ᠬᠣᠶᠠᠳᠤᠭᠠᠷ ᠰᠠᠮᠦ᠋ᠶᠧᠯ ᠠᠷᠪᠠᠨ ᠨᠢᠭᠡ
ᠳ᠋ᠠᠸᠢᠳ᠋ ᠪᠠ ᠪᠠᠲ᠋ᠱᠧᠪᠠ
1 ᠵᠢᠯ ᠭᠠᠷᠤᠭᠠᠳ ᠬᠠᠭᠠᠳ ᠤᠨ ᠳᠠᠢᠨ ᠳᠤ ᠮᠣᠷᠳᠠᠬᠤ ᠴᠠᠭ ᠪᠣᠯᠣᠯ᠎ᠠ᠃ ᠳ᠋ᠠᠸᠢᠳ᠋ ᠶᠣᠶᠠᠪ ᠢ ᠥᠪᠡᠷ ᠦᠨ ᠢᠶᠠᠨ ᠬᠠᠷᠢᠶᠠᠲᠤ ᠵᠠᠩᠵᠤᠨ ᠨᠠᠷ ᠪᠣᠯᠣᠨ ᠪᠦᠬᠦ ᠢᠰᠷᠧᠯ ᠤᠨ ᠴᠡᠷᠢᠭ ᠲᠠᠢ ᠬᠠᠮᠲᠤ ᠶᠠᠪᠤᠭᠤᠯᠤᠭᠰᠠᠨ ᠳᠤ᠂ ᠲᠡᠳᠡ ᠠᠮᠣᠨᠴᠤᠳ ᠢ ᠤᠰᠠᠳᠬᠠᠵᠤ᠂ ᠷᠠᠪᠠ ᠶᠢ ᠪᠦᠰᠡᠯᠡᠪᠡ᠃ ᠬᠠᠷᠢᠨ ᠳ᠋ᠠᠸᠢᠳ᠋ ᠶᠧᠷᠦ᠋ᠰᠠᠯᠧᠮ ᠳᠤ ᠦᠯᠡᠳᠡᠵᠡᠢ᠃
2 ᠣᠷᠣᠢ ᠪᠣᠯᠵᠤ ᠪᠠᠢᠪᠠ᠃ ᠳ᠋ᠠᠸᠢᠳ᠋ ᠣᠷᠣ ᠠᠴᠠ ᠪᠠᠨ ᠪᠣᠰᠴᠤ᠂ ᠬᠠᠭᠠᠨ ᠤ ᠣᠷᠳᠣᠨ ᠤ ᠳᠡᠭᠡᠪᠦᠷ ᠳᠡᠭᠡᠷ᠎ᠡ ᠭᠠᠷᠴᠤ ᠠᠯᠬᠤᠯᠠᠵᠤ ᠪᠠᠢᠭᠠᠳ ᠪᠡᠶ᠎ᠡ ᠪᠡᠨ ᠤᠬᠢᠶᠠᠵᠤ ᠪᠠᠢᠭᠰᠠᠨ ᠨᠢᠭᠡᠨ ᠡᠮᠡᠭᠲᠡᠢ ᠶᠢ ᠳᠡᠭᠡᠪᠦᠷ ᠳᠡᠭᠡᠷ᠎ᠡ ᠡᠴᠡ ᠬᠠᠷᠠᠵᠠᠢ᠃ ᠲᠡᠷᠡ ᠡᠮᠡᠭᠲᠡᠢ ᠲᠤᠩ ᠭᠤᠸ᠎ᠠ ᠦᠵᠡᠰᠬᠦᠯᠡᠩ ᠪᠠᠢᠪᠠ᠃ 3 ᠳ᠋ᠠᠸᠢᠳ᠋ ᠬᠥᠮᠦᠨ ᠶᠠᠪᠤᠭᠤᠯᠵᠤ᠂ ᠲᠡᠷᠡ ᠡᠮᠡᠭᠲᠡᠢ ᠶᠢᠨ ᠲᠤᠬᠠᠢ ᠯᠠᠪᠯᠠᠭᠤᠯᠤᠭᠰᠠᠨ ᠳᠤ᠂ ᠨᠥᠭᠥᠭᠡ ᠬᠥᠮᠦᠨ᠄ 《ᠲᠡᠷᠡ ᠪᠣᠯ ᠾᠢᠲ ᠬᠥᠮᠦᠨ ᠦᠦᠷᠢᠶ᠎ᠠ ᠶᠢᠨ ᠡᠬᠡᠨᠡᠷ᠂ ᠡᠯᠢᠶᠠᠮ ᠤᠨ ᠥᠬᠢᠨ ᠪᠠᠲ᠋ᠱᠧᠪᠠ ᠪᠢᠰᠢ ᠤᠤ︖》 ᠭᠡᠪᠡ᠃ 4 ᠳ᠋ᠠᠸᠢᠳ᠋ ᠡᠯᠴᠢᠳ ᠶᠠᠪᠤᠭᠤᠯᠵᠤ᠂ ᠲᠡᠭᠦᠨ ᠢ ᠠᠪᠴᠢᠷᠠᠭᠤᠯᠪᠠ᠃ ᠡᠮᠡᠭᠲᠡᠢ ᠲᠡᠭᠦᠨ ᠳᠡᠭᠡᠷ᠎ᠡ ᠢᠷᠡᠭᠰᠡᠨ ᠳᠦ᠂ ᠳ᠋ᠠᠸᠢᠳ᠋ ᠲᠡᠭᠦᠨ ᠲᠡᠢ ᠤᠨᠲᠠᠪᠠ᠃ ᠲᠡᠷᠡ ᠡᠮᠡᠭᠲᠡᠢ ᠰᠠᠷ᠎ᠠ ᠶᠢᠨ ᠲᠡᠮᠳᠡᠭ ᠡᠴᠡ ᠪᠡᠨ ᠳᠥᠩᠭᠡᠵᠢ ᠴᠡᠪᠡᠷᠰᠢᠭᠰᠡᠨ ᠪᠠᠢᠵᠠᠢ᠃ ᠲᠡᠷᠡ ᠭᠡᠷ ᠲᠡᠭᠡᠨ ᠪᠤᠴᠠᠭᠰᠠᠨ ᠤ ᠳᠠᠷᠠᠭ᠎ᠠ᠂ 5 ᠬᠥᠯ ᠬᠦᠨᠳᠦ ᠪᠣᠯᠣᠭᠰᠠᠨ ᠢᠶᠠᠨ ᠮᠡᠳᠡᠭᠡᠳ ᠳ᠋ᠠᠸᠢᠳ᠋ ᠤᠷᠤᠭᠤ ᠬᠥᠮᠦᠨ ᠶᠠᠪᠤᠭᠤᠯᠵᠤ᠄ 《ᠪᠢ ᠵᠢᠷᠮᠦᠰᠦᠨ ᠪᠣᠯᠣᠯ᠎ᠠ》 ᠭᠡᠵᠦ ᠬᠡᠯᠡᠭᠦᠯᠪᠡ᠃
6 ᠳ᠋ᠠᠸᠢᠳ᠋ ᠶᠣᠶᠠᠪ ᠤᠷᠤᠭᠤ ᠬᠥᠮᠦᠨ ᠶᠠᠪᠤᠭᠤᠯᠵᠤ᠄ 《ᠾᠢᠲ ᠬᠥᠮᠦᠨ ᠦᠦᠷᠢᠶ᠎ᠠ ᠶᠢ ᠨᠠᠰᠢ ᠢᠷᠡᠭᠦᠯ》 ᠭᠡᠬᠦ ᠳᠦ᠂ ᠶᠣᠶᠠᠪ ᠦᠦᠷᠢᠶ᠎ᠠ ᠶᠢ ᠳ᠋ᠠᠸᠢᠳ᠋ ᠤᠷᠤᠭᠤ ᠶᠠᠪᠤᠭᠤᠯᠵᠠᠢ᠃ 7 ᠦᠦᠷᠢᠶ᠎ᠠ ᠢᠷᠡᠬᠦ ᠳᠦ᠂ ᠳ᠋ᠠᠸᠢᠳ᠋ ᠲᠡᠭᠦᠨ ᠡᠴᠡ ᠶᠣᠶᠠᠪ ᠪᠣᠯᠣᠨ ᠴᠡᠷᠢᠭ ᠤᠨ ᠠᠮᠤᠷ ᠮᠡᠨᠳᠦ ᠪᠠ ᠲᠤᠯᠤᠯᠳᠤᠭᠠᠨ ᠤ ᠶᠠᠪᠤᠴᠠ ᠶᠢᠨ ᠲᠠᠯ᠎ᠠ ᠪᠠᠷ ᠠᠰᠠᠭᠤᠭᠰᠠᠨ ᠤ ᠳᠠᠷᠠᠭ᠎ᠠ᠂ 8 ᠦᠦᠷᠢᠶ᠎ᠠ ᠳᠤ᠄ 《ᠭᠡᠷ ᠲᠡᠭᠡᠨ ᠬᠠᠷᠢᠵᠤ᠂ ᠬᠥᠯ ᠢᠶᠡᠨ ᠤᠬᠢᠶᠠᠭᠲᠤᠨ》 ᠭᠡᠪᠡ᠃ ᠦᠦᠷᠢᠶ᠎ᠠ ᠬᠠᠭᠠᠨ ᠤ ᠣᠷᠳᠣᠨ ᠠᠴᠠ ᠶᠠᠪᠤᠭᠰᠠᠨ ᠳᠤ᠂ ᠬᠠᠭᠠᠨ ᠲᠡᠭᠦᠨ ᠦ ᠠᠷᠤ ᠠᠴᠠ ᠪᠡᠯᠡᠭ ᠢᠯᠡᠭᠡᠭᠰᠡᠨ ᠪᠠᠢᠪᠠ᠃ 9 ᠭᠡᠪᠡᠴᠦ ᠦᠦᠷᠢᠶ᠎ᠠ ᠭᠡᠷ ᠲᠡᠭᠡᠨ ᠬᠠᠷᠢᠯ ᠦᠭᠡᠢ᠂ ᠬᠠᠭᠠᠨ ᠤ ᠣᠷᠳᠣᠨ ᠤ ᠡᠭᠦᠳᠡᠨ ᠳᠦ ᠬᠠᠭᠠᠨ ᠤ ᠬᠠᠮᠤᠭ ᠬᠠᠷᠠᠭᠤᠯ ᠲᠠᠢ ᠬᠠᠮᠲᠤ ᠤᠨᠲᠠᠵᠠᠢ᠃ 10 ᠬᠥᠮᠦᠰ ᠳ᠋ᠠᠸᠢᠳ᠋ ᠲᠤ᠄ 《ᠦᠦᠷᠢᠶ᠎ᠠ ᠭᠡᠷ ᠲᠡᠭᠡᠨ ᠬᠠᠷᠢᠭ᠎ᠠ ᠦᠭᠡᠢ》 ᠭᠡᠵᠦ ᠮᠡᠳᠡᠭᠳᠡᠬᠦ ᠳᠦ᠂ ᠲᠡᠷᠡ ᠦᠦᠷᠢᠶ᠎ᠠ ᠳᠤ᠄ 《ᠴᠢ ᠬᠣᠯᠠ ᠶᠢᠨ ᠠᠶᠠᠨ ᠠᠴᠠ ᠢᠷᠡᠭᠰᠡᠨ ᠪᠢᠰᠢ ᠤᠤ︖ ᠶᠠᠭᠠᠬᠢᠭᠠᠳ ᠭᠡᠷ ᠲᠡᠭᠡᠨ ᠬᠠᠷᠢᠭᠰᠠᠨ ᠦᠭᠡᠢ ᠪᠤᠢ︖》 ᠭᠡᠪᠡ᠃ 11 ᠦᠦᠷᠢᠶ᠎ᠠ ᠳ᠋ᠠᠸᠢᠳ᠋ ᠲᠤ᠄ 《ᠪᠤᠷᠬᠠᠨ ᠤ ᠠᠪᠳᠠᠷ᠎ᠠ ᠴᠤ᠂ ᠢᠰᠷᠧᠯ ᠪᠣᠯᠣᠨ ᠶᠦᠳᠠ ᠶᠢᠨ ᠴᠡᠷᠢᠭ ᠴᠤ ᠮᠠᠢᠬᠠᠨ ᠳᠤ ᠬᠣᠨᠣᠨ᠂ ᠮᠢᠨᠦ ᠡᠵᠡᠨ ᠶᠣᠶᠠᠪ ᠴᠤ᠂ ᠡᠵᠡᠨ ᠦ ᠮᠢᠨᠢ ᠲᠦᠰᠢᠮᠡᠳ ᠴᠤ ᠵᠠᠳᠠᠭᠠᠢ ᠲᠠᠯ᠎ᠠ ᠳᠤ ᠬᠡᠪᠲᠡᠵᠦ ᠪᠠᠢᠬᠤ ᠳᠤ᠂ ᠪᠢ ᠯᠠ ᠭᠡᠷ ᠲᠡᠭᠡᠨ ᠣᠴᠢᠭᠠᠳ ᠢᠳᠡᠵᠦ ᠤᠤᠭᠤᠨ᠂ ᠡᠬᠡᠨᠡᠷ ᠲᠡᠢ ᠪᠡᠨ ᠤᠨᠲᠠᠨ᠎ᠠ ᠭᠡᠵᠢ ᠤᠤ︖ ᠲᠠ ᠪᠣᠯᠣᠨ ᠲᠠᠨ ᠤ ᠰᠦᠨᠡᠰᠦᠨ ᠦ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠪᠢ ᠲᠡᠢᠮᠦ ᠵᠦᠢᠯ ᠢ ᠣᠭᠲᠣᠬᠠᠨ ᠴᠤ ᠬᠢᠬᠦ ᠦᠭᠡᠢ》 ᠭᠡᠬᠦ ᠳᠦ᠂ 12 ᠳ᠋ᠠᠸᠢᠳ᠋ ᠦᠦᠷᠢᠶ᠎ᠠ ᠳᠤ᠄ 《ᠥᠨᠥᠳᠥᠷ ᠪᠠᠰᠠ ᠡ᠊ᠨᠳᠡ ᠦᠯᠡᠳᠡᠭᠲᠦᠨ᠃ ᠮᠠᠷᠭᠠᠰᠢ ᠪᠢ ᠴᠢᠮᠠᠶᠢ ᠶᠠᠪᠤᠭᠤᠯᠤᠶ᠎ᠠ》 ᠭᠡᠪᠡ᠃ ᠢᠩᠭᠢᠭᠡᠳ ᠦᠦᠷᠢᠶ᠎ᠠ ᠲᠡᠷᠡ ᠡᠳᠦᠷ ᠨᠢ ᠶᠧᠷᠦ᠋ᠰᠠᠯᠧᠮ ᠳᠤ ᠦᠯᠡᠳᠡᠪᠡ᠃ ᠳᠠᠷᠠᠭ᠎ᠠ ᠡᠳᠦᠷ ᠨᠢ 13 ᠳ᠋ᠠᠸᠢᠳ᠋ ᠪᠠᠰᠠ ᠲᠡᠭᠦᠨ ᠢ ᠤᠷᠢᠵᠤ ᠥᠪᠡᠷ ᠦᠨ ᠢᠶᠠᠨ ᠡᠮᠦᠨ᠎ᠡ ᠢᠳᠡᠭᠦᠯᠵᠦ ᠤᠤᠭᠤᠯᠭᠠᠭᠰᠠᠭᠠᠷ᠂ ᠰᠣᠭᠲᠣᠭᠠᠭᠰᠠᠨ ᠪᠣᠯᠪᠠᠴᠤ ᠦᠳᠡᠰᠢ ᠨᠢ ᠲᠡᠷᠡ ᠲᠡᠨᠳᠡ ᠡᠴᠡ ᠭᠠᠷᠤᠭᠠᠳ ᠭᠡᠷ ᠲᠡᠭᠡᠨ ᠬᠠᠷᠢᠯ ᠦᠭᠡᠢ᠂ ᠡᠵᠡᠨ ᠦ ᠪᠠᠨ ᠬᠠᠷᠠᠭᠤᠯ ᠤᠳ ᠲᠠᠢ ᠬᠠᠮᠲᠤ ᠥᠪᠡᠷ ᠦᠨ ᠢᠶᠠᠨ ᠳᠡᠪᠢᠰᠬᠡᠷ ᠳᠡᠭᠡᠷ᠎ᠡ ᠤᠨᠲᠠᠭᠰᠠᠨ ᠪᠠᠢᠯ᠎ᠠ᠃
ᠦᠦᠷᠢᠶ᠎ᠠ ᠶᠢ ᠬᠥᠨᠥᠭᠡᠯᠭᠡᠪᠡ
14 ᠥᠷᠯᠥᠭᠡ ᠪᠣᠯᠬᠤ ᠳᠤ᠂ ᠳ᠋ᠠᠸᠢᠳ᠋ ᠶᠣᠶᠠᠪ ᠲᠤ ᠵᠠᠬᠢᠳᠠᠯ ᠪᠢᠴᠢᠵᠦ᠂ ᠦᠦᠷᠢᠶ᠎ᠠ ᠶᠢᠨ ᠭᠠᠷ ᠢᠶᠠᠷ ᠢᠯᠡᠭᠡᠯ᠎ᠡ᠃ 15 ᠲᠡᠷᠡ ᠵᠠᠬᠢᠳᠠᠯ ᠳᠡᠭᠡᠷ᠎ᠡ᠄ 《ᠲᠠ ᠨᠠᠷ ᠦᠦᠷᠢᠶ᠎ᠠ ᠶᠢ ᠬᠠᠮᠤᠭ ᠤᠨ ᠰᠢᠷᠦᠭᠦᠨ ᠲᠤᠯᠤᠯᠳᠤᠭᠠᠨ ᠤ ᠲᠡᠷᠢᠭᠦᠨ ᠡᠩᠨᠡᠭᠡᠨ ᠳᠦ ᠲᠠᠯᠪᠢᠭᠠᠳ ᠲᠡᠭᠦᠨ ᠢ ᠣᠷᠬᠢᠨ ᠤᠬᠤᠷᠢ᠃ ᠲᠡᠭᠡᠪᠡᠯ ᠲᠡᠷᠡ ᠴᠣᠬᠢᠭᠳᠠᠵᠤ ᠦᠬᠦᠬᠦ ᠪᠣᠯᠣᠨ᠎ᠠ》 ᠭᠡᠵᠦ ᠪᠢᠴᠢᠭᠰᠡᠨ ᠪᠠᠢᠯ᠎ᠠ᠃ 16 ᠶᠣᠶᠠᠪ ᠬᠣᠲᠠ ᠶᠢ ᠪᠦᠰᠡᠯᠡᠵᠦ ᠪᠠᠢᠬᠤ ᠳᠠᠭᠠᠨ ᠬᠠᠮᠤᠭ ᠤᠨ ᠬᠦᠴᠦᠷᠬᠡᠭ ᠳᠠᠢᠰᠤᠨ ᠨᠤᠭᠤᠳ ᠤᠨ ᠪᠠᠢᠭ᠎ᠠ ᠭᠠᠵᠠᠷ ᠢ ᠣᠯᠵᠤ ᠮᠡᠳᠡᠭᠡᠳ ᠦᠦᠷᠢᠶ᠎ᠠ ᠶᠢ ᠲᠡᠨᠳᠡ ᠲᠣᠬᠢᠷᠠᠭᠤᠯᠪᠠ᠃ 17 ᠬᠣᠲᠠ ᠶᠢᠨ ᠬᠥᠮᠦᠰ ᠭᠠᠷᠴᠤ ᠢᠷᠡᠭᠡᠳ ᠶᠣᠶᠠᠪ ᠲᠠᠢ ᠲᠤᠯᠤᠯᠳᠤᠬᠤ ᠳᠤ᠂ ᠳ᠋ᠠᠸᠢᠳ᠋ ᠤᠨ ᠴᠡᠷᠢᠭ ᠤᠨ ᠵᠠᠷᠢᠮ ᠨᠢ ᠤᠨᠠᠵᠤ ᠾᠢᠲ ᠬᠥᠮᠦᠨ ᠦᠦᠷᠢᠶ᠎ᠠ ᠴᠤ ᠡ᠊ᠨᠳᠡᠪᠡ᠃ 18 ᠶᠣᠶᠠᠪ ᠲᠤᠯᠤᠯᠳᠤᠭᠠᠨ ᠤ ᠪᠦᠬᠦ ᠦᠢᠯᠡ ᠶᠠᠪᠤᠳᠠᠯ ᠢ ᠳ᠋ᠠᠸᠢᠳ᠋ ᠲᠤ ᠮᠡᠳᠡᠭᠳᠡᠬᠦ ᠪᠡᠷ ᠡᠯᠴᠢ ᠶᠠᠪᠤᠭᠤᠯᠵᠤ 19 ᠵᠠᠬᠢᠨ᠄ 《ᠲᠤᠯᠤᠯᠳᠤᠭᠠᠨ ᠤ ᠪᠦᠬᠦ ᠶᠠᠪᠤᠳᠠᠯ ᠢ ᠬᠠᠭᠠᠨ ᠳᠤ ᠮᠡᠳᠡᠭᠳᠡᠵᠦ ᠳᠠᠭᠤᠰᠬᠤ ᠳᠤ᠂ 20 ᠬᠡᠷᠪᠡ ᠬᠠᠭᠠᠨ ᠠᠭᠤᠷᠯᠠᠵᠤ᠂ ᠴᠢᠮ᠎ᠠ ᠳᠤ᠄ 〈ᠲᠠ ᠨᠠᠷ ᠲᠤᠯᠤᠯᠳᠤᠬᠤ ᠳᠠᠭᠠᠨ ᠶᠠᠭᠤᠨ ᠳᠤ ᠬᠣᠲᠠ ᠤᠷᠤᠭᠤ ᠲᠡᠢᠮᠦ ᠣᠢᠷᠠᠬᠠᠨ ᠣᠴᠢᠪᠠ︖ ᠬᠡᠷᠡᠮ ᠳᠡᠭᠡᠷ᠎ᠡ ᠡᠴᠡ ᠲᠠ ᠨᠠᠷ ᠢ ᠬᠠᠷᠪᠤᠨ᠎ᠠ ᠭᠡᠳᠡᠭ ᠢ ᠮᠡᠳᠡᠬᠦ ᠦᠭᠡᠢ ᠤᠤ︖ 21 ᠶᠧᠷᠦ᠋ᠪᠧᠱᠧᠲ ᠤᠨ ᠬᠦᠦ ᠠᠪᠢᠮᠧᠯᠧᠺ ᠢ ᠬᠡᠨ ᠴᠣᠬᠢᠵᠤ ᠠᠯᠠᠭᠰᠠᠨ ᠪᠤᠢ︖ ᠭᠠᠭᠴᠠᠬᠠᠨ ᠡᠮᠡᠭᠲᠡᠢ ᠬᠡᠷᠡᠮ ᠳᠡᠭᠡᠷ᠎ᠡ ᠡᠴᠡ ᠲᠡᠭᠡᠷᠮ᠎ᠡ ᠶᠢᠨ ᠪᠤᠯᠤ ᠴᠢᠯᠠᠭᠤ ᠤᠨᠠᠭᠠᠭᠠᠳ ᠲᠧᠪᠧᠽ ᠲᠤ ᠲᠡᠭᠦᠨ ᠢ ᠠᠯᠠᠭᠰᠠᠨ ᠪᠢᠰᠢ ᠤᠤ︖ ᠲᠠ ᠨᠠᠷ ᠶᠠᠭᠤ ᠭᠡᠵᠦ ᠬᠡᠷᠡᠮ ᠳᠦ ᠲᠡᠢᠮᠦ ᠣᠢᠷᠠᠬᠠᠨ ᠣᠴᠢᠪᠠ︖〉 ᠭᠡᠪᠡᠯ᠂ ᠴᠢ᠄ 〈ᠲᠠᠨ ᠤ ᠵᠠᠷᠤᠴᠠ ᠾᠢᠲ ᠬᠥᠮᠦᠨ ᠦᠦᠷᠢᠶ᠎ᠠ ᠴᠤ ᠦᠬᠦᠪᠡ〉 ᠭᠡᠵᠦ ᠬᠡᠯᠡ》 ᠭᠡᠪᠡ᠃
22 ᠡᠯᠴᠢ ᠳ᠋ᠠᠸᠢᠳ᠋ ᠳᠡᠭᠡᠷ᠎ᠡ ᠣᠴᠢᠵᠤ᠂ ᠶᠣᠶᠠᠪ ᠤᠨ ᠬᠡᠯᠡᠭᠦᠯᠦᠭᠰᠡᠨ ᠪᠦᠭᠦᠳᠡ ᠶᠢ ᠮᠡᠳᠡᠭᠦᠯᠪᠡ᠃ 23 ᠡᠯᠴᠢ ᠳ᠋ᠠᠸᠢᠳ᠋ ᠲᠤ᠄ 《ᠳᠠᠢᠰᠤᠨ ᠨᠤᠭᠤᠳ ᠪᠢᠳᠡᠨ ᠡᠴᠡ ᠳᠠᠪᠠᠭᠤ ᠬᠦᠴᠦ ᠪᠡᠷ ᠪᠠᠢᠯᠳᠤᠨ᠂ ᠬᠡᠭᠡᠷ᠎ᠡ ᠲᠠᠯ᠎ᠠ ᠳᠤ ᠭᠠᠷᠴᠤ ᠢᠷᠡᠭᠰᠡᠨ ᠪᠣᠯᠪᠠᠴᠤ ᠪᠢᠳᠡ ᠲᠡᠳᠡᠨ ᠢ ᠡᠭᠦᠳᠡᠨ ᠳᠦ ᠬᠦᠷᠲᠡᠯ᠎ᠡ ᠰᠢᠬᠠᠪᠠ᠃ 24 ᠲᠡᠭᠡᠬᠦ ᠳᠦ ᠬᠠᠷᠪᠤᠭᠠᠴᠢᠳ ᠬᠡᠷᠡᠮ ᠳᠡᠭᠡᠷ᠎ᠡ ᠡᠴᠡ ᠲᠠᠨ ᠤ ᠵᠠᠷᠤᠴᠠ ᠨᠠᠷ ᠢ ᠬᠠᠷᠪᠤᠭᠰᠠᠨ ᠢᠶᠠᠷ ᠬᠠᠭᠠᠨ ᠤ ᠬᠡᠳᠦᠨ ᠵᠠᠷᠤᠴᠠ ᠦᠷᠡᠭᠳᠡᠵᠦ᠂ ᠲᠠᠨ ᠤ ᠵᠠᠷᠤᠴᠠ ᠾᠢᠲ ᠬᠥᠮᠦᠨ ᠦᠦᠷᠢᠶ᠎ᠠ ᠴᠤ ᠡ᠊ᠨᠳᠡᠪᠡ》 ᠭᠡᠬᠦ ᠳᠦ᠂ 25 ᠳ᠋ᠠᠸᠢᠳ᠋ ᠡᠯᠴᠢ ᠳᠤ᠄ 《ᠴᠢ ᠶᠣᠶᠠᠪ ᠲᠤ ᠡᠢᠨ ᠬᠦ ᠳᠠᠮᠵᠢᠭᠤᠯ᠄ 〈ᠢᠯᠳᠦ ᠨᠢ ᠡᠨᠡ ᠲᠡᠷᠡ ᠭᠡᠵᠦ ᠢᠯᠭᠠᠯ ᠦᠭᠡᠢ ᠵᠠᠯᠭᠢᠳᠠᠭ ᠤᠴᠢᠷ ᠠᠴᠠ ᠡᠨᠡ ᠬᠡᠷᠡᠭ ᠲᠦ ᠰᠠᠨᠠᠭ᠎ᠠ ᠵᠣᠪᠠᠬᠤ ᠬᠡᠷᠡᠭ ᠦᠭᠡᠢ᠃ ᠬᠠᠷᠢᠨ ᠬᠦᠴᠦ ᠪᠡᠨ ᠨᠡᠮᠡᠨ ᠳᠣᠪᠲᠣᠯᠵᠤ ᠬᠣᠲᠠ ᠶᠢ ᠨᠤᠷᠠᠭ᠎ᠠ〉 ᠬᠡᠮᠡᠨ ᠲᠡᠭᠦᠨ ᠢ ᠤᠷᠮᠠᠰᠢᠭᠤᠯ》 ᠭᠡᠪᠡ᠃
26 ᠦᠦᠷᠢᠶ᠎ᠠ ᠶᠢᠨ ᠡᠬᠡᠨᠡᠷ ᠨᠥᠬᠥᠷ ᠦᠨ ᠢᠶᠠᠨ ᠡ᠊ᠨᠳᠡᠭᠰᠡᠨ ᠢ ᠰᠣᠨᠣᠰᠣᠭᠠᠳ ᠲᠡᠭᠦᠨ ᠦ ᠲᠥᠯᠥᠭᠡ ᠭᠠᠰᠢᠭᠤᠳᠠᠪᠠ᠃ 27 ᠭᠠᠰᠢᠭᠤᠳᠠᠯ ᠤᠨ ᠬᠤᠭᠤᠴᠠᠭ᠎ᠠ ᠥᠩᠭᠡᠷᠡᠬᠦ ᠳᠦ᠂ ᠳ᠋ᠠᠸᠢᠳ᠋ ᠬᠥᠮᠦᠨ ᠶᠠᠪᠤᠭᠤᠯᠵᠤ ᠲᠡᠷᠡ ᠡᠮᠡᠭᠲᠡᠢ ᠶᠢ ᠣᠷᠳᠣᠨ ᠳᠠᠭᠠᠨ ᠠᠪᠴᠢᠷᠠᠭᠤᠯᠤᠭᠰᠠᠨ ᠳᠤ᠂ ᠲᠡᠷᠡ ᠡᠮᠡᠭᠲᠡᠢ ᠲᠡᠭᠦᠨ ᠦ ᠡᠬᠡᠨᠡᠷ ᠪᠣᠯᠵᠤ᠂ ᠲᠡᠭᠦᠨ ᠳᠦ ᠬᠦᠦ ᠲᠥᠷᠥᠭᠦᠯᠵᠦ ᠥᠭᠭᠥᠭᠰᠡᠨ ᠪᠠᠢᠯ᠎ᠠ᠃ ᠭᠡᠪᠡᠴᠦ ᠳ᠋ᠠᠸᠢᠳ᠋ ᠤᠨ ᠬᠢᠭᠰᠡᠨ ᠬᠡᠷᠡᠭ ᠶᠣᠬᠣᠸᠠ ᠶᠢᠨ ᠮᠡᠯᠮᠡᠢ ᠳᠦ ᠬᠣᠷᠣᠨ ᠮᠠᠭᠤ ᠪᠠᠢᠪᠠ᠃