ᠬᠣᠶᠠᠳᠤᠭᠠᠷ ᠰᠠᠮᠦ᠋ᠶᠧᠯ ᠠᠷᠪᠠᠨ ᠳᠣᠯᠣᠭ᠎ᠠ
1 ᠠᠾᠢᠲ᠋ᠣᠹᠧᠯ ᠠᠪᠰᠠᠯᠣᠮ ᠳᠤ᠄ 《ᠲᠦᠮᠡ ᠬᠣᠶᠠᠷ ᠮᠢᠩ᠋ᠭᠠᠨ ᠬᠥᠮᠦᠨ ᠢ ᠰᠢᠯᠢᠵᠦ ᠠᠪᠤᠭᠠᠳ ᠡᠨᠡ ᠰᠥᠨᠢ ᠳ᠋ᠠᠸᠢᠳ᠋ ᠢ ᠨᠡᠬᠡᠨ ᠬᠥᠭᠡᠭᠡᠬᠦ ᠶᠢ ᠮᠢᠨᠢ ᠵᠥᠪᠰᠢᠶᠡᠷᠡᠭᠡᠴᠢ᠃ 2 ᠲᠡᠭᠦᠨ ᠢ ᠶᠠᠳᠠᠷᠠᠵᠤ ᠭᠠᠷ ᠰᠤᠯᠠᠷᠠᠭᠰᠠᠨ ᠦᠶ᠎ᠡ ᠳᠦᠨᠢ ᠲᠡᠭᠦᠨ ᠤᠷᠤᠭᠤ ᠳᠠᠭᠠᠷᠢᠬᠤ ᠶᠣᠰᠣᠲᠠᠢ᠃ ᠲᠡᠭᠦᠨ ᠢ ᠠᠶᠤᠯᠭᠠᠪᠠᠯ ᠲᠡᠭᠦᠨ ᠲᠡᠢ ᠬᠠᠮᠲᠤ ᠪᠠᠢᠭ᠎ᠠ ᠪᠦᠬᠦ ᠬᠥᠮᠦᠰ ᠵᠢᠭᠤᠲᠠᠬᠤ ᠪᠣᠯᠣᠨ᠎ᠠ᠂ ᠲᠡᠭᠡᠪᠡᠯ ᠪᠢ ᠬᠠᠭᠠᠨ ᠢ ᠯᠠ ᠠᠯᠠᠭᠠᠳ 3 ᠪᠤᠰᠤᠳ ᠪᠦᠬᠦ ᠬᠥᠮᠦᠨ ᠢ ᠲᠠᠨ ᠳᠡᠭᠡᠷ᠎ᠡ ᠪᠤᠴᠠᠭᠠᠵᠤ ᠠᠪᠴᠢᠷᠠᠶ᠎ᠠ᠃ ᠲᠠᠨ ᠤ ᠬᠠᠢᠵᠤ ᠪᠠᠢᠭ᠎ᠠ ᠬᠥᠮᠦᠨ ᠯᠠ ᠠᠯᠠᠭ᠎ᠠ ᠪᠣᠯᠴᠢᠬᠠᠪᠠᠯ ᠪᠦᠬᠦ ᠬᠥᠮᠦᠨ ᠪᠤᠴᠠᠵᠤ ᠢᠷᠡᠬᠦ ᠪᠥᠭᠡᠳ ᠬᠥᠮᠦᠨ ᠪᠦᠬᠦᠨ ᠠᠮᠤᠷ ᠲᠠᠢᠪᠤᠩ ᠪᠣᠯᠬᠤ ᠪᠣᠯᠣᠨ᠎ᠠ》 ᠭᠡᠵᠦ ᠬᠡᠯᠡᠪᠡ᠃ 4 ᠡᠨᠡ ᠦᠭᠡ ᠠᠪᠰᠠᠯᠣᠮ ᠪᠣᠯᠣᠨ ᠢᠰᠷᠧᠯ ᠤᠨ ᠪᠦᠬᠦ ᠠᠬᠠᠮᠠᠳ ᠲᠤ ᠲᠠᠭᠠᠯᠠᠭᠳᠠᠪᠠ᠃
5 ᠭᠡᠪᠡᠴᠦ ᠠᠪᠰᠠᠯᠣᠮ᠄ 《ᠠᠷᠺ ᠬᠥᠮᠦᠨ ᠾᠦᠱᠠᠢ ᠶᠢ ᠪᠠᠰᠠ ᠳᠠᠭᠤᠳᠠ᠃ ᠲᠡᠭᠦᠨ ᠦ ᠶᠠᠭᠤ ᠬᠡᠯᠡᠬᠦ ᠶᠢ ᠰᠣᠨᠣᠰᠴᠠᠭᠠᠶ᠎ᠠ》 ᠭᠡᠪᠡ᠃ 6 ᠾᠦᠱᠠᠢ ᠠᠪᠰᠠᠯᠣᠮ ᠳᠡᠭᠡᠷ᠎ᠡ ᠣᠴᠢᠬᠤ ᠳᠤ᠂ ᠠᠪᠰᠠᠯᠣᠮ ᠲᠡᠭᠦᠨ ᠳᠦ ᠠᠾᠢᠲ᠋ᠣᠹᠧᠯ ᠤᠨ ᠶᠠᠷᠢᠭᠰᠠᠨ ᠢ ᠬᠡᠯᠡᠭᠰᠡᠨ ᠦ ᠳᠠᠷᠠᠭ᠎ᠠ᠄ 《ᠪᠢᠳᠡ ᠲᠡᠭᠦᠨ ᠦ ᠦᠭᠡ ᠪᠡᠷ ᠪᠣᠯᠬᠤ ᠤᠤ᠂ ᠦᠭᠡᠢ ᠤᠤ︖ ᠬᠡᠷᠪᠡ ᠦᠭᠡᠢ ᠪᠣᠯ᠂ ᠲᠠ ᠰᠠᠨᠠᠯ ᠢᠶᠠᠨ ᠬᠡᠯᠡᠨ᠎ᠡ ᠤᠤ︖》 ᠭᠡᠰᠡᠨ ᠳᠦ᠂ 7 ᠾᠦᠱᠠᠢ ᠠᠪᠰᠠᠯᠣᠮ ᠳᠤ᠄ 《ᠡᠨᠡ ᠤᠳᠠᠭ᠎ᠠ ᠠᠾᠢᠲ᠋ᠣᠹᠧᠯ ᠤᠨ ᠵᠥᠪᠯᠡᠯᠭᠡ ᠰᠠᠢᠨ ᠪᠢᠰᠢ》 ᠭᠡᠪᠡ᠃ 8 ᠾᠦᠱᠠᠢ ᠴᠢᠨᠠᠭᠰᠢ ᠨᠢ᠄ 《ᠲᠠ ᠥᠪᠡᠷ ᠦᠨ ᠢᠶᠠᠨ ᠡᠴᠢᠭᠡ ᠪᠣᠯᠣᠨ ᠲᠡᠭᠦᠨ ᠦ ᠴᠡᠷᠢᠭ ᠢ ᠰᠠᠢᠨ ᠮᠡᠳᠡᠨ᠎ᠡ᠃ ᠲᠡᠳᠡ ᠳᠠᠢᠴᠢᠳ ᠪᠥᠭᠡᠳ ᠪᠠᠮᠪᠤᠷᠠᠰᠢ ᠪᠠᠨ ᠪᠤᠯᠢᠶᠠᠯᠭᠠᠭᠰᠠᠨ ᠵᠡᠷᠯᠢᠭ ᠡᠪᠰᠢ ᠶᠢᠨ ᠠᠳᠠᠯᠢ ᠬᠢᠯᠢᠩᠨᠡᠵᠦ ᠪᠠᠢᠨ᠎ᠠ᠃ ᠲᠠᠨ ᠤ ᠡᠴᠢᠭᠡ ᠪᠠᠢᠯᠳᠤᠭᠠᠨ ᠳᠤ ᠮᠡᠷᠭᠡᠰᠢᠭᠰᠡᠨ ᠬᠥᠮᠦᠨ᠂ ᠲᠡᠷᠡ ᠴᠡᠷᠢᠭ ᠲᠠᠢ ᠪᠠᠨ ᠬᠠᠮᠲᠤ ᠰᠥᠨᠢ ᠶᠢ ᠥᠩᠭᠡᠷᠡᠭᠦᠯᠬᠦ ᠦᠭᠡᠢ᠂ 9 ᠡᠨᠡ ᠴᠠᠭ ᠢᠶᠠᠷ ᠲᠡᠷᠡ ᠠᠭᠤᠢ ᠬᠠᠪᠴᠢᠯ ᠭᠠᠵᠠᠷ ᠢᠶᠠᠷ ᠨᠢᠭᠤᠭᠳᠠᠵᠤ ᠪᠠᠢᠭ᠎ᠠ ᠪᠠᠢᠬ᠎ᠠ᠃ ᠬᠡᠷᠪᠡ ᠮᠠᠨ ᠤ ᠴᠡᠷᠢᠭ ᠤᠨ ᠬᠡᠳᠦᠨ ᠬᠥᠮᠦᠨ ᠠᠩ᠋ᠬᠠᠨ ᠤ ᠳᠣᠪᠲᠣᠯᠣᠭᠠᠨ ᠢᠶᠠᠷ ᠨᠢ ᠤᠨᠠᠬᠤ ᠶᠤᠮ ᠪᠣᠯ᠂ ᠡᠭᠦᠨ ᠢ ᠰᠣᠨᠣᠰᠣᠭᠰᠠᠨ ᠬᠥᠮᠦᠨ ᠪᠦᠷᠢ᠄ 〈ᠠᠪᠰᠠᠯᠣᠮ ᠢ ᠳᠠᠭᠠᠭᠰᠠᠨ ᠬᠥᠮᠦᠰ ᠠᠯᠠᠭᠳᠠᠵᠤ ᠪᠠᠢᠨ᠎ᠠ〉 ᠭᠡᠵᠦ ᠬᠡᠯᠡᠬᠦ ᠪᠥᠭᠡᠳ 10 ᠠᠷᠰᠯᠠᠨ ᠠᠳᠠᠯᠢ ᠵᠣᠷᠢᠭ ᠲᠠᠢ ᠬᠥᠮᠦᠨ ᠪᠣᠯᠪᠠᠴᠤ ᠵᠢᠷᠦᠬᠡ ᠦᠬᠦᠬᠦ ᠪᠣᠯᠣᠨ᠎ᠠ᠃ ᠲᠠᠨ ᠤ ᠡᠴᠢᠭᠡ ᠪᠠᠭᠠᠲᠤᠷ ᠪᠥᠭᠡᠳ ᠲᠡᠭᠦᠨ ᠢ ᠳᠠᠭᠠᠭᠰᠠᠳ ᠴᠤ ᠡᠷᠡᠯᠬᠡᠭ ᠬᠥᠮᠦᠰ ᠭᠡᠳᠡᠭ ᠢ ᠢᠰᠷᠧᠯ ᠳᠠᠶᠠᠭᠠᠷ ᠮᠡᠳᠡᠨ᠎ᠡ᠃ 11 ᠡᠢᠮᠦ ᠡᠴᠡ ᠪᠢ ᠲᠠᠨ ᠳᠤ ᠢᠩᠭᠢᠵᠦ ᠵᠥᠪᠯᠡᠵᠦ ᠪᠠᠢᠨ᠎ᠠ᠄ ᠳ᠋ᠠᠨ ᠠᠴᠠ ᠪᠧᠷᠣᠲ ᠱᠧᠪᠠ ᠬᠦᠷᠲᠡᠯᠡᠬᠢ ᠢᠰᠷᠧᠯ ᠳᠠᠶᠠᠭᠠᠷ ᠤᠨ ᠳᠠᠯᠠᠢ ᠶᠢᠨ ᠬᠥᠪᠡᠭᠡᠨ ᠦ ᠡᠯᠡᠰᠦ ᠮᠡᠲᠦ ᠦᠢ ᠣᠯᠠᠨ ᠢ ᠪᠦᠭᠦᠳᠡ ᠶᠢ ᠴᠤᠭᠯᠠᠭᠤᠯᠵᠤ᠂ ᠲᠠ ᠥᠪᠡᠷ ᠢᠶᠡᠨ ᠲᠤᠯᠤᠯᠳᠤᠭᠠᠨ ᠳᠤ ᠭᠠᠷᠬᠤ ᠶᠣᠰᠣᠲᠠᠢ᠃ 12 ᠲᠡᠭᠡᠭᠡᠳ ᠪᠢᠳᠡ ᠲᠡᠭᠦᠨ ᠢ ᠬᠠᠮᠢᠭ᠎ᠠ ᠠᠴᠠ ᠣᠯᠪᠠᠯ ᠭᠠᠵᠠᠷ ᠲᠤ ᠪᠠᠭᠤᠬᠤ ᠰᠢᠭᠦᠳᠡᠷᠢ ᠮᠡᠲᠦ ᠪᠡᠷ ᠲᠡᠭᠦᠨ ᠤᠷᠤᠭᠤ ᠳᠠᠭᠠᠷᠢᠨ ᠪᠠᠭᠤᠬᠤ ᠪᠥᠭᠡᠳ ᠲᠡᠷᠡ ᠪᠣᠯᠣᠨ ᠲᠡᠭᠦᠨ ᠲᠡᠢ ᠬᠠᠮᠲᠤ ᠪᠠᠢᠬᠤ ᠴᠡᠷᠢᠭ ᠤᠳ ᠠᠴᠠ ᠨᠢᠭᠡ ᠶᠢ ᠴᠤ ᠦᠯᠡᠳᠡᠭᠡᠬᠦ ᠦᠭᠡᠢ᠃ 13 ᠬᠡᠷᠪᠡ ᠲᠡᠷᠡ ᠠᠯᠢ ᠨᠢᠭᠡᠨ ᠬᠣᠲᠠ ᠳᠤ ᠤᠬᠤᠷᠢᠪᠠᠯ᠂ ᠪᠦᠬᠦ ᠢᠰᠷᠧᠯ ᠣᠯᠣᠰᠣ ᠠᠪᠴᠢᠷᠠᠵᠤ ᠲᠡᠷᠡ ᠬᠣᠲᠠ ᠶᠢ ᠬᠥᠨᠳᠡᠢ ᠳᠦ ᠴᠢᠷᠴᠦ ᠣᠷᠣᠭᠤᠯᠤᠭᠠᠳ ᠭᠠᠭᠴᠠ ᠴᠢᠯᠠᠭᠤ ᠴᠤ ᠦᠯᠡᠳᠡᠭᠡᠬᠦ ᠦᠭᠡᠢ ᠪᠠᠢᠵᠤ ᠴᠢᠳᠠᠨ᠎ᠠ》 ᠭᠡᠪᠡ᠃ 14 ᠠᠪᠰᠠᠯᠣᠮ ᠪᠣᠯᠣᠨ ᠢᠰᠷᠧᠯ ᠤᠨ ᠬᠠᠮᠤᠭ ᠬᠥᠮᠦᠨ᠄ 《ᠠᠷᠺ ᠬᠥᠮᠦᠨ ᠾᠦᠱᠠᠢ ᠶᠢᠨ ᠵᠥᠪᠯᠡᠯᠭᠡ ᠠᠾᠢᠲ᠋ᠣᠹᠧᠯ ᠤᠨ ᠵᠥᠪᠯᠡᠯᠭᠡ ᠡᠴᠡ ᠳᠡᠭᠡᠷ᠎ᠡ》 ᠭᠡᠯᠴᠡᠪᠡ᠃ ᠤᠴᠢᠷ ᠨᠢ ᠶᠣᠬᠣᠸᠠ ᠠᠪᠰᠠᠯᠣᠮ ᠳᠤ ᠭᠠᠢ ᠤᠴᠠᠷᠠᠭᠤᠯᠬᠤ ᠶᠢᠨ ᠲᠤᠯᠠᠳᠠ ᠠᠾᠢᠲ᠋ᠣᠹᠧᠯ ᠤᠨ ᠰᠠᠢᠨ ᠵᠥᠪᠯᠡᠯᠭᠡ ᠶᠢ ᠪᠦᠲᠦᠯ ᠦᠭᠡᠢ ᠪᠣᠯᠭᠠᠬᠤ ᠪᠠᠷ ᠰᠢᠢᠳᠦᠭᠰᠡᠨ ᠠᠵᠢ᠃
ᠠᠪᠰᠠᠯᠣᠮ ᠤᠨ ᠲᠥᠯᠥᠪᠯᠡᠭᠡ ᠯᠡᠪᠡᠷᠡᠪᠡ
15 ᠾᠦᠱᠠᠢ ᠲᠠᠬᠢᠯᠴᠢ ᠽᠠᠳᠣᠺ ᠪᠣᠯᠣᠨ ᠠᠪᠢᠶᠠᠲ᠋ᠠᠷ ᠲᠤ ᠮᠡᠳᠡᠭᠦᠯᠦᠨ᠄ 《ᠠᠾᠢᠲ᠋ᠣᠹᠧᠯ ᠠᠪᠰᠠᠯᠣᠮ ᠪᠣᠯᠣᠨ ᠢᠰᠷᠧᠯ ᠤᠨ ᠠᠬᠠᠮᠠᠳ ᠤᠳ ᠲᠤ ᠲᠡᠭᠡᠵᠦ ᠵᠥᠪᠯᠡᠬᠦ ᠳᠦ᠂ ᠪᠢ ᠢᠩᠭᠢᠵᠦ ᠵᠥᠪᠯᠡᠯᠡ᠃ 16 ᠲᠡᠢᠮᠦ ᠡᠴᠡ ᠣᠳᠣ ᠬᠤᠷᠳᠤᠨ ᠬᠥᠮᠦᠨ ᠶᠠᠪᠤᠭᠤᠯᠵᠤ᠂ ᠳ᠋ᠠᠸᠢᠳ᠋ ᠲᠤ᠄ 〈ᠡᠨᠡ ᠰᠥᠨᠢ ᠴᠥᠯ ᠳᠤ ᠬᠦᠷᠬᠦ ᠭᠠᠷᠠᠮ ᠳᠤ ᠪᠦᠦ ᠬᠣᠨᠣᠭᠯᠠ︕ ᠵᠠᠪᠠᠯ ᠭᠠᠲᠤᠯᠤᠨ ᠶᠠᠪᠤ᠃ ᠡᠰᠡ ᠲᠡᠭᠡᠪᠡᠯ ᠬᠠᠭᠠᠨ ᠪᠣᠯᠣᠨ ᠬᠠᠮᠲᠤ ᠪᠤᠢ ᠬᠠᠮᠤᠭ ᠬᠥᠮᠦᠨ ᠠᠯᠠᠭᠳᠠᠬᠤ ᠪᠣᠯᠣᠨ᠎ᠠ〉 ᠭᠡᠵᠦ ᠬᠡᠯᠡ》 ᠭᠡᠪᠡ᠃ 17 ᠲᠡᠷᠡ ᠦᠶ᠎ᠡ ᠳᠦ ᠶᠣᠨᠠᠲ᠋ᠠᠨ᠂ ᠠᠾᠢᠮᠠᠽ ᠬᠣᠶᠠᠷ ᠷᠣᠭᠧᠯ ᠤᠨ ᠪᠤᠯᠠᠭ ᠲᠤ ᠬᠦᠯᠢᠶᠡᠵᠦ ᠪᠠᠢᠪᠠ᠃ ᠲᠡᠳᠡ ᠬᠥᠮᠦᠨ ᠳᠦ ᠬᠠᠷᠠᠭᠳᠠᠬᠤ ᠦᠭᠡᠢ ᠶᠢᠨ ᠲᠤᠯᠠᠳᠠ ᠬᠣᠲᠠ ᠳᠤ ᠣᠷᠣᠯ ᠦᠭᠡᠢ ᠪᠠᠷ ᠨᠢᠭᠡᠨ ᠰᠢᠪᠡᠭᠴᠢᠨ ᠤ ᠲᠡᠳᠡᠨ ᠳᠦ ᠬᠦᠷᠭᠡᠵᠦ ᠢᠷᠡᠬᠦ ᠮᠡᠳᠡᠭᠡ ᠶᠢ ᠳ᠋ᠠᠸᠢᠳ᠋ ᠬᠠᠭᠠᠨ ᠳᠤ ᠬᠦᠷᠭᠡᠵᠦ ᠣᠴᠢᠬᠤ ᠪᠠᠷ ᠪᠣᠯᠪᠠ᠃ 18 ᠬᠠᠷᠢᠨ ᠨᠢᠭᠡ ᠵᠠᠯᠠᠭᠤ ᠲᠡᠳᠡᠨ ᠢ ᠠᠩᠵᠠᠭᠠᠷᠠᠭᠠᠳ ᠠᠪᠰᠠᠯᠣᠮ ᠳᠤ ᠮᠡᠳᠡᠭᠦᠯᠪᠡ᠃ ᠭᠡᠪᠡᠴᠦ ᠲᠡᠷᠡ ᠬᠣᠶᠠᠷ ᠶᠠᠭᠠᠷᠠᠪᠴᠢᠯᠠᠨ ᠶᠠᠪᠤᠭᠰᠠᠭᠠᠷ᠂ ᠪᠠᠾᠦᠷᠢᠮ ᠳᠤ ᠬᠦᠷᠴᠦ ᠨᠢᠭᠡᠨ ᠬᠥᠮᠦᠨ ᠦ ᠭᠡᠷ ᠲᠦ ᠣᠷᠣᠪᠠ᠃ ᠲᠡᠷᠡ ᠬᠥᠮᠦᠨ ᠬᠠᠰᠢᠶᠠᠨ ᠳᠠᠭᠠᠨ ᠬᠤᠳᠳᠤᠭ ᠲᠠᠢ ᠪᠠᠢᠭᠰᠠᠨ ᠪᠥᠭᠡᠳ ᠲᠡᠷᠡ ᠬᠣᠶᠠᠷ ᠲᠡᠭᠦᠨ ᠳᠣᠲᠣᠷ᠎ᠠ ᠨᠢ ᠣᠷᠣᠪᠠ᠃ 19 ᠭᠡᠷ ᠦᠨ ᠡᠵᠡᠭᠲᠡᠢ ᠪᠦᠲᠡᠭᠡᠯᠭᠡ ᠠᠪᠴᠢᠷᠠᠨ ᠬᠤᠳᠳᠤᠭ ᠤᠨ ᠠᠮᠠᠰᠠᠷ ᠢ ᠪᠦᠲᠡᠭᠡᠭᠡᠳ᠂ ᠳᠡᠭᠡᠷ᠎ᠡ ᠨᠢ ᠪᠤᠭᠤᠳᠠᠢ ᠳᠡᠯᠭᠡᠨ ᠶᠠᠭᠤ ᠴᠤ ᠮᠡᠳᠡᠭᠳᠡᠬᠦ ᠦᠭᠡᠢ ᠪᠣᠯᠭᠠᠪᠠ᠃ 20 ᠠᠪᠰᠠᠯᠣᠮ ᠤᠨ ᠵᠠᠷᠤᠴᠠ ᠨᠠᠷ ᠲᠡᠷᠡ ᠡᠮᠡᠭᠲᠡᠢ ᠶᠢᠨ ᠭᠡᠷ ᠲᠦ ᠢᠷᠡᠵᠦ᠄ 《ᠠᠾᠢᠮᠠᠽ᠂ ᠶᠣᠨᠠᠲ᠋ᠠᠨ ᠬᠣᠶᠠᠷ ᠬᠠᠮᠢᠭ᠎ᠠ ᠪᠠᠢᠨ᠎ᠠ ᠪᠤᠢ︖》 ᠭᠡᠬᠦ ᠳᠦ᠂ ᠡᠮᠡᠭᠲᠡᠢ᠄ 《ᠲᠡᠳᠡ ᠭᠣᠷᠣᠬ᠎ᠠ ᠭᠠᠲᠤᠯᠤᠭᠰᠠᠨ》 ᠭᠡᠪᠡ᠃ ᠲᠡᠳᠡ ᠡᠷᠢᠭᠰᠡᠨ ᠪᠣᠯᠪᠠᠴᠤ ᠣᠯᠣᠭᠰᠠᠨ ᠦᠭᠡᠢ ᠶᠧᠷᠦ᠋ᠰᠠᠯᠧᠮ ᠤᠷᠤᠭᠤ ᠪᠤᠴᠠᠭᠰᠠᠨ ᠪᠠᠢᠨ᠎ᠠ᠃
21 ᠲᠡᠳᠡ ᠶᠠᠪᠤᠭᠰᠠᠨ ᠤ ᠬᠣᠢᠨ᠎ᠠ᠂ ᠲᠡᠷᠡ ᠬᠣᠶᠠᠷ ᠬᠤᠳᠳᠤᠭ ᠠᠴᠠ ᠭᠠᠷᠴᠤ ᠢᠷᠡᠭᠡᠳ ᠳ᠋ᠠᠸᠢᠳ᠋ ᠬᠠᠭᠠᠨ ᠳᠤ ᠬᠡᠯᠡ ᠬᠦᠷᠭᠡᠬᠦ ᠪᠡᠷ ᠶᠠᠪᠤᠪᠠ᠃ ᠲᠡᠳᠡ ᠳ᠋ᠠᠸᠢᠳ᠋ ᠲᠤ᠄ 《ᠭᠣᠣᠯ ᠢ ᠬᠤᠷᠳᠤᠬᠠᠨ ᠭᠠᠲᠤᠯᠤᠭᠠᠷᠠᠢ᠃ ᠠᠾᠢᠲ᠋ᠣᠹᠧᠯ ᠲᠠ ᠨᠠᠷ ᠢ ᠬᠣᠣᠷᠯᠠᠬᠤ ᠪᠠᠷ ᠢᠩᠭᠢᠵᠦ ᠢᠩᠭᠢᠵᠦ ᠵᠥᠪᠯᠡᠭᠰᠡᠨ ᠪᠠᠢᠨ᠎ᠠ》 ᠭᠡᠰᠡᠨ ᠳᠦ᠂ 22 ᠳ᠋ᠠᠸᠢᠳ᠋ ᠪᠣᠯᠣᠨ ᠲᠡᠭᠦᠨ ᠲᠡᠢ ᠬᠠᠮᠲᠤ ᠪᠠᠢᠭᠰᠠᠨ ᠬᠥᠮᠦᠰ ᠪᠦᠭᠦᠳᠡᠭᠡᠷ ᠬᠥᠳᠡᠯᠦᠨ᠂ ᠶᠣᠷᠳᠠᠨ ᠭᠣᠣᠯ ᠢ ᠭᠠᠲᠤᠯᠪᠠ᠃ ᠦᠷ ᠴᠠᠢᠲᠠᠯ᠎ᠠ ᠶᠣᠷᠳᠠᠨ ᠭᠣᠣᠯ ᠢ ᠭᠠᠲᠤᠯᠤᠭᠠ ᠦᠭᠡᠢ ᠬᠥᠮᠦᠨ ᠨᠢᠭᠡ ᠴᠤ ᠪᠠᠢᠭᠰᠠᠨ ᠦᠭᠡᠢ᠃
23 ᠬᠠᠷᠢᠨ ᠠᠾᠢᠲ᠋ᠣᠹᠧᠯ ᠵᠥᠪᠯᠡᠯᠭᠡ ᠶᠣᠰᠣᠭᠠᠷ ᠨᠢ ᠬᠢᠭᠰᠡᠨ ᠦᠭᠡᠢ ᠶᠢ ᠬᠠᠷᠠᠭᠠᠳ ᠡᠯᠵᠢᠭᠡ ᠪᠡᠨ ᠡᠮᠡᠭᠡᠯᠯᠡᠨ᠂ ᠲᠥᠷᠥᠭᠰᠡᠨ ᠨᠤᠲᠤᠭ ᠤᠷᠤᠭᠤ ᠪᠠᠨ ᠪᠤᠴᠠᠵᠤ᠂ ᠭᠡᠷ ᠲᠡᠭᠡᠨ ᠣᠴᠢᠭᠠᠳ ᠭᠡᠷ ᠦᠨ ᠬᠢᠨ ᠳᠡᠭᠡᠨ ᠭᠡᠷᠢᠶᠡᠰ ᠦᠯᠡᠳᠡᠭᠡᠨ ᠪᠣᠭᠣᠮᠢᠯᠠᠵᠤ ᠦᠬᠦᠭᠰᠡᠨ ᠪᠠᠢᠨ᠎ᠠ᠃ ᠲᠡᠭᠦᠨ ᠢ ᠡᠴᠢᠭᠡ ᠶᠢᠨ ᠬᠢᠨᠢ ᠪᠤᠯᠠᠰᠢᠨ ᠳᠤ ᠣᠷᠣᠰᠢᠭᠤᠯᠵᠠᠢ᠃
24 ᠳ᠋ᠠᠸᠢᠳ᠋ ᠮᠠᠬᠠᠨᠠᠢᠮ ᠳᠤ ᠬᠦᠷᠦᠭᠰᠡᠨ ᠦᠶ᠎ᠡ ᠳᠦ ᠠᠪᠰᠠᠯᠣᠮ ᠪᠣᠯᠣᠨ ᠲᠡᠭᠦᠨ ᠲᠡᠢ ᠬᠠᠮᠲᠤ ᠪᠤᠢ ᠢᠰᠷᠧᠯ ᠤᠨ ᠴᠡᠷᠢᠭ ᠤᠳ ᠪᠦᠭᠦᠳᠡᠭᠡᠷ ᠶᠣᠷᠳᠠᠨ ᠭᠣᠣᠯ ᠢ ᠭᠠᠲᠤᠯᠪᠠ᠃ 25 ᠠᠪᠰᠠᠯᠣᠮ ᠶᠣᠶᠠᠪ ᠤᠨ ᠣᠷᠣᠨ ᠳᠤ ᠠᠮᠠᠰᠠ ᠶᠢ ᠴᠡᠷᠢᠭ ᠤᠨ ᠵᠠᠩᠵᠤᠨ ᠢᠶᠠᠷ ᠲᠣᠮᠢᠯᠠᠭᠰᠠᠨ ᠪᠠᠢᠯ᠎ᠠ᠃ ᠠᠮᠠᠰᠠ ᠪᠣᠯ ᠶᠧᠲ᠋ᠧᠷ ᠭᠡᠳᠡᠭ ᠢᠰᠷᠧᠯ ᠬᠥᠮᠦᠨ ᠦ ᠬᠥᠪᠡᠭᠦᠨ ᠪᠢᠯᠡ᠃ ᠶᠧᠲ᠋ᠧᠷ ᠤᠨ ᠡᠬᠡᠨᠡᠷ ᠪᠣᠯ ᠨᠠᠬᠠᠱ ᠤᠨ ᠥᠬᠢᠨ ᠠᠪᠢᠭᠠᠢᠯ ᠪᠥᠭᠡᠳ ᠶᠣᠶᠠᠪ ᠤᠨ ᠡᠬᠡ ᠽᠧᠷᠣᠢᠶ᠎ᠠ ᠶᠢᠨ ᠥᠬᠢᠨ ᠳᠡᠭᠦᠦ ᠪᠠᠢᠯ᠎ᠠ᠃ 26 ᠢᠰᠷᠧᠯᠴᠦᠳ ᠪᠣᠯᠣᠨ ᠠᠪᠰᠠᠯᠣᠮ ᠭᠢᠯᠧᠶᠠᠳ᠋ ᠤᠨ ᠨᠤᠲᠤᠭ ᠲᠤ ᠬᠤᠸᠠᠷᠠᠩᠨᠠᠪᠠ᠃
27 ᠳ᠋ᠠᠸᠢᠳ᠋ ᠮᠠᠬᠠᠨᠠᠢᠮ ᠳᠤ ᠬᠦᠷᠦᠭᠰᠡᠨ ᠦᠶ᠎ᠡ ᠳᠦ᠂ ᠷᠠᠪᠠ ᠶᠢᠨ ᠠᠮᠣᠨ ᠬᠥᠮᠦᠨ ᠨᠠᠬᠠᠱ ᠤᠨ ᠬᠥᠪᠡᠭᠦᠨ ᠱᠣᠪᠢ ᠪᠣᠯᠣᠨ ᠯᠣᠳᠧᠪᠠᠷ ᠬᠥᠮᠦᠨ ᠠᠮᠢᠶᠧᠯ ᠤᠨ ᠬᠥᠪᠡᠭᠦᠨ ᠮᠠᠺᠢᠷ᠂ ᠷᠣᠭᠧᠯᠢᠮ ᠤᠨ ᠭᠢᠯᠧᠶᠠᠳ᠋ ᠬᠥᠮᠦᠨ ᠪᠠᠷᠽᠢᠯᠠᠢ ᠨᠠᠷ ᠢᠷᠡᠪᠡ᠃ 28 ᠲᠡᠳᠡ ᠣᠷᠣ ᠳᠡᠪᠢᠰᠬᠡᠷ᠂ ᠨᠢᠭᠤᠷ ᠤᠬᠢᠶᠠᠬᠤ ᠰᠠᠪᠠ᠂ ᠠᠶᠠᠭ᠎ᠠ᠂ ᠪᠤᠭᠤᠳᠠᠢ᠂ ᠠᠷᠪᠠᠢ᠂ ᠭᠤᠯᠢᠷ᠂ ᠬᠠᠭᠤᠷᠤᠭᠰᠠᠨ ᠲᠠᠷᠢᠶ᠎ᠠ᠂ ᠪᠤᠷᠴᠠᠭ᠂ ᠤᠯᠠᠭᠠᠨ ᠪᠤᠷᠴᠠᠭ᠂ ᠬᠠᠲᠠᠭᠠᠭᠰᠠᠨ ᠦᠷ᠎ᠡ᠂ 29 ᠪᠠᠯ᠂ ᠴᠥᠴᠥᠭᠡᠢ᠂ ᠬᠣᠨᠢ᠂ ᠪᠢᠰᠢᠯᠠᠭ ᠵᠡᠷᠭᠡ ᠶᠢ ᠳ᠋ᠠᠸᠢᠳ᠋ ᠪᠣᠯᠣᠨ ᠲᠡᠭᠦᠨ ᠦ ᠬᠠᠷᠢᠶ᠎ᠠ ᠬᠥᠮᠦᠰ ᠦᠨ ᠬᠦᠨᠡᠰᠦᠨ ᠳᠦ ᠠᠪᠴᠢᠷᠠᠪᠠ᠃ ᠲᠡᠳᠡᠨ ᠢ ᠴᠥᠯ ᠳᠤ ᠥᠯᠥᠰᠴᠦ ᠶᠠᠳᠠᠷᠠᠵᠤ ᠴᠠᠩ᠋ᠭᠠᠭᠰᠠᠨ ᠪᠠᠢᠬ᠎ᠠ ᠬᠡᠮᠡᠨ ᠪᠣᠳᠣᠵᠠᠢ᠃