ᠬᠣᠶᠠᠳᠤᠭᠠᠷ ᠰᠠᠮᠦ᠋ᠶᠧᠯ ᠬᠣᠷᠢᠨ ᠳᠥᠷᠪᠡ
ᠳ᠋ᠠᠸᠢᠳ᠋ ᠤᠨ ᠬᠥᠮᠦᠨ ᠠᠮᠠ ᠶᠢᠨ ᠲᠣᠭᠠᠯᠠᠯᠭ᠎ᠠ
1 ᠶᠣᠬᠣᠸᠠ ᠶᠢᠨ ᠬᠢᠯᠢᠩ ᠳᠠᠬᠢᠨᠲᠠ ᠢᠰᠷᠧᠯ ᠤᠨ ᠡᠰᠡᠷᠭᠦ ᠳᠦᠷᠡᠯᠵᠡᠵᠦ᠂ ᠳ᠋ᠠᠸᠢᠳ᠋ ᠢ ᠥᠳᠥᠭᠡᠨ᠄ 《ᠢᠰᠷᠧᠯ ᠪᠣᠯᠣᠨ ᠶᠦᠳᠠ ᠶᠢᠨ ᠬᠥᠮᠦᠨ ᠠᠮᠠ ᠶᠢ ᠲᠣᠭᠠᠯᠠ》 ᠭᠡᠪᠡ᠃ 2 ᠬᠠᠭᠠᠨ ᠳᠡᠷᠭᠡᠳᠡ ᠪᠡᠨ ᠪᠠᠢᠭ᠎ᠠ ᠴᠡᠷᠢᠭ ᠤᠨ ᠵᠠᠩᠵᠤᠨ ᠶᠣᠶᠠᠪ ᠲᠤ᠄ 《ᠣᠳᠣ ᠴᠢ ᠳ᠋ᠠᠨ ᠠᠴᠠ ᠪᠧᠷ ᠱᠧᠪᠠ ᠬᠦᠷᠲᠡᠯᠡᠬᠢ ᠢᠰᠷᠧᠯ ᠤᠨ ᠪᠦᠬᠦ ᠣᠪᠣᠭ ᠤᠳ ᠢᠶᠠᠷ ᠶᠠᠪᠤᠵᠤ᠂ ᠠᠷᠠᠳ ᠲᠦᠮᠡᠨ ᠢ ᠪᠦᠷᠢᠳᠬᠡ᠂ ᠠᠷᠠᠳ ᠲᠦᠮᠡᠨ ᠦ ᠲᠣᠭ᠎ᠠ ᠶᠢ ᠪᠢ ᠮᠡᠳᠡᠬᠦ ᠤᠴᠢᠷᠲᠠᠢ》 ᠭᠡᠬᠦ ᠳᠦ᠂ 3 ᠶᠣᠶᠠᠪ ᠬᠠᠭᠠᠨ ᠳᠤ᠄ 《ᠡᠵᠡᠨ ᠬᠠᠭᠠᠨᠲᠠᠨ ᠮᠢᠨᠢ ᠨᠢᠳᠦ ᠪᠡᠷ ᠢᠶᠠᠨ ᠦᠵᠡᠵᠦ ᠪᠠᠢᠬᠤ ᠳᠤ᠂ ᠲᠠᠨ ᠤ ᠪᠤᠷᠬᠠᠨ ᠶᠣᠬᠣᠸᠠ ᠠᠷᠠᠳ ᠲᠦᠮᠡᠨ ᠢ ᠵᠠᠭᠤ ᠳᠠᠬᠢᠨ ᠥᠰᠭᠡᠬᠦ ᠪᠣᠯᠣᠭᠠᠰᠠᠢ︕ ᠭᠡᠪᠡᠴᠦ ᠡᠵᠡᠨ ᠬᠠᠭᠠᠨᠲᠠᠨ ᠮᠢᠨᠢ᠂ ᠶᠠᠭᠤᠨ ᠳᠤ ᠡᠭᠦᠨ ᠢ ᠬᠦᠰᠡᠵᠦ ᠪᠠᠢᠨ᠎ᠠ ᠪᠤᠢ︖》 ᠭᠡᠪᠡ᠃ 4 ᠭᠡᠪᠡᠴᠦ ᠬᠠᠭᠠᠨ ᠵᠠᠷᠯᠢᠭᠳᠠᠨ ᠶᠣᠶᠠᠪ ᠪᠣᠯᠣᠨ ᠴᠡᠷᠢᠭ ᠤᠨ ᠵᠠᠩᠵᠤᠨ ᠨᠠᠷ ᠢ ᠬᠦᠴᠦᠯᠡᠭᠰᠡᠨ ᠳᠦ ᠲᠡᠳᠡ ᠢᠰᠷᠧᠯ ᠤᠨ ᠠᠷᠠᠳ ᠲᠦᠮᠡᠨ ᠢ ᠲᠣᠭᠠᠯᠠᠬᠤ ᠪᠠᠷ ᠬᠠᠭᠠᠨ ᠠᠴᠠ ᠠᠶᠠᠷᠯᠠᠵᠠᠢ᠃ 5 ᠲᠡᠳᠡ ᠶᠣᠷᠳᠠᠨ ᠢ ᠭᠠᠲᠤᠯᠤᠨ᠂ ᠲᠡᠷᠡ ᠬᠥᠨᠳᠡᠢ ᠶᠢᠨ ᠳᠤᠮᠳᠠ ᠪᠤᠢ ᠠᠷᠣᠶᠧᠷ ᠤᠨ ᠡᠮᠦᠨ᠎ᠡ ᠲᠠᠯ᠎ᠠ ᠳᠤ ᠬᠤᠸᠠᠷᠠᠩᠨᠠᠨ ᠪᠠᠭᠤᠵᠤ ᠲᠡᠨᠳᠡ ᠡᠴᠡ ᠡᠬᠢᠯᠡᠨ ᠭᠠᠳ᠋ ᠪᠣᠯᠣᠨ ᠶᠠᠽᠧᠷ ᠤᠨ ᠵᠦᠭ ᠶᠠᠪᠤᠵᠠᠢ᠃ 6 ᠳᠠᠷᠠᠭ᠎ᠠ ᠨᠢ ᠲᠡᠳᠡ ᠭᠢᠯᠧᠶᠠᠳ᠋ ᠪᠣᠯᠣᠨ ᠬᠢᠲ᠋ᠴᠦᠳ ᠦᠨ ᠨᠤᠲᠤᠭ ᠢᠶᠠᠷ 18 ᠳᠠᠮᠵᠢᠨ ᠳ᠋ᠠᠨ ᠶᠠᠨ ᠤᠷᠤᠭᠤ ᠶᠠᠪᠤᠵᠤ᠂ ᠰᠢᠢᠳᠣᠨ ᠢ ᠲᠣᠭᠣᠷᠢᠨ 7 ᠲᠢᠷ ᠤᠨ ᠴᠠᠢᠵᠠ ᠳᠤ ᠣᠴᠢᠭᠠᠳ ᠾᠢᠸᠢᠴᠦᠳ᠂ ᠺᠠᠨᠠᠨᠴᠤᠳ ᠤᠨ ᠪᠦᠬᠦ ᠬᠣᠲᠠ ᠨᠤᠭᠤᠳ ᠢᠶᠠᠷ ᠣᠷᠣᠵᠤ᠂ ᠲᠡᠨᠳᠡ ᠡᠴᠡ ᠪᠡᠨ ᠶᠦᠳᠠ ᠶᠢᠨ ᠡᠮᠦᠨ᠎ᠡ ᠬᠡᠰᠡᠭ ᠢᠶᠡᠷ ᠶᠠᠪᠤᠵᠤ᠂ ᠪᠧᠷ ᠱᠧᠪᠠ ᠳᠤ ᠬᠦᠷᠪᠡ᠃ 8 ᠲᠡᠢᠨ ᠬᠦ ᠲᠡᠳᠡ ᠪᠦᠬᠦ ᠨᠤᠲᠤᠭ ᠢᠶᠠᠷ ᠶᠠᠪᠤᠭᠠᠳ ᠶᠢᠰᠦᠨ ᠰᠠᠷ᠎ᠠ ᠶᠢᠨ ᠭᠠᠳᠠᠨ᠎ᠠ ᠬᠣᠷᠢ ᠬᠣᠨᠣᠭ ᠤᠨ ᠳᠠᠷᠠᠭ᠎ᠠ ᠶᠧᠷᠦ᠋ᠰᠠᠯᠧᠮ ᠳᠤ ᠪᠤᠴᠠᠵᠤ ᠢᠷᠡᠯ᠎ᠡ᠃ 9 ᠶᠣᠶᠠᠪ ᠬᠥᠮᠦᠨ ᠠᠮᠠ ᠶᠢᠨ ᠲᠣᠭᠠᠯᠠᠯᠭ᠎ᠠ ᠶᠢ ᠬᠠᠭᠠᠨ ᠳᠤ ᠮᠡᠳᠡᠭᠦᠯᠪᠡ᠃ ᠢᠯᠳᠦ ᠪᠠᠷᠢᠭᠴᠢ ᠳᠠᠢᠴᠢᠳ ᠢᠰᠷᠧᠯ ᠳᠤ ᠨᠠᠶᠠᠨ ᠲᠦᠮᠡ᠂ ᠶᠦᠳᠠ ᠳᠤ ᠲᠠᠪᠢᠨ ᠲᠦᠮᠡ ᠪᠠᠢᠯ᠎ᠠ᠃
10 ᠳ᠋ᠠᠸᠢᠳ᠋ ᠠᠷᠠᠳ ᠲᠦᠮᠡᠨ ᠢᠶᠡᠨ ᠲᠣᠭᠠᠯᠠᠭᠰᠠᠨ ᠤ ᠪᠠᠨ ᠳᠠᠷᠠᠭ᠎ᠠ ᠰᠡᠳᠬᠢᠯ ᠨᠢ ᠵᠣᠪᠠᠨᠢᠵᠤ᠂ ᠶᠣᠬᠣᠸᠠ ᠳᠤ᠄ 《ᠪᠢ ᠬᠢᠭᠰᠡᠨ ᠵᠦᠢᠯ ᠢᠶᠠᠷ ᠢᠶᠠᠨ ᠦᠨᠡᠬᠡᠷ ᠨᠢᠭᠦᠯ ᠦᠢᠯᠡᠳᠴᠡᠢ᠃ ᠶᠣᠬᠣᠸᠠ᠂ ᠵᠠᠷᠤᠴᠠ ᠶᠢᠨ ᠢᠶᠠᠨ ᠭᠡᠮ ᠪᠤᠷᠤᠭᠤ ᠶᠢ ᠥᠷᠥᠰᠢᠶᠡᠭᠡᠴᠢ᠃ ᠪᠢ ᠦᠨᠡᠬᠡᠷ ᠮᠤᠩ᠋ᠬᠠᠭᠯᠠᠵᠠᠢ》 ᠭᠡᠯᠡ᠃ 11 ᠳ᠋ᠠᠸᠢᠳ᠋ ᠥᠷᠯᠥᠭᠡ ᠪᠣᠰᠬᠤ ᠳᠤ᠂ ᠶᠣᠬᠣᠸᠠ ᠶᠢᠨ ᠦᠭᠡ ᠳ᠋ᠠᠸᠢᠳ᠋ ᠤᠨ ᠪᠣᠱᠣᠭᠴᠢ᠂ ᠡᠰᠢ ᠦᠵᠡᠭᠦᠯᠦᠭᠴᠢ ᠭᠠᠳ᠋ ᠳᠡᠭᠡᠷ᠎ᠡ ᠪᠠᠭᠤᠵᠤ ᠢᠷᠡᠭᠰᠡᠨ ᠪᠠᠢᠯ᠎ᠠ᠃ ᠶᠣᠬᠣᠸᠠ ᠲᠡᠭᠦᠨ ᠳᠦ᠄ 12 《ᠴᠢ ᠳ᠋ᠠᠸᠢᠳ᠋ ᠲᠤ᠄ 〈ᠶᠣᠬᠣᠸᠠ ᠠᠢᠯᠠᠳᠴᠤ ᠪᠠᠢᠨ᠎ᠠ᠄ ᠪᠢ ᠴᠢᠮ᠎ᠠ ᠳᠤ ᠭᠤᠷᠪᠠᠨ ᠰᠣᠩ᠋ᠭᠣᠯᠲᠠ ᠥᠭᠭᠥᠶ᠎ᠡ᠃ ᠡᠳᠡᠭᠡᠷ ᠡᠴᠡ ᠴᠢ ᠨᠢᠭᠡ ᠶᠢ ᠨᠢ ᠰᠣᠩ᠋ᠭᠣ᠂ ᠲᠡᠷᠡ ᠶᠣᠰᠣᠭᠠᠷ ᠪᠢ ᠴᠢᠮ᠎ᠠ ᠳᠤ ᠦᠢᠯᠡᠳᠬᠦ ᠪᠣᠯᠣᠨ᠎ᠠ〉 ᠭᠡᠵᠦ ᠬᠡᠯᠡ》 ᠭᠡᠪᠡ᠃ 13 ᠭᠠᠳ᠋ ᠳ᠋ᠠᠸᠢᠳ᠋ ᠳᠡᠭᠡᠷ᠎ᠡ ᠣᠴᠢᠵᠤ᠂ ᠲᠡᠭᠦᠨ ᠳᠦ ᠬᠡᠯᠡᠬᠦ ᠳᠡᠭᠡᠨ᠄ 《ᠲᠠ ᠨᠤᠲᠤᠭ ᠣᠷᠣᠨ ᠳᠠᠭᠠᠨ ᠳᠣᠯᠣᠭᠠᠨ ᠵᠢᠯ ᠥᠯᠥᠰᠬᠥᠯᠡᠩ ᠢᠷᠡᠭᠦᠯᠬᠦ ᠤᠤ︖ ᠡᠰᠡᠪᠡᠯ ᠲᠠ ᠳᠠᠢᠰᠤᠨ ᠨᠤᠭᠤᠳ ᠲᠠᠭᠠᠨ ᠮᠥᠰᠬᠢᠭᠳᠡᠨ ᠲᠡᠳᠡᠨ ᠡᠴᠡ ᠭᠤᠷᠪᠠᠨ ᠰᠠᠷ᠎ᠠ ᠶᠢᠨ ᠲᠤᠷᠰᠢ ᠵᠢᠭᠤᠲᠠᠬᠤ ᠤᠤ︖ ᠡᠰᠡᠪᠡᠯ ᠨᠤᠲᠤᠭ ᠣᠷᠣᠨ ᠳᠠᠭᠠᠨ ᠭᠤᠷᠪᠠᠨ ᠡᠳᠦᠷ ᠦᠨ ᠲᠤᠷᠰᠢ ᠡᠪᠡᠳᠴᠢᠨ ᠲᠠᠬᠤᠯ ᠳᠡᠯᠭᠡᠷᠡᠭᠦᠯᠬᠦ ᠤᠤ︖ ᠡᠳᠦᠭᠡ ᠲᠠ ᠨᠠᠮᠠᠶᠢ ᠢᠯᠡᠭᠡᠭᠰᠡᠨ ᠨᠢᠭᠡᠨ ᠳᠦ ᠬᠠᠷᠢᠭᠤᠯᠬᠤ ᠦᠭᠡ ᠶᠢ ᠮᠢᠨᠢ ᠪᠣᠳᠣᠵᠤ ᠦᠵᠡᠨ᠎ᠡ ᠤᠤ︖》 ᠭᠡᠬᠦ ᠳᠦ᠂ 14 ᠳ᠋ᠠᠸᠢᠳ᠋ ᠭᠠᠳ᠋ ᠲᠤ᠄ 《ᠪᠢ ᠦᠨᠡᠬᠡᠷ ᠪᠠᠴᠢᠮᠳᠠᠵᠤ ᠪᠠᠢᠨ᠎ᠠ᠃ ᠬᠠᠷᠢᠨ ᠶᠣᠬᠣᠸᠠ ᠶᠢᠨ ᠨᠢᠭᠦᠯᠡᠰᠦᠯ ᠠᠭᠤᠤ ᠤᠴᠢᠷ ᠠᠴᠠ ᠪᠢ ᠬᠥᠮᠦᠨ ᠦ ᠭᠠᠷ ᠲᠤ ᠣᠷᠣᠬᠤ ᠦᠭᠡᠢ᠂ ᠪᠢᠳᠡ ᠲᠡᠭᠦᠨ ᠦ ᠯᠠ ᠮᠤᠲᠤᠷ ᠲᠤ ᠣᠷᠣᠭᠠᠰᠠᠢ》 ᠭᠡᠪᠡ᠃
15 ᠶᠣᠬᠣᠸᠠ ᠲᠡᠷᠡ ᠥᠷᠯᠥᠭᠡ ᠡᠴᠡ ᠲᠣᠪᠯᠠᠭᠰᠠᠨ ᠴᠠᠭ ᠬᠦᠷᠲᠡᠯ᠎ᠡ ᠪᠡᠨ ᠢᠰᠷᠧᠯ ᠳᠤ ᠲᠠᠬᠤᠯ ᠪᠠᠭᠤᠯᠭᠠᠭᠰᠠᠨ ᠳᠤ᠂ ᠳ᠋ᠠᠨ ᠠᠴᠠ ᠪᠧᠷ ᠱᠧᠪᠠ ᠬᠦᠷᠲᠡᠯᠡᠬᠢ ᠠᠷᠠᠳ ᠣᠯᠠᠨ ᠠᠴᠠ ᠳᠠᠯᠠᠨ ᠲᠦᠮᠡᠨ ᠬᠥᠮᠦᠨ ᠦᠬᠦᠵᠡᠢ᠃ 16 ᠲᠩᠷᠢ ᠡᠯᠴᠢ ᠶᠧᠷᠦ᠋ᠰᠠᠯᠧᠮ ᠤᠷᠤᠭᠤ ᠭᠠᠷ ᠢᠶᠠᠨ ᠰᠤᠩ᠋ᠭᠠᠨ᠂ ᠲᠡᠭᠦᠨ ᠢ ᠤᠰᠠᠳᠬᠠᠬᠤ ᠭᠡᠲᠡᠯ᠎ᠡ ᠶᠣᠬᠣᠸᠠ ᠲᠡᠷᠡ ᠵᠣᠪᠠᠯᠠᠩ ᠤᠨ ᠤᠯᠠᠮ ᠢᠶᠠᠷ ᠥᠷᠥ ᠡᠪᠡᠳᠴᠦ᠂ ᠠᠷᠠᠳ ᠣᠯᠠᠨ ᠢ ᠤᠰᠠᠳᠬᠠᠵᠤ ᠪᠤᠢ ᠲᠩᠷᠢ ᠡᠯᠴᠢ ᠳᠤ ᠵᠠᠬᠢᠨ᠄ 《ᠣᠳᠣ ᠪᠣᠯᠣᠭᠰᠠᠨ᠂ ᠭᠠᠷ ᠢᠶᠠᠨ ᠲᠡᠳᠡ》 ᠭᠡᠪᠡ᠃ ᠲᠡᠷᠡ ᠦᠶ᠎ᠡ ᠳᠦ ᠶᠣᠬᠣᠸᠠ ᠶᠢᠨ ᠲᠩᠷᠢ ᠡᠯᠴᠢ ᠶᠧᠪᠦ᠋ᠰ ᠬᠥᠮᠦᠨ ᠠᠷᠦ᠋ᠨᠠ ᠶᠢᠨ ᠦᠲᠦᠷᠮ᠎ᠡ ᠶᠢᠨ ᠬᠠᠵᠠᠭᠤ ᠳᠤ ᠪᠠᠢᠯ᠎ᠠ᠃ 17 ᠳ᠋ᠠᠸᠢᠳ᠋ ᠠᠷᠠᠳ ᠣᠯᠠᠨ ᠢ ᠤᠰᠠᠳᠬᠠᠵᠤ ᠪᠤᠢ ᠲᠩᠷᠢ ᠡᠯᠴᠢ ᠶᠢ ᠬᠠᠷᠠᠭᠠᠳ ᠶᠣᠬᠣᠸᠠ ᠳᠤ᠄ 《ᠨᠢᠭᠦᠯ ᠦᠢᠯᠡᠳᠦᠨ᠂ ᠪᠤᠷᠤᠭᠤ ᠵᠦᠢᠯ ᠬᠢᠭᠰᠡᠨ ᠨᠢ ᠪᠢ ᠪᠢᠯᠡ᠃ ᠬᠠᠷᠢᠨ ᠡᠨᠡ ᠬᠣᠨᠢᠨ ᠰᠦᠷᠦᠭ ᠶᠠᠭᠤ ᠦᠢᠯᠡᠳᠦᠭᠰᠡᠨ ᠶᠤᠮ ᠪᠤᠢ︖ ᠲᠠᠨ ᠤ ᠮᠤᠲᠤᠷ ᠨᠠᠳᠠ ᠳᠡᠭᠡᠷ᠎ᠡ ᠪᠣᠯᠣᠨ ᠮᠢᠨᠦ ᠡᠴᠢᠭᠡ ᠶᠢᠨ ᠭᠡᠷ ᠳᠡᠭᠡᠷ᠎ᠡ ᠪᠠᠢᠬᠤ ᠪᠣᠯᠲᠤᠭᠠᠢ》 ᠭᠡᠪᠡ᠃
18 ᠲᠡᠷᠡ ᠡᠳᠦᠷ ᠭᠠᠳ᠋ ᠳ᠋ᠠᠸᠢᠳ᠋ ᠳᠡᠭᠡᠷ᠎ᠡ ᠢᠷᠡᠵᠦ᠂ ᠲᠡᠭᠦᠨ ᠳᠦ᠄ 《ᠲᠠ ᠶᠧᠪᠦ᠋ᠰ ᠬᠥᠮᠦᠨ ᠠᠷᠦ᠋ᠨᠠ ᠶᠢᠨ ᠦᠲᠦᠷᠮ᠎ᠡ ᠥᠭᠡᠳᠡ ᠣᠴᠢᠭᠠᠳ ᠶᠣᠬᠣᠸᠠ ᠳᠤ ᠵᠣᠷᠢᠭᠤᠯᠵᠤ ᠲᠠᠬᠢᠯ ᠤᠨ ᠰᠢᠷᠡᠭᠡ ᠪᠣᠰᠬ᠎ᠠ》 ᠭᠡᠰᠡᠨ ᠳᠦ᠂ 19 ᠳ᠋ᠠᠸᠢᠳ᠋ ᠶᠣᠬᠣᠸᠠ ᠶᠢᠨ ᠭᠠᠳ᠋ ᠢᠶᠠᠷ ᠳᠠᠮᠵᠢᠭᠤᠯᠤᠨ ᠵᠠᠬᠢᠭᠰᠠᠨ ᠶᠣᠰᠣᠭᠠᠷ ᠲᠡᠨᠳᠡ ᠣᠴᠢᠵᠠᠢ᠃ 20 ᠲᠡᠷᠡ ᠴᠠᠭ ᠲᠤ ᠠᠷᠦ᠋ᠨᠠ ᠳᠣᠭᠣᠭᠰᠢ ᠬᠠᠷᠠᠵᠤ ᠪᠠᠢᠬᠤ ᠳᠠᠭᠠᠨ᠂ ᠬᠠᠭᠠᠨ ᠤ ᠵᠠᠷᠤᠴᠠ ᠨᠠᠷ ᠲᠠᠢ ᠪᠠᠨ ᠬᠠᠮᠲᠤ ᠥᠭᠡᠳᠡ ᠡᠴᠡ ᠨᠢ ᠢᠷᠡᠵᠦ ᠶᠠᠪᠤᠭ᠎ᠠ ᠶᠢ ᠬᠠᠷᠠᠪᠠ᠃ ᠠᠷᠦ᠋ᠨᠠ ᠭᠠᠷᠴᠤ ᠢᠷᠡᠨ ᠨᠢᠭᠤᠷ ᠢᠶᠠᠨ ᠭᠠᠵᠠᠷ ᠲᠤ ᠬᠦᠷᠭᠡᠨ ᠬᠠᠭᠠᠨ ᠳᠤ ᠮᠥᠷᠭᠥᠪᠡ᠃ 21 ᠠᠷᠦ᠋ᠨᠠ᠄ 《ᠡᠵᠡᠨ ᠬᠠᠭᠠᠨ ᠮᠢᠨᠢ᠂ ᠲᠠ ᠶᠠᠮᠠᠷ ᠤᠴᠢᠷ ᠢᠶᠠᠷ ᠵᠠᠷᠤᠴᠠ ᠨᠠᠳᠠ ᠳᠡᠭᠡᠷ᠎ᠡ ᠢᠷᠡᠭᠰᠡᠨ ᠪᠤᠢ︖》 ᠭᠡᠬᠦ ᠳᠦ᠂ ᠳ᠋ᠠᠸᠢᠳ᠋᠄ 《ᠴᠢᠮ᠎ᠠ ᠠᠴᠠ ᠡᠨᠡ ᠦᠲᠦᠷᠮ᠎ᠡ ᠶᠢ ᠬᠤᠳᠠᠯᠳᠤᠵᠤ ᠠᠪᠤᠶ᠎ᠠ ᠭᠡᠰᠡᠨ ᠶᠤᠮ᠃ ᠠᠷᠠᠳ ᠣᠯᠠᠨ ᠤ ᠳᠤᠮᠳᠠᠬᠢ ᠭᠠᠢ ᠭᠠᠮᠰᠢᠭ ᠢ ᠵᠣᠭᠰᠣᠭᠠᠬᠤ ᠶᠢᠨ ᠲᠤᠯᠠᠳᠠ ᠶᠣᠬᠣᠸᠠ ᠳᠤ ᠵᠣᠷᠢᠭᠤᠯᠤᠨ ᠲᠠᠬᠢᠯ ᠤᠨ ᠰᠢᠷᠡᠭᠡ ᠪᠣᠰᠬᠠᠬᠤ ᠪᠠᠷ ᠪᠠᠢᠨ᠎ᠠ》 ᠭᠡᠵᠦ ᠬᠡᠯᠡᠪᠡ᠃ 22 ᠠᠷᠦ᠋ᠨᠠ ᠳ᠋ᠠᠸᠢᠳ᠋ ᠲᠤ᠄ 《ᠡᠵᠡᠨ ᠬᠠᠭᠠᠨ ᠮᠢᠨᠢ᠂ ᠰᠠᠨᠠᠭᠠᠨ ᠳᠠᠭᠠᠨ ᠨᠡᠢᠴᠡᠬᠦ ᠪᠦᠭᠦᠳᠡ ᠶᠢ ᠠᠪᠴᠤ ᠡᠷᠭᠦᠭᠡᠷᠡᠢ᠃ ᠡ᠊ᠨᠳᠡ ᠰᠢᠲᠠᠭᠠᠯᠭᠠᠲᠤ ᠲᠠᠬᠢᠯ ᠳᠤ ᠵᠣᠷᠢᠭᠤᠯᠬᠤ ᠦᠬᠡᠷ ᠴᠤ᠂ ᠲᠦᠯᠡᠭᠡᠨ ᠳᠦ ᠵᠣᠷᠢᠭᠤᠯᠬᠤ ᠲᠠᠷᠢᠶ᠎ᠠ ᠴᠠᠢᠷᠠᠭᠤᠯᠬᠤ ᠪᠠᠭᠠᠵᠢ ᠬᠢᠭᠡᠳ ᠦᠬᠡᠷ ᠦᠨ ᠪᠤᠭᠤᠯᠠᠭ᠎ᠠ ᠴᠤ ᠪᠠᠢᠨ᠎ᠠ︕ 23 ᠬᠠᠭᠠᠨ ᠮᠢᠨᠢ᠂ ᠠᠷᠦ᠋ᠨᠠ ᠡᠨᠡ ᠪᠦᠭᠦᠳᠡ ᠶᠢ ᠬᠠᠭᠠᠨ ᠲᠠᠨ ᠳᠤ ᠡᠷᠭᠦᠨ ᠪᠠᠷᠢᠶ᠎ᠠ》 ᠭᠡᠪᠡ᠃ ᠠᠷᠦ᠋ᠨᠠ ᠴᠠᠰᠢ ᠨᠢ ᠬᠠᠭᠠᠨ ᠳᠤ᠄ 《ᠲᠠᠨ ᠤ ᠪᠤᠷᠬᠠᠨ ᠶᠣᠬᠣᠸᠠ ᠲᠠᠨ ᠤ ᠡᠷᠭᠦᠯ ᠢ ᠬᠦᠯᠢᠶᠡᠨ ᠠᠪᠬᠤ ᠪᠣᠯᠲᠤᠭᠠᠢ》 ᠭᠡᠬᠦ ᠳᠦ᠂ 24 ᠬᠠᠭᠠᠨ ᠠᠷᠦ᠋ᠨᠠ ᠳᠤ᠄ 《ᠦᠭᠡᠢ᠂ ᠪᠢ ᠵᠠᠪᠠᠯ ᠦᠨ᠎ᠡ ᠪᠡᠷ ᠨᠢ ᠴᠢᠮ᠎ᠠ ᠠᠴᠠ ᠬᠤᠳᠠᠯᠳᠤᠵᠤ ᠠᠪᠤᠨ᠎ᠠ᠃ ᠪᠢ ᠦᠨ᠎ᠡ ᠶᠢ ᠲᠥᠯᠥᠭᠡ ᠦᠭᠡᠢ ᠵᠦᠢᠯ ᠢᠶᠠᠷ ᠶᠣᠬᠣᠸᠠ ᠪᠤᠷᠬᠠᠨ ᠳᠠᠭᠠᠨ ᠰᠢᠲᠠᠭᠠᠯᠭᠠᠲᠤ ᠲᠠᠬᠢᠯ ᠡᠷᠭᠦᠬᠦ ᠦᠭᠡᠢ》 ᠭᠡᠵᠦ ᠬᠠᠷᠢᠭᠤᠯᠪᠠ᠃ ᠢᠩᠭᠢᠭᠡᠳ ᠳ᠋ᠠᠸᠢᠳ᠋ ᠦᠲᠦᠷᠮ᠎ᠡ ᠪᠣᠯᠣᠨ ᠦᠬᠡᠷ ᠢ ᠲᠠᠪᠢᠨ ᠱᠧᠺᠧᠯ ᠮᠥᠩᠭᠥ 19 ᠪᠠᠷ ᠬᠤᠳᠠᠯᠳᠤᠨ ᠠᠪᠤᠪᠠ᠃ 25 ᠳ᠋ᠠᠸᠢᠳ᠋ ᠲᠡᠨᠳᠡ ᠶᠣᠬᠣᠸᠠ ᠳᠤ ᠵᠣᠷᠢᠭᠤᠯᠤᠨ ᠲᠠᠬᠢᠯ ᠤᠨ ᠰᠢᠷᠡᠭᠡ ᠪᠣᠰᠬᠠᠵᠤ᠂ ᠰᠢᠲᠠᠭᠠᠯᠭᠠᠲᠤ ᠲᠠᠬᠢᠯ ᠪᠣᠯᠣᠨ ᠡᠪ ᠦᠨ ᠲᠠᠬᠢᠯ ᠡᠷᠭᠦᠪᠡ᠃ ᠶᠣᠬᠣᠸᠠ ᠲᠡᠷᠡ ᠭᠠᠵᠠᠷ ᠤᠨ ᠡᠮᠦᠨ᠎ᠡ ᠡᠴᠡ ᠡᠷᠭᠦᠭᠰᠡᠨ ᠭᠤᠶᠤᠯᠲᠠ ᠶᠢ ᠰᠣᠨᠣᠰᠣᠭᠰᠠᠨ ᠪᠥᠭᠡᠳ ᠢᠰᠷᠧᠯ ᠳᠡᠭᠡᠷ᠎ᠡ ᠪᠠᠭᠤᠭᠰᠠᠨ ᠭᠠᠢ ᠭᠠᠮᠰᠢᠭ ᠵᠣᠭᠰᠣᠭᠰᠠᠨ ᠪᠠᠢᠯ᠎ᠠ᠃