᠳᠤ ᠶᠦᠳᠠ ᠶᠢᠨ ᠭᠡᠷ ᠢ ᠬᠠᠭᠠᠨᠴᠢᠯᠠᠭᠰᠠᠨ ᠬᠤᠭᠤᠴᠠᠭ᠎ᠠ ᠳᠣᠯᠣᠭᠠᠨ ᠵᠢᠯ ᠵᠢᠷᠭᠤᠭᠠᠨ ᠰᠠᠷ᠎ᠠ ᠪᠠᠢᠪᠠ᠃
12 ᠨᠢᠭᠡᠨ ᠡᠳᠦᠷ ᠨᠧᠷ ᠤᠨ ᠬᠦᠦ ᠠᠪᠨᠧᠷ ᠰᠠᠦ᠋ᠯ ᠤᠨ ᠬᠦᠦ ᠢᠱ ᠪᠣᠱᠧᠲ ᠤᠨ ᠴᠡᠷᠢᠭ ᠤᠨ ᠬᠠᠮᠲᠤ ᠮᠠᠬᠠᠨᠠᠢᠮ ᠠᠴᠠ ᠭᠠᠷᠴᠤ᠂ ᠭᠢᠪᠧᠶᠣᠨ ᠳᠤ ᠣᠴᠢᠬᠤ ᠳᠤ᠂ 13 ᠽᠧᠷᠣᠢᠶ᠎ᠠ ᠶᠢᠨ ᠬᠥᠪᠡᠭᠦᠨ ᠶᠣᠶᠠᠪ ᠴᠤ ᠳ᠋ᠠᠸᠢᠳ᠋ ᠤᠨ ᠴᠡᠷᠢᠭ ᠲᠠᠢ ᠬᠠᠮᠲᠤ ᠭᠢᠪᠧᠶᠣᠨ ᠤ ᠴᠥᠭᠥᠷᠥᠮ ᠦᠨ ᠳᠡᠷᠭᠡᠳᠡ ᠭᠠᠷᠴᠤ ᠢᠷᠡᠭᠰᠡᠨ ᠪᠠᠢᠨ᠎ᠠ᠃ ᠲᠡᠷᠡ ᠬᠣᠶᠠᠭᠤᠯᠠ ᠲᠡᠨᠳᠡ ᠠᠭᠤᠯᠵᠠᠵᠤ᠂ ᠨᠢᠭᠡ ᠲᠠᠯ᠎ᠠ ᠨᠢ ᠴᠥᠭᠥᠷᠥᠮ ᠦᠨ ᠨᠠᠭᠠᠨ᠎ᠠ᠂ ᠨᠥᠭᠥᠭᠡ ᠲᠠᠯ᠎ᠠ ᠨᠢ ᠴᠥᠭᠥᠷᠥᠮ ᠦᠨ ᠴᠠᠭᠠᠨ᠎ᠠ ᠬᠤᠸᠠᠷᠠᠩᠨᠠᠪᠠ᠃ 14 ᠠᠪᠨᠧᠷ ᠶᠣᠶᠠᠪ ᠲᠤ᠄ 《ᠵᠠᠯᠠᠭᠤᠰ ᠢ ᠭᠠᠷᠭᠠᠵᠤ ᠢᠷᠡᠭᠦᠯᠦᠭᠡᠳ ᠥᠪᠡᠷᠰᠡᠳ ᠦᠨ ᠢᠶᠠᠨ ᠡᠮᠦᠨ᠎ᠡ ᠲᠡᠮᠡᠴᠡᠯᠳᠦᠭᠦᠯᠦᠶᠡ》 ᠭᠡᠰᠡᠨ ᠳᠦ᠂ ᠶᠣᠶᠠᠪ᠄ 《ᠲᠡᠭᠡᠶ᠎ᠡ》 ᠭᠡᠪᠡ᠃ 15 ᠢᠩᠭᠢᠭᠡᠳ ᠰᠠᠦ᠋ᠯ ᠤᠨ ᠬᠥᠪᠡᠭᠦᠨ ᠢᠱ ᠪᠣᠱᠧᠲ ᠢ ᠳᠠᠭᠠᠳᠠᠭ ᠪᠢᠨᠶᠠᠮᠢᠨ ᠤ ᠲᠠᠯ᠎ᠠ ᠠᠴᠠ ᠠᠷᠪᠠᠨ ᠬᠣᠶᠠᠷ᠂ ᠳ᠋ᠠᠸᠢᠳ᠋ ᠤᠨ ᠳᠠᠢᠴᠢᠳ ᠠᠴᠠ ᠠᠷᠪᠠᠨ ᠬᠣᠶᠠᠷ ᠵᠠᠯᠠᠭᠤ ᠲᠣᠭᠠᠯᠠᠭᠳᠠᠨ ᠭᠠᠷᠴᠤ ᠢᠷᠡᠭᠡᠳ 16 ᠬᠥᠮᠦᠨ ᠪᠦᠷᠢ ᠥᠷᠢᠰᠥᠯᠳᠦᠭᠴᠢ ᠶᠢᠨ ᠢᠶᠠᠨ ᠲᠣᠯᠣᠭᠠᠢ ᠠᠴᠠ ᠵᠢᠭᠤᠷᠠᠨ᠂ ᠪᠡᠶ᠎ᠡ ᠪᠡᠶ᠎ᠡ ᠶᠢᠨ ᠢᠶᠠᠨ ᠰᠦᠪᠡᠭᠡ ᠤᠷᠤᠭᠤ ᠢᠯᠳᠦ ᠳᠦᠷᠦᠵᠦ ᠬᠠᠮᠲᠤ ᠤᠨᠠᠵᠠᠭᠠᠪᠠ᠃ ᠡᠭᠦᠨ ᠦ ᠤᠯᠠᠮ ᠢᠶᠠᠷ ᠭᠢᠪᠧᠶᠣᠨ ᠳᠤ ᠪᠠᠢᠳᠠᠭ ᠲᠡᠷᠡ ᠭᠠᠵᠠᠷ ᠾᠧᠯᠺᠠᠲ ᠬᠠᠽᠦ᠋ᠷᠢᠮ 1 ᠭᠡᠵᠦ ᠨᠡᠷᠡᠯᠡᠭᠳᠡᠵᠡᠢ᠃ 17 ᠲᠡᠷᠡ ᠡᠳᠦᠷ ᠰᠢᠷᠦᠭᠦᠨ ᠲᠤᠯᠤᠯᠳᠤᠭᠠᠨ ᠪᠣᠯᠵᠤ᠂ ᠠᠪᠨᠧᠷ ᠪᠣᠯᠣᠨ ᠢᠰᠷᠧᠯᠴᠦᠳ ᠳ᠋ᠠᠸᠢᠳ᠋ ᠤᠨ ᠴᠡᠷᠢᠭ ᠲᠤ ᠪᠤᠲᠠ ᠴᠣᠬᠢᠭᠳᠠᠪᠠ᠃
18 ᠽᠧᠷᠣᠢᠶ᠎ᠠ ᠶᠢᠨ ᠭᠤᠷᠪᠠᠨ ᠬᠥᠪᠡᠭᠦᠨ ᠶᠣᠶᠠᠪ᠂ ᠠᠪᠢᠱᠠᠢ᠂ ᠠᠰᠠᠾᠧᠯ ᠴᠤ ᠲᠡᠨᠳᠡ ᠪᠠᠢᠯ᠎ᠠ᠃ ᠲᠠᠯ᠎ᠠ ᠶᠢᠨ ᠵᠡᠭᠡᠷ᠎ᠡ ᠮᠡᠲᠦ ᠬᠤᠷᠳᠤᠨ ᠬᠥᠯ ᠲᠡᠢ ᠠᠰᠠᠾᠧᠯ 19 ᠠᠪᠨᠧᠷ ᠤᠨ ᠠᠷᠤ ᠠᠴᠠ ᠬᠥᠭᠡᠭᠡᠵᠦ ᠭᠠᠷᠪᠠ᠃ ᠢᠩᠭᠢᠭᠡᠳ ᠪᠠᠷᠠᠭᠤᠨ ᠲᠡᠰᠢ ᠴᠤ ᠵᠡᠭᠦᠨ ᠲᠡᠰᠢ ᠴᠤ ᠡᠷᠭᠢᠬᠦ ᠦᠭᠡᠢ ᠨᠡᠬᠡᠵᠦ ᠪᠠᠢᠬᠤ ᠳᠤ᠂ 20 ᠠᠪᠨᠧᠷ ᠡᠷᠭᠢᠨ ᠬᠠᠷᠠᠭᠠᠳ᠄ 《ᠴᠢ ᠠᠰᠠᠾᠧᠯ ᠮᠥᠨ ᠤᠤ︖》 ᠭᠡᠬᠦ ᠳᠦ᠂ ᠲᠡᠷᠡ᠄ 《ᠲᠡᠢᠮᠦ ᠡ᠂ ᠪᠢ ᠮᠥᠨ》 ᠭᠡᠵᠦ ᠬᠠᠷᠢᠭᠤᠯᠪᠠ᠃ 21 ᠠᠪᠨᠧᠷ ᠲᠡᠭᠦᠨ ᠳᠦ ᠰᠠᠨᠠᠭᠤᠯᠤᠨ᠄ 《ᠴᠢ ᠪᠠᠷᠠᠭᠤᠨᠰᠢ ᠪᠤᠶᠤ ᠵᠡᠭᠦᠨᠰᠢ ᠡᠷᠭᠢᠵᠦ ᠨᠢᠭᠡ ᠵᠠᠯᠠᠭᠤ ᠶᠢ ᠪᠠᠷᠢᠭᠠᠳ ᠵᠡᠷ ᠵᠡᠪᠰᠡᠭ ᠢ ᠨᠢ ᠠᠪᠬᠤ ᠨᠢ ᠳᠡᠭᠡᠷ᠎ᠡ》 ᠭᠡᠰᠡᠨ ᠳᠦ᠂ ᠠᠰᠠᠾᠧᠯ ᠲᠡᠭᠦᠨ ᠢ ᠨᠡᠬᠡᠬᠦ ᠪᠡᠨ ᠪᠣᠯᠢᠵᠤ ᠪᠤᠴᠠᠬᠤ ᠶᠢ ᠬᠦᠰᠡᠭᠰᠡᠨ ᠦᠭᠡᠢ᠃ 22 ᠠᠪᠨᠧᠷ ᠳᠠᠬᠢᠨ ᠠᠰᠠᠾᠧᠯ ᠳᠤ᠄ 《ᠨᠠᠮᠠᠶᠢ ᠨᠡᠬᠡᠬᠦ ᠪᠡᠨ ᠪᠣᠯᠢᠵᠤ ᠪᠤᠴᠠᠭᠲᠤᠨ᠃ ᠪᠢ ᠶᠠᠭᠤ ᠭᠡᠵᠦ ᠴᠢᠮᠠᠶᠢ ᠭᠠᠵᠠᠷ ᠲᠤ ᠴᠣᠬᠢᠵᠤ ᠤᠨᠠᠭᠠᠬᠤ ᠪᠢᠯᠡ︖ ᠲᠡᠭᠡᠪᠡᠯ ᠪᠢ ᠠᠬ᠎ᠠ ᠶᠣᠶᠠᠪ ᠢ ᠴᠢᠨᠢ ᠬᠠᠷᠠᠬᠤ ᠨᠢᠭᠤᠷ ᠦᠭᠡᠢ ᠪᠣᠯᠬᠤ ᠪᠢᠰᠢ ᠤᠤ︖》 ᠭᠡᠰᠡᠨ ᠪᠣᠯᠪᠠᠴᠤ 23 ᠠᠰᠠᠾᠧᠯ ᠪᠤᠴᠠᠬᠤ ᠶᠢ ᠬᠦᠰᠡᠭᠰᠡᠨ ᠦᠭᠡᠢ᠃ ᠢᠩᠭᠢᠭᠡᠳ ᠠᠪᠨᠧᠷ ᠵᠢᠳᠠᠨ ᠤ ᠦᠵᠦᠭᠦᠷ ᠢᠶᠡᠷ ᠲᠡᠭᠦᠨ ᠦ ᠬᠡᠪᠡᠯᠢ ᠤᠷᠤᠭᠤ ᠨᠡᠪᠲᠡ ᠲᠥᠷᠥᠭᠰᠡᠨ ᠳᠦ᠂ ᠵᠢᠳᠠ ᠨᠢᠷᠤᠭᠤ ᠪᠠᠷ ᠨᠢ ᠭᠠᠷᠪᠠ᠃ ᠠᠰᠠᠾᠧᠯ ᠲᠡᠨᠳᠡ ᠤᠨᠠᠵᠤ᠂ ᠳᠣᠣᠷ᠎ᠠ ᠪᠠᠨ ᠦᠬᠦᠯ᠎ᠡ᠃ ᠠᠰᠠᠾᠧᠯ ᠤᠨ ᠤᠨᠠᠵᠤ ᠦᠬᠦᠭᠰᠡᠨ ᠭᠠᠵᠠᠷ ᠲᠤ ᠢᠷᠡᠭᠰᠡᠨ ᠬᠥᠮᠦᠨ ᠪᠣᠯᠭᠠᠨ ᠲᠡᠨᠳᠡ ᠵᠣᠭᠰᠣᠭᠰᠠᠨ ᠪᠣᠯᠪᠠᠴᠤ 24 ᠶᠣᠶᠠᠪ᠂ ᠠᠪᠢᠱᠠᠢ ᠬᠣᠶᠠᠷ ᠠᠪᠨᠧᠷ ᠤᠨ ᠠᠷᠤ ᠠᠴᠠ ᠬᠥᠭᠡᠭᠡᠭᠰᠡᠭᠡᠷ ᠭᠢᠪᠧᠶᠣᠨ ᠤ ᠴᠥᠯ ᠣᠷᠣᠬᠤ ᠵᠠᠮ ᠳᠠᠬᠢ ᠭᠢᠶ᠎ᠠ ᠶᠢᠨ ᠬᠠᠷᠠᠯᠳᠤᠭ᠎ᠠ ᠣᠷᠣᠰᠢᠬᠤ ᠠᠮᠠ ᠶᠢᠨ ᠳᠣᠪᠣ ᠬᠦᠷᠬᠦ ᠳᠦ ᠨᠠᠷᠠ ᠵᠢᠷᠭᠠᠵᠠᠢ᠃ 25 ᠪᠢᠨᠶᠠᠮᠢᠨᠴᠤᠳ ᠠᠪᠨᠧᠷ ᠤᠨ ᠠᠷᠤ ᠳᠤ ᠴᠤᠭᠯᠠᠷᠠᠨ ᠨᠢᠭᠡ ᠪᠦᠯᠦᠭ ᠪᠣᠯᠵᠤ ᠨᠢᠭᠡᠨ ᠳᠣᠪᠣ ᠶᠢᠨ ᠣᠷᠣᠢ ᠳᠤ ᠵᠢᠭᠰᠠᠭᠠᠯ ᠪᠡᠯᠡᠳᠪᠡ᠃ 26 ᠠᠪᠨᠧᠷ ᠶᠣᠶᠠᠪ ᠤᠷᠤᠭᠤ ᠬᠠᠰᠬᠢᠷᠤᠨ᠄ 《ᠢᠯᠳᠦ ᠨᠢ ᠢᠮᠠᠭᠲᠠ ᠰᠥᠨᠥᠭᠡᠬᠦ ᠯᠠ ᠶᠣᠰᠣᠲᠠᠢ ᠭᠡᠵᠢ ᠤᠤ︖ ᠬᠣᠵᠢᠮ ᠭᠠᠰᠢᠭᠤᠨ ᠵᠣᠪᠠᠯᠠᠩ ᠪᠣᠯᠣᠨ᠎ᠠ ᠭᠡᠳᠡᠭ ᠢ ᠴᠢ ᠮᠡᠳᠡᠬᠦ ᠦᠭᠡᠢ ᠤᠤ︖ ᠠᠬ᠎ᠠ ᠳᠡᠭᠦᠦ ᠨᠠᠷ ᠢᠶᠠᠨ ᠮᠥᠷᠳᠡᠬᠦ ᠡᠴᠡ ᠡᠷᠭᠢᠵᠦ ᠪᠤᠴᠠᠬᠤ ᠶᠢ ᠴᠢ ᠬᠥᠮᠦᠰ ᠲᠡᠭᠡᠨ ᠲᠤᠰᠢᠶᠠᠬᠤ ᠦᠭᠡᠢ ᠬᠡᠴᠢᠨᠡᠨ ᠤᠳᠠᠬᠤ ᠶᠤᠮ ᠪᠤᠢ︖》 ᠭᠡᠪᠡ᠃ 27 ᠶᠣᠶᠠᠪ᠄ 《ᠪᠤᠷᠬᠠᠨ ᠤ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠴᠢ ᠥᠳᠥᠭᠡᠭᠰᠡᠨ ᠦᠭᠡᠢ ᠪᠣᠯ᠂ ᠮᠠᠨ ᠤ ᠬᠥᠮᠦᠰ ᠥᠷᠯᠥᠭᠡ ᠡᠷᠲᠡ ᠪᠤᠴᠠᠬᠤ ᠪᠠᠢᠭᠰᠠᠨ᠂ ᠠᠬ᠎ᠠ ᠳᠡᠭᠦᠦ ᠨᠠᠷ ᠢᠶᠠᠨ ᠬᠥᠭᠡᠭᠡᠬᠦ ᠴᠤ ᠬᠡᠷᠡᠭ ᠦᠭᠡᠢ ᠪᠠᠢᠭᠰᠠᠨ》 ᠭᠡᠪᠡ᠃ 28 ᠶᠣᠶᠠᠪ ᠡᠪᠡᠷ ᠪᠦᠷᠢᠶ᠎ᠡ ᠦᠯᠢᠶᠡᠭᠰᠡᠨ ᠳᠦ᠂ ᠪᠦᠬᠦ ᠬᠥᠮᠦᠰ ᠵᠣᠭᠰᠣᠵᠤ᠂ ᠲᠡᠳᠡ ᠢᠰᠷᠧᠯ ᠤᠨ ᠠᠷᠤ ᠠᠴᠠ ᠨᠡᠬᠡᠬᠦ ᠪᠡᠨ ᠪᠣᠯᠢᠭᠰᠠᠨ ᠪᠠ ᠲᠤᠯᠤᠯᠳᠤᠬᠤ ᠪᠠᠨ ᠴᠤ ᠪᠣᠯᠢᠪᠠ᠃
29 ᠠᠪᠨᠧᠷ ᠪᠣᠯᠣᠨ ᠲᠡᠭᠦᠨ ᠦ ᠡᠷᠡᠴᠦᠳ ᠲᠡᠷᠡ ᠰᠥᠨᠢ ᠠᠷᠠᠪᠠ ᠶᠢ ᠳᠤᠭᠤᠯᠵᠤ ᠶᠣᠷᠳᠠᠨ ᠢ ᠭᠠᠲᠤᠯᠤᠭᠠᠳ ᠦᠳᠡ ᠬᠦᠷᠲᠡᠯ᠎ᠡ ᠠᠯᠬᠤᠭᠰᠠᠭᠠᠷ ᠮᠠᠬᠠᠨᠠᠢᠮ ᠳᠤ ᠬᠦᠷᠴᠡᠢ᠃ 30 ᠶᠣᠶᠠᠪ ᠠᠪᠨᠧᠷ ᠢ ᠬᠥᠭᠡᠭᠡᠬᠦ ᠪᠡᠨ ᠪᠣᠯᠢᠵᠤ ᠪᠤᠴᠠᠵᠤ ᠢᠷᠡᠭᠡᠳ ᠪᠦᠬᠦ ᠴᠡᠷᠢᠭ ᠢᠶᠠᠨ ᠴᠤᠭᠯᠠᠭᠤᠯᠬᠤ ᠳᠤ᠂ ᠠᠰᠠᠾᠧᠯ ᠡᠴᠡ ᠭᠠᠳᠠᠨ᠎ᠠ ᠳ᠋ᠠᠸᠢᠳ᠋ ᠤᠨ ᠠᠷᠪᠠ ᠶᠢᠰᠦᠨ ᠬᠥᠮᠦᠨ ᠠᠯᠠᠭ᠎ᠠ ᠪᠠᠢᠪᠠ᠃ 31 ᠬᠠᠷᠢᠨ ᠳ᠋ᠠᠸᠢᠳ᠋ ᠤᠨ ᠴᠡᠷᠢᠭ ᠠᠪᠨᠧᠷ ᠤᠨ ᠬᠠᠮᠲᠤᠷᠠᠭᠴᠢ ᠪᠢᠨᠶᠠᠮᠢᠨᠴᠤᠳ ᠠᠴᠠ ᠭᠤᠷᠪᠠᠨ ᠵᠠᠭᠤ ᠵᠢᠷᠠᠨ ᠬᠥᠮᠦᠨ ᠢ ᠴᠣᠬᠢᠵᠤ ᠠᠯᠠᠭᠰᠠᠨ ᠪᠠᠢᠪᠠ᠃ 32 ᠲᠡᠳᠡ ᠠᠰᠠᠾᠧᠯ ᠢ ᠪᠧᠲ᠋ᠯᠧᠾᠧᠮ ᠳᠤ ᠠᠪᠠᠴᠢᠵᠤ᠂ ᠡᠴᠢᠭᠡ ᠶᠢᠨ ᠬᠢᠨᠢ ᠬᠠᠳᠠᠨ ᠪᠤᠯᠠᠰᠢᠨ ᠳᠤ ᠣᠷᠣᠰᠢᠭᠤᠯᠤᠭᠰᠠᠨ ᠪᠠᠢᠨ᠎ᠠ᠃ ᠶᠣᠶᠠᠪ ᠪᠣᠯᠣᠨ ᠲᠡᠭᠦᠨ ᠦ ᠬᠥᠮᠦᠰ ᠰᠥᠨᠢᠵᠢᠨ ᠶᠠᠪᠤᠭᠰᠠᠭᠠᠷ ᠾᠧᠪᠷᠣᠨ ᠳᠤ ᠬᠦᠷᠬᠦ ᠳᠦ᠂ ᠦᠷ ᠴᠠᠢᠵᠤ ᠪᠠᠢᠯ᠎ᠠ᠃