1 2 3 4 5 6 7 8 9 10 11 12 13 14 15 16 17 18 19 20 21 22 23 24


ᠬᠣᠶᠠᠳᠤᠭᠠᠷ ᠰᠠᠮᠦ᠋ᠶᠧᠯ ᠭᠤᠷᠪᠠ
 ᠳᠣᠲᠣᠭᠣᠳᠤ ᠶᠢᠨ ᠳᠠᠢᠨ

1 ᠰᠠᠦ᠋ᠯ ᠤᠨ ᠭᠡᠷ ᠪᠣᠯᠣᠨ ᠳ᠋ᠠᠸᠢᠳ᠋ ᠤᠨ ᠭᠡᠷ ᠦᠨ ᠬᠣᠭᠣᠷᠣᠨᠳᠣᠬᠢ ᠳᠠᠢᠨ ᠦᠷᠭᠦᠯᠵᠢᠯᠡᠭᠰᠡᠭᠡᠷ ᠪᠠᠢᠬᠤ ᠳᠤ᠂ ᠳ᠋ᠠᠸᠢᠳ᠋ ᠬᠦᠴᠦᠷᠬᠡᠭᠵᠢᠨ ᠰᠠᠦ᠋ᠯ ᠤᠨ ᠭᠡᠷ ᠳᠣᠷᠣᠢᠲᠠᠵᠤ ᠪᠠᠢᠯ᠎ᠠ᠃

2 ᠾᠧᠪᠷᠣᠨ ᠳᠤ ᠳ᠋ᠠᠸᠢᠳ᠋ ᠤᠨ ᠲᠥᠷᠥᠭᠦᠯᠦᠭᠰᠡᠨ ᠬᠥᠪᠡᠭᠦᠳ ᠭᠡᠪᠡᠯ᠂ ᠤᠤᠭᠠᠨ ᠨᠢ ᠶᠧᠽᠷᠧᠯ ᠡᠮᠡᠭᠲᠡᠢ ᠠᠾᠢᠨᠣᠶᠠᠮ ᠠᠴᠠ ᠲᠥᠷᠥᠭᠰᠡᠨ ᠠᠮᠨᠣᠨ᠂ 3 ᠬᠣᠶᠠᠳᠠᠬᠢ ᠨᠢ ᠺᠠᠷᠮᠧᠯ ᠬᠥᠮᠦᠨ ᠨᠠᠪᠠᠯ ᠤᠨ ᠪᠡᠯᠪᠡᠰᠦᠨ ᠡᠬᠡᠨᠡᠷ ᠪᠠᠢᠭᠰᠠᠨ ᠠᠪᠢᠭᠠᠢᠯ ᠠᠴᠠ ᠲᠥᠷᠥᠭᠰᠡᠨ ᠺᠢᠯᠧᠶᠠᠪ᠂ ᠭᠤᠷᠪᠠᠳᠠᠬᠢ ᠨᠢ ᠭᠧᠱᠦ᠋ᠷ ᠤᠨ ᠬᠠᠭᠠᠨ ᠲᠠᠯᠮᠠᠢ ᠶᠢᠨ ᠥᠬᠢᠨ ᠮᠠᠺᠠ ᠠᠴᠠ ᠲᠥᠷᠥᠭᠰᠡᠨ ᠠᠪᠰᠠᠯᠣᠮ᠂ 4 ᠳᠥᠷᠪᠡᠳᠡᠬᠢ ᠨᠢ ᠬᠠᠬᠢᠲ ᠠᠴᠠ ᠲᠥᠷᠥᠭᠰᠡᠨ ᠠᠳᠣᠨᠢᠶ᠎ᠠ᠂ ᠲᠠᠪᠤᠳᠠᠬᠢ ᠨᠢ ᠠᠪᠢᠲ᠋ᠠᠯ ᠠᠴᠠ ᠲᠥᠷᠥᠭᠰᠡᠨ ᠱᠧᠹᠠᠲ᠋ᠢᠶ᠎ᠠ᠂ 5 ᠵᠢᠷᠭᠤᠳᠠᠬᠢ ᠨᠢ ᠳ᠋ᠠᠸᠢᠳ᠋ ᠤᠨ ᠡᠬᠡᠨᠡᠷ ᠡᠭᠯᠠ ᠠᠴᠠ ᠲᠥᠷᠥᠭᠰᠡᠨ ᠢᠲ᠋ᠷᠧᠶᠠᠮ ᠶᠤᠮ᠃ ᠳ᠋ᠠᠸᠢᠳ᠋ ᠤᠨ ᠡᠳᠡᠭᠡᠷ ᠬᠥᠪᠡᠭᠦᠳ ᠾᠧᠪᠷᠣᠨ ᠳᠤ ᠲᠥᠷᠥᠭᠰᠡᠨ ᠪᠢᠯᠡ᠃ 6 ᠰᠠᠦ᠋ᠯ ᠤᠨ ᠭᠡᠷ ᠪᠣᠯᠣᠨ ᠳ᠋ᠠᠸᠢᠳ᠋ ᠤᠨ ᠭᠡᠷ ᠦᠨ ᠬᠣᠭᠣᠷᠣᠨᠳᠣ ᠳᠠᠢᠨ ᠪᠣᠯᠵᠤ ᠪᠠᠢᠬᠤ ᠳᠤ᠂ ᠠᠪᠨᠧᠷ ᠰᠠᠦ᠋ᠯ ᠤᠨ ᠭᠡᠷ ᠲᠦ ᠬᠦᠴᠦ ᠪᠡᠨ ᠥᠷᠭᠡᠳᠬᠡᠵᠦ ᠪᠠᠢᠪᠠ᠃ 7 ᠰᠠᠦ᠋ᠯ ᠳᠤ ᠠᠶᠠ ᠶᠢᠨ ᠥᠬᠢᠨ ᠪᠣᠯᠬᠤ ᠷᠢᠽᠫᠠ ᠭᠡᠳᠡᠭ ᠲᠠᠲᠠᠪᠤᠷᠢ ᠡᠮ᠎ᠡ ᠪᠠᠢᠵᠠᠢ᠃ ᠨᠢᠭᠡᠨ ᠡᠳᠦᠷ ᠢᠱ ᠪᠣᠱᠧᠲ ᠠᠪᠨᠧᠷ ᠲᠤ᠄ 《ᠲᠠ ᠶᠠᠭᠠᠬᠢᠭᠠᠳ ᠡᠴᠢᠭᠡ ᠶᠢᠨ ᠮᠢᠨᠢ ᠲᠠᠲᠠᠪᠤᠷᠢ ᠡᠮ᠎ᠡ ᠲᠠᠢ ᠤᠨᠲᠠᠪᠠ︖》 ᠭᠡᠬᠦ ᠳᠦ᠂ 8 ᠠᠪᠨᠧᠷ ᠢᠱ ᠪᠣᠱᠧᠲ ᠤᠨ ᠦᠭᠡᠨ ᠳᠦ ᠶᠡᠬᠡᠳᠡ ᠠᠭᠤᠷᠯᠠᠵᠤ᠄ 《ᠨᠠᠮᠠᠶᠢ ᠶᠦᠳᠠ ᠶᠢᠨ ᠨᠣᠬᠠᠢ ᠶᠢᠨ ᠲᠣᠯᠣᠭᠠᠢ ᠭᠡᠵᠦ ᠪᠣᠳᠣᠪᠠ ᠤᠤ︖ ᠥᠨᠥᠳᠥᠷ ᠬᠦᠷᠲᠡᠯ᠎ᠡ ᠪᠢ ᠲᠠᠨ ᠤ ᠡᠴᠢᠭᠡ ᠰᠠᠦ᠋ᠯ ᠤᠨ ᠭᠡᠷ᠂ ᠲᠡᠭᠦᠨ ᠦ ᠠᠬ᠎ᠠ ᠳᠡᠭᠦᠦᠰ ᠪᠠ ᠨᠥᠬᠥᠳ ᠲᠦ ᠬᠠᠢᠷᠠᠲᠠᠢ ᠪᠠᠢᠭᠰᠠᠭᠠᠷ ᠴᠢᠮ᠎ᠠ ᠶᠢ ᠳ᠋ᠠᠸᠢᠳ᠋ ᠤᠨ ᠭᠠᠷ ᠲᠤ ᠲᠤᠰᠢᠶᠠᠭ᠎ᠠ ᠦᠭᠡᠢ ᠠᠲᠠᠯ᠎ᠠ᠂ ᠣᠳᠣ ᠴᠢ ᠲᠡᠷᠡ ᠡᠮ᠎ᠡ ᠶᠢᠨ ᠤᠴᠢᠷ ᠢᠶᠠᠷ ᠨᠠᠮᠠᠶᠢ ᠦᠭᠡᠯᠡᠨ᠎ᠡ ᠤᠤ︖ 9 ᠶᠣᠬᠣᠸᠠ ᠶᠢᠨ ᠳ᠋ᠠᠸᠢᠳ᠋ ᠲᠤ ᠠᠮᠠᠯᠠᠭᠰᠠᠨ ᠢ ᠪᠢ ᠳ᠋ᠠᠸᠢᠳ᠋ ᠤᠨ ᠲᠥᠯᠥᠭᠡ ᠪᠡᠶᠡᠯᠡᠭᠦᠯᠵᠦ ᠥᠭᠭᠥᠶ᠎ᠡ᠃ ᠬᠡᠷᠪᠡ ᠲᠡᠭᠡᠬᠦ ᠦᠭᠡᠢ ᠪᠣᠯ ᠶᠣᠬᠣᠸᠠ ᠠᠪᠨᠧᠷ ᠨᠠᠮᠠᠶᠢ ᠬᠠᠲᠠᠭᠤ ᠰᠢᠳᠬᠡᠬᠦ ᠪᠣᠯᠲᠤᠭᠠᠢ᠃ 10 ᠤᠤᠯ ᠨᠢ ᠶᠣᠬᠣᠸᠠ ᠡᠨᠡ ᠬᠠᠭᠠᠨᠴᠢᠯᠠᠯ ᠢ ᠰᠠᠦ᠋ᠯ ᠤᠨ ᠭᠡᠷ ᠡᠴᠡ ᠰᠢᠯᠵᠢᠭᠦᠯᠵᠦ᠂ ᠳ᠋ᠠᠸᠢᠳ᠋ ᠤᠨ ᠬᠠᠭᠠᠨ ᠰᠢᠷᠡᠭᠡ ᠶᠢ ᠳ᠋ᠠᠨ ᠠᠴᠠ ᠪᠧᠷᠣᠲ ᠱᠧᠪᠠ ᠬᠦᠷᠲᠡᠯ᠎ᠡ᠂ ᠢᠰᠷᠧᠯ ᠪᠣᠯᠣᠨ ᠶᠦᠳᠠ ᠶᠢᠨ ᠳᠡᠭᠡᠷ᠎ᠡ ᠪᠠᠲᠤᠵᠢᠭᠤᠯᠬᠤ ᠭᠡᠰᠡᠨ ᠶᠤᠮ》 ᠭᠡᠪᠡ᠃ 11 ᠢᠱ ᠪᠣᠱᠧᠲ ᠠᠪᠨᠧᠷ ᠡᠴᠡ ᠠᠶᠤᠵᠤ᠂ ᠳᠠᠬᠢᠭᠠᠳ ᠳᠤᠤᠭᠠᠷᠴᠤ ᠴᠢᠳᠠᠭᠰᠠᠨ ᠦᠭᠡᠢ᠃

12 ᠠᠪᠨᠧᠷ ᠳ᠋ᠠᠸᠢᠳ᠋ ᠤᠷᠤᠭᠤ ᠡᠯᠴᠢᠳ ᠢᠶᠠᠨ ᠢᠯᠡᠭᠡᠵᠦ᠄ 《ᠡᠨᠡ ᠭᠠᠵᠠᠷ ᠬᠡᠨ ᠦ ᠬᠢ ᠪᠤᠢ︖ ᠲᠠ ᠨᠠᠳᠠ ᠲᠠᠢ ᠭᠡᠷ᠎ᠡ ᠪᠠᠢᠭᠤᠯᠤᠨ᠎ᠠ ᠤᠤ︖ ᠪᠦᠬᠦ ᠢᠰᠷᠧᠯ ᠢ ᠲᠠᠨ ᠤᠷᠤᠭᠤ ᠡᠷᠭᠢᠭᠦᠯᠬᠦ ᠳᠦ᠂ ᠮᠢᠨᠦ ᠭᠠᠷ ᠲᠠᠨ ᠲᠠᠢ ᠬᠠᠮᠲᠤ ᠪᠠᠢᠬᠤ ᠪᠣᠯᠣᠨ᠎ᠠ》 ᠭᠡᠵᠦ ᠬᠡᠯᠡᠭᠦᠯᠪᠡ᠃ 13 ᠳ᠋ᠠᠸᠢᠳ᠋᠄ 《ᠰᠠᠢᠨ︕ ᠪᠢ ᠲᠠᠨ ᠲᠠᠢ ᠭᠡᠷ᠎ᠡ ᠪᠠᠢᠭᠤᠯᠤᠶ᠎ᠠ᠃ ᠨᠢᠭᠡ ᠯᠠ ᠵᠦᠢᠯ ᠢ ᠪᠢ ᠲᠠᠨ ᠠᠴᠠ ᠱᠠᠭᠠᠷᠳᠠᠵᠤ ᠪᠠᠢᠨ᠎ᠠ᠃ ᠲᠠ ᠨᠠᠳᠠ ᠲᠠᠢ ᠠᠭᠤᠯᠵᠠᠬᠤ ᠪᠠᠷ ᠢᠷᠡᠬᠦ ᠳᠡᠭᠡᠨ ᠰᠠᠦ᠋ᠯ ᠤᠨ ᠥᠬᠢᠨ ᠮᠢᠺᠠᠯ ᠢ ᠳᠠᠭᠠᠭᠤᠯᠤᠭᠠᠳ ᠢᠷ᠎ᠡ᠃ ᠲᠡᠭᠡᠬᠦ ᠡᠴᠡ ᠨᠠᠰᠢ ᠲᠠ ᠮᠢᠨᠦ ᠨᠢᠭᠤᠷ ᠢ ᠬᠠᠷᠠᠬᠤ ᠬᠡᠷᠡᠭ ᠦᠭᠡᠢ》 ᠭᠡᠪᠡ᠃ 14 ᠲᠡᠭᠡᠭᠡᠳ ᠳ᠋ᠠᠸᠢᠳ᠋ ᠰᠠᠦ᠋ᠯ ᠤᠨ ᠬᠦᠦ ᠢᠱ ᠪᠣᠱᠧᠲ ᠤᠷᠤᠭᠤ ᠡᠯᠴᠢᠳ ᠢᠯᠡᠭᠡᠨ᠄ 《ᠮᠢᠨᠦ ᠡᠬᠡᠨᠡᠷ ᠮᠢᠺᠠᠯ ᠢ ᠨᠠᠳᠠ ᠳᠤ ᠪᠤᠴᠠᠭᠠᠨ᠎ᠠ ᠤᠤ︖ ᠪᠢ ᠲᠡᠭᠦᠨ ᠲᠡᠢ ᠰᠦᠢ ᠲᠠᠯᠪᠢᠬᠤ ᠭᠡᠵᠦ ᠵᠠᠭᠤᠨ ᠹᠢᠯᠢᠰᠲ ᠬᠥᠮᠦᠨ ᠦ ᠬᠥᠪᠴᠢᠷᠬᠡᠢ ᠶᠢᠨ ᠠᠷᠠᠰᠤ ᠶᠢ ᠥᠭᠭᠥᠭᠰᠡᠨ ᠪᠢᠯᠡ》 ᠭᠡᠵᠦ ᠬᠡᠯᠡᠭᠦᠯᠪᠡ᠃ 15 ᠢᠱ ᠪᠣᠱᠧᠲ ᠬᠥᠮᠦᠨ ᠢᠯᠡᠭᠡᠵᠦ᠂ ᠲᠡᠷᠡ ᠡᠮᠡᠭᠲᠡᠢ ᠶᠢ ᠲᠡᠭᠦᠨ ᠦ ᠨᠥᠬᠥᠷ ᠯᠠᠢᠱ ᠤᠨ ᠬᠥᠪᠡᠭᠦᠨ ᠫᠠᠯᠲ᠋ᠢᠶᠧᠯ ᠡᠴᠡ ᠰᠠᠯᠭᠠᠨ ᠠᠪᠴᠢᠷᠠᠭᠤᠯᠪᠠ᠃ 16 ᠬᠠᠷᠢᠨ ᠨᠥᠬᠥᠷ ᠨᠢ ᠲᠡᠷᠡ ᠡᠮᠡᠭᠲᠡᠢ ᠶᠢᠨ ᠠᠷᠤ ᠠᠴᠠ ᠤᠬᠢᠯᠠᠭᠰᠠᠭᠠᠷ ᠪᠠᠾᠦᠷᠢᠮ ᠬᠦᠷᠲᠡᠯ᠎ᠡ ᠲᠡᠭᠦᠨ ᠲᠡᠢ ᠬᠠᠮᠲᠤ ᠶᠠᠪᠤᠪᠠ᠃ ᠠᠪᠨᠧᠷ ᠲᠡᠭᠦᠨ ᠳᠦ᠄ 《ᠪᠤᠴᠠ᠂ ᠶᠠᠪᠤᠭᠲᠤᠨ》 ᠭᠡᠰᠡᠨ ᠳᠦ᠂ ᠲᠡᠷᠡ ᠪᠤᠴᠠᠵᠠᠢ᠃
 ᠠᠪᠨᠧᠷ ᠬᠣᠣᠷᠯᠠᠭᠳᠠᠪᠠ

17 ᠤᠤᠯ ᠨᠢ ᠠᠪᠨᠧᠷ ᠢᠰᠷᠧᠯ ᠤᠨ ᠠᠬᠠᠮᠠᠳ ᠲᠠᠢ ᠵᠥᠪᠯᠡᠯᠳᠦᠨ᠄ 《ᠲᠠ ᠨᠠᠷ ᠳ᠋ᠠᠸᠢᠳ᠋ ᠢ ᠥᠪᠡᠷᠰᠡᠳ ᠦᠨ ᠢᠶᠠᠨ ᠬᠠᠭᠠᠨ ᠪᠣᠯᠭᠠᠬᠤ ᠭᠡᠵᠦ ᠡᠷᠲᠡᠨ ᠡᠴᠡ ᠬᠦᠰᠡᠵᠦ ᠪᠠᠢᠭᠰᠠᠨ᠃ 18 ᠣᠳᠣ ᠬᠦᠰᠡᠭᠰᠡᠨ ᠢᠶᠡᠨ ᠪᠡᠶᠡᠯᠡᠭᠦᠯ᠃ ᠶᠣᠬᠣᠸᠠ ᠳ᠋ᠠᠸᠢᠳ᠋ ᠤᠨ ᠲᠠᠯ᠎ᠠ ᠪᠠᠷ ᠠᠢᠯᠠᠳᠬᠤ ᠳᠠᠭᠠᠨ᠄ 〈ᠪᠢ ᠥᠪᠡᠷ ᠦᠨ ᠢᠶᠠᠨ ᠵᠠᠷᠤᠴᠠ ᠳ᠋ᠠᠸᠢᠳ᠋ ᠤᠨ ᠭᠠᠷ ᠢᠶᠠᠷ ᠠᠷᠠᠳ ᠲᠦᠮᠡᠨ ᠢᠰᠷᠧᠯ ᠢᠶᠠᠨ ᠹᠢᠯᠢᠰᠲ᠋ᠴᠦᠳ ᠦᠨ ᠭᠠᠷ ᠠᠴᠠ᠂ ᠮᠥᠨ ᠬᠠᠮᠤᠭ ᠳᠠᠢᠰᠤᠨ ᠤ ᠬᠢᠨᠢ ᠭᠠᠷ ᠠᠴᠠ ᠠᠪᠤᠷᠠᠨ᠎ᠠ〉 ᠭᠡᠰᠡᠨ ᠪᠢᠰᠢ ᠤᠤ︖》 ᠭᠡᠵᠦ ᠬᠡᠯᠡᠭᠰᠡᠨ ᠠᠵᠢ᠃ 19 ᠠᠪᠨᠧᠷ ᠪᠠᠰᠠ ᠪᠢᠨᠶᠠᠮᠢᠨᠴᠤᠳ ᠲᠤ ᠡᠢᠨ ᠬᠦ ᠮᠡᠳᠡᠭᠦᠯᠦᠭᠰᠡᠨ ᠦ ᠳᠠᠷᠠᠭ᠎ᠠ᠂ ᠢᠰᠷᠧᠯ ᠪᠣᠯᠣᠨ ᠪᠢᠨᠶᠠᠮᠢᠨ ᠤ ᠪᠦᠬᠦ ᠭᠡᠷ ᠦᠨ ᠬᠢᠨ ᠤ ᠬᠦᠰᠡᠵᠦ ᠪᠠᠢᠭ᠎ᠠ ᠪᠦᠬᠦᠨ ᠢ ᠳ᠋ᠠᠸᠢᠳ᠋ ᠲᠤ ᠮᠡᠳᠡᠭᠦᠯᠬᠦ ᠪᠡᠷ ᠾᠧᠪᠷᠣᠨ ᠳᠤ ᠣᠴᠢᠪᠠ᠃

20 ᠠᠪᠨᠧᠷ ᠬᠣᠷᠢᠨ ᠬᠥᠮᠦᠨ ᠢᠶᠡᠨ ᠳᠠᠭᠠᠭᠤᠯᠤᠨ ᠾᠧᠪᠷᠣᠨ ᠳᠤ ᠪᠠᠢᠭ᠎ᠠ ᠳ᠋ᠠᠸᠢᠳ᠋ ᠤᠷᠤᠭᠤ ᠢᠷᠡᠬᠦ ᠳᠦ᠂ ᠳ᠋ᠠᠸᠢᠳ᠋ ᠠᠪᠨᠧᠷ ᠪᠣᠯᠣᠨ ᠲᠡᠭᠦᠨ ᠦ ᠬᠠᠮᠲᠤ ᠪᠤᠢ ᠬᠥᠮᠦᠰ ᠲᠦ ᠵᠣᠷᠢᠭᠤᠯᠤᠨ ᠨᠠᠢᠷ ᠬᠢᠪᠡ᠃ 21 ᠠᠪᠨᠧᠷ ᠳ᠋ᠠᠸᠢᠳ᠋ ᠲᠤ᠄ 《ᠪᠢ ᠣᠳᠣ ᠶᠠᠪᠤᠵᠤ᠂ ᠪᠦᠬᠦ ᠢᠰᠷᠧᠯ ᠢ ᠡᠵᠡᠨ ᠬᠠᠭᠠᠨ ᠤ ᠪᠠᠨ ᠡᠮᠦᠨ᠎ᠡ ᠴᠤᠭᠯᠠᠭᠤᠯᠤᠶ᠎ᠠ᠃ ᠢᠩᠭᠢᠭᠡᠳ ᠲᠡᠳᠡ ᠲᠠᠨ ᠲᠠᠢ ᠭᠡᠷ᠎ᠡ ᠪᠠᠢᠭᠤᠯᠪᠠᠯ᠂ ᠲᠠ ᠬᠦᠰᠡᠭᠰᠡᠨ ᠪᠦᠬᠦᠨ ᠢᠶᠡᠨ ᠵᠠᠬᠢᠷᠬᠤ ᠪᠣᠯᠣᠨ᠎ᠠ》 ᠭᠡᠪᠡ᠃ ᠳ᠋ᠠᠸᠢᠳ᠋ ᠠᠪᠨᠧᠷ ᠢ ᠦᠳᠡᠬᠦ ᠳᠦ᠂ ᠲᠡᠷᠡ ᠠᠮᠤᠷ ᠲᠠᠢᠪᠤᠩ ᠶᠠᠪᠤᠭᠰᠠᠨ ᠪᠠᠢᠯ᠎ᠠ᠃

22 ᠶᠠᠭ ᠲᠡᠷᠡ ᠴᠠᠭ ᠲᠤ᠂ ᠳ᠋ᠠᠸᠢᠳ᠋ ᠤᠨ ᠵᠠᠷᠤᠴᠠ ᠨᠠᠷ ᠪᠣᠯᠣᠨ ᠶᠣᠶᠠᠪ ᠠᠶᠠᠨ ᠳᠠᠢᠨ ᠠᠴᠠ ᠶᠡᠬᠡ ᠣᠯᠵᠠ ᠲᠠᠢ ᠪᠤᠴᠠᠵᠤ ᠢᠷᠡᠯ᠎ᠡ︕ ᠭᠡᠪᠡᠴᠦ ᠠᠪᠨᠧᠷ ᠾᠧᠪᠷᠣᠨ ᠳᠤ ᠪᠠᠢᠭ᠎ᠠ ᠳ᠋ᠠᠸᠢᠳ᠋ ᠲᠠᠢ ᠬᠠᠮᠲᠤ ᠪᠠᠢᠭᠰᠠᠨ ᠦᠭᠡᠢ᠂ ᠳ᠋ᠠᠸᠢᠳ᠋ ᠬᠡᠳᠦᠢᠨᠡᠢ ᠲᠡᠭᠦᠨ ᠢ ᠶᠠᠪᠤᠭᠤᠯᠤᠭᠰᠠᠨ ᠪᠥᠭᠡᠳ ᠲᠡᠷᠡ ᠠᠮᠤᠷ ᠲᠠᠢᠪᠤᠩ ᠶᠠᠪᠤᠭᠰᠠᠨ ᠪᠠᠢᠵᠠᠢ᠃ 23 ᠶᠣᠶᠠᠪ ᠪᠣᠯᠣᠨ ᠲᠡᠭᠦᠨ ᠲᠡᠢ ᠬᠠᠮᠲᠤ ᠪᠠᠢᠭ᠎ᠠ ᠪᠦᠬᠦ ᠴᠡᠷᠢᠭ ᠪᠤᠴᠠᠵᠤ ᠢᠷᠡᠬᠦ ᠳᠦ᠂ ᠬᠥᠮᠦᠰ ᠲᠡᠭᠦᠨ ᠳᠦ᠄ 《ᠨᠧᠷ ᠤᠨ ᠬᠦᠦ ᠠᠪᠨᠧᠷ ᠬᠠᠭᠠᠨ ᠳᠤ ᠪᠠᠷᠠᠭᠠᠯᠬᠠᠭᠰᠠᠨ ᠰᠢᠦ᠂ ᠬᠠᠭᠠᠨ ᠲᠡᠭᠦᠨ ᠢ ᠠᠮᠤᠷ ᠲᠠᠢᠪᠤᠩ ᠦᠳᠡᠵᠦ ᠶᠠᠪᠤᠭᠤᠯᠤᠭᠰᠠᠨ》 ᠭᠡᠵᠦ ᠬᠡᠯᠡᠪᠡ᠃ 24 ᠲᠡᠭᠡᠬᠦ ᠳᠦ ᠶᠣᠶᠠᠪ ᠬᠠᠭᠠᠨ ᠳᠤ ᠪᠠᠷᠠᠭᠠᠯᠬᠠᠨ᠄ 《ᠲᠠ ᠶᠠᠭᠤ ᠬᠢᠴᠢᠬᠡᠬᠦ ᠨᠢ ᠡᠨᠡ ᠪᠤᠢ︖ ᠬᠠᠷᠠ᠂ ᠠᠪᠨᠧᠷ ᠲᠠᠨ ᠳᠡᠭᠡᠷ᠎ᠡ ᠢᠷᠡᠭᠰᠡᠨ ᠠᠲᠠᠯ᠎ᠠ᠂ ᠲᠠ ᠶᠠᠭᠠᠬᠢᠭᠠᠳ ᠲᠡᠭᠦᠨ ᠢ ᠢᠩᠭᠢᠭᠡᠳ ᠶᠠᠪᠤᠭᠤᠯᠴᠢᠬᠠᠪᠠ︖ ᠲᠡᠷᠡ ᠠᠮᠤᠷ ᠲᠠᠢᠪᠤᠩ ᠶᠠᠪᠤᠭᠰᠠᠨ ᠪᠠᠢᠨ᠎ᠠ᠃ 25 ᠨᠧᠷ ᠤᠨ ᠬᠦᠦ ᠠᠪᠨᠧᠷ ᠢ ᠲᠠ ᠮᠡᠳᠡᠨ᠎ᠡ ᠰᠢᠦ ᠳᠠ᠃ ᠲᠡᠷᠡ ᠲᠠᠨ ᠢ ᠬᠠᠭᠤᠷᠬᠤ ᠪᠠᠷ ᠢᠷᠡᠭᠰᠡᠨ᠂ ᠲᠠᠨ ᠤ ᠣᠷᠣᠵᠤ ᠭᠠᠷᠬᠤ ᠶᠢ ᠲᠠᠩᠨᠠᠵᠤ᠂ ᠲᠠᠨ ᠤ ᠬᠢᠵᠦ ᠪᠠᠢᠭ᠎ᠠ ᠪᠦᠬᠦᠨ ᠢ ᠮᠡᠳᠡᠵᠦ ᠠᠪᠬᠤ ᠪᠠᠷ ᠢᠷᠡᠭᠰᠡᠨ ᠪᠤᠢ》 ᠭᠡᠪᠡ᠃

26 ᠶᠣᠶᠠᠪ ᠳ᠋ᠠᠸᠢᠳ᠋ ᠠᠴᠠ ᠠᠶᠠᠷᠯᠠᠵᠤ᠂ ᠠᠪᠨᠧᠷ ᠤᠨ ᠠᠷᠤ ᠠᠴᠠ ᠡᠯᠴᠢᠳ ᠢᠯᠡᠭᠡᠨ᠂ ᠲᠡᠭᠦᠨ ᠢ ᠰᠢᠷᠠ ᠶᠢᠨ ᠬᠤᠳᠳᠤᠭ ᠤᠨ ᠲᠡᠨᠳᠡ ᠡᠴᠡ ᠪᠤᠴᠠᠭᠠᠵᠤ ᠠᠪᠴᠢᠷᠠᠭᠤᠯᠪᠠ᠃ ᠭᠡᠪᠡᠴᠦ ᠳ᠋ᠠᠸᠢᠳ᠋ ᠡᠭᠦᠨ ᠢ ᠮᠡᠳᠡᠭᠰᠡᠨ ᠦᠭᠡᠢ᠃ 27 ᠲᠡᠢᠨ ᠬᠦ ᠠᠪᠨᠧᠷ ᠾᠧᠪᠷᠣᠨ ᠳᠤ ᠪᠤᠴᠠᠵᠤ ᠢᠷᠡᠯ᠎ᠡ᠃ ᠶᠣᠶᠠᠪ ᠲᠡᠭᠦᠨ ᠲᠡᠢ ᠬᠤᠪᠢᠴᠢᠯᠠᠨ ᠶᠠᠷᠢᠬᠤ ᠳᠦᠷᠢ ᠦᠵᠡᠭᠦᠯᠦᠨ ᠴᠤᠯᠴᠠᠩ ᠳᠤ ᠠᠪᠠᠴᠢᠭᠠᠳ ᠬᠡᠪᠡᠯᠢ ᠤᠷᠤᠭᠤ ᠨᠢ ᠲᠥᠷᠥᠭᠰᠡᠨ ᠳᠦ᠂ ᠲᠡᠷᠡ ᠪᠡᠷ ᠳᠡᠭᠦᠦ ᠠᠰᠠᠾᠧᠯ ᠤᠨ ᠬᠢᠨᠢ ᠴᠢᠰᠤ ᠶᠢ ᠤᠷᠤᠰᠬᠠᠭᠰᠠᠨ ᠤ ᠤᠯᠠᠮ ᠢᠶᠠᠷ ᠦᠬᠦᠪᠡ᠃ 28 ᠳ᠋ᠠᠸᠢᠳ᠋ ᠡᠨᠡ ᠲᠤᠬᠠᠢ ᠰᠣᠨᠣᠰᠣᠭᠠᠳ᠄ 《ᠨᠧᠷ ᠤᠨ ᠬᠦᠦ ᠠᠪᠨᠧᠷ ᠤᠨ ᠴᠢᠰᠤᠨ ᠤ ᠲᠤᠬᠠᠢ ᠳᠤ᠂ ᠪᠢ ᠪᠣᠯᠣᠨ ᠮᠢᠨᠦ ᠬᠠᠭᠠᠨᠴᠢᠯᠠᠯ ᠶᠣᠬᠣᠸᠠ ᠶᠢᠨ ᠡᠮᠦᠨ᠎ᠡ ᠡᠭᠦᠷᠢᠳᠡ ᠭᠡᠮ ᠦᠭᠡᠢ᠃ 29 ᠲᠡᠭᠦᠨ ᠦ ᠴᠢᠰᠤ ᠨᠢ ᠶᠣᠶᠠᠪ ᠤᠨ ᠲᠣᠯᠣᠭᠠᠢ ᠳᠡᠭᠡᠷ᠎ᠡ᠂ ᠡᠴᠢᠭᠡ ᠶᠢᠨ ᠬᠢᠨᠢ ᠪᠦᠬᠦ ᠭᠡᠷ ᠦᠨ ᠳᠡᠭᠡᠷ᠎ᠡ ᠪᠠᠭᠤᠭ᠃ ᠮᠥᠨ ᠶᠣᠶᠠᠪ ᠤᠨ ᠭᠡᠷ ᠡᠴᠡ ᠱᠦᠭᠦᠷᠡᠳᠡᠰᠦ ᠲᠠᠢ ᠬᠥᠮᠦᠨ᠂ ᠤᠶᠠᠮᠠᠨ ᠡᠪᠡᠳᠴᠢᠲᠡᠨ᠂ ᠲᠠᠶᠠᠭ ᠲᠤᠯᠤᠭᠴᠢ᠂ ᠢᠯᠳᠦᠨ ᠳᠦ ᠴᠣᠬᠢᠭᠳᠠᠭᠴᠢ ᠪᠣᠯᠣᠨ ᠬᠦᠨᠡᠰᠦ ᠳᠤᠲᠠᠭᠴᠢ ᠲᠠᠰᠤᠷᠠᠬᠤ ᠦᠭᠡᠢ ᠪᠠᠢᠭ》 ᠭᠡᠪᠡ᠃ 30 ᠲᠡᠢᠨ ᠬᠦ ᠶᠣᠶᠠᠪ ᠪᠣᠯᠣᠨ ᠲᠡᠭᠦᠨ ᠦ ᠳᠡᠭᠦᠦ ᠠᠪᠢᠱᠠᠢ ᠨᠠᠷ ᠠᠪᠨᠧᠷ ᠢ ᠬᠥᠨᠥᠭᠡᠪᠡ᠃ ᠤᠴᠢᠷ ᠨᠢ ᠠᠪᠨᠧᠷ ᠲᠡᠳᠡᠨ ᠦ ᠳᠡᠭᠦᠦ ᠠᠰᠠᠾᠧᠯ ᠢ ᠭᠢᠪᠧᠶᠣᠨ ᠤ ᠲᠤᠯᠤᠯᠳᠤᠭᠠᠨ ᠳᠤ ᠠᠯᠠᠭᠰᠠᠨ ᠶᠤᠮ᠃

31 ᠳ᠋ᠠᠸᠢᠳ᠋ ᠶᠣᠶᠠᠪ ᠪᠣᠯᠣᠨ ᠥᠪᠡᠷ ᠲᠡᠢ ᠨᠢ ᠬᠠᠮᠲᠤ ᠪᠠᠢᠭ᠎ᠠ ᠣᠯᠠᠨ ᠪᠦᠭᠦᠳᠡ ᠳᠦ᠄ 《ᠲᠠ ᠨᠠᠷ ᠬᠤᠪᠴᠠᠰᠤ ᠪᠠᠨ ᠤᠷᠠᠵᠤ᠂ ᠲᠠᠭᠠᠷ ᠡᠮᠦᠰᠴᠦ᠂ ᠠᠪᠨᠧᠷ ᠤᠨ ᠡᠮᠦᠨ᠎ᠡ ᠭᠠᠰᠢᠭᠤᠳᠠᠭᠲᠤᠨ》 ᠭᠡᠳ ᠥᠪᠡᠷ ᠢᠶᠡᠨ ᠠᠪᠰᠠᠨ ᠤ ᠠᠷᠤ ᠠᠴᠠ ᠠᠯᠬᠤᠵᠤ ᠪᠠᠢᠯ᠎ᠠ᠃ 32 ᠢᠩᠭᠢᠭᠡᠳ ᠲᠡᠳᠡ ᠠᠪᠨᠧᠷ ᠢ ᠾᠧᠪᠷᠣᠨ ᠳᠤ ᠨᠤᠲᠤᠭᠯᠠᠭᠤᠯᠪᠠ᠃ ᠬᠠᠭᠠᠨ ᠠᠪᠨᠧᠷ ᠤᠨ ᠪᠤᠯᠠᠰᠢᠨ ᠳᠡᠭᠡᠷ᠎ᠡ ᠴᠢᠩᠭ᠍᠎ᠠ ᠪᠠᠷ ᠤᠬᠢᠯᠠᠬᠤ ᠳᠤ᠂ ᠴᠤᠭᠯᠠᠷᠠᠭᠰᠠᠨ ᠣᠯᠠᠨ ᠴᠤ ᠪᠦᠭᠦᠳᠡᠭᠡᠷ ᠤᠬᠢᠯᠠᠯᠳᠤᠪᠠ᠃ 33 ᠬᠠᠭᠠᠨ ᠠᠪᠨᠧᠷ ᠲᠤ ᠵᠣᠷᠢᠭᠤᠯᠤᠨ ᠭᠠᠰᠢᠭᠤᠳᠠᠯ ᠤᠨ ᠳᠠᠭᠤᠤ ᠳᠠᠭᠤᠯᠠᠵᠤ᠄ 《ᠠᠪᠨᠧᠷ ᠮᠤᠩ᠋ᠬᠠᠭ ᠤᠨ ᠦᠬᠦᠬᠦ ᠠᠳᠠᠯᠢ ᠦᠬᠦᠬᠦ ᠶᠣᠰᠣᠲᠠᠢ ᠪᠠᠢᠪᠠ ᠤᠤ︖
34 ᠲᠠᠨ ᠤ ᠭᠠᠷ ᠬᠦᠯᠢᠭᠳᠡᠭᠡ ᠦᠭᠡᠢ ᠲᠠᠨ ᠤ ᠬᠥᠯ ᠴᠤ ᠳᠥᠩᠭᠡᠯᠡᠭᠳᠡᠭᠡ ᠦᠭᠡᠢ ᠪᠠᠢᠲᠠᠯ᠎ᠠ ᠮᠠᠭᠤ ᠬᠡᠷᠡᠭᠲᠡᠨ ᠦ ᠬᠦᠴᠦᠨ ᠳᠦ ᠤᠨᠠᠬᠤ ᠰᠢᠭ᠋ ᠲᠠ ᠤᠨᠠᠪᠠ》
ᠭᠡᠬᠦ ᠳᠦ᠂ ᠴᠤᠭᠯᠠᠷᠠᠭᠰᠠᠨ ᠪᠦᠭᠦᠳᠡᠭᠡᠷ ᠢᠶᠡᠨ ᠲᠡᠭᠦᠨ ᠦ ᠲᠥᠯᠥᠭᠡ ᠳᠠᠬᠢᠨ ᠤᠬᠢᠯᠠᠯᠳᠤᠪᠠ᠃ 35 ᠴᠤᠭᠯᠠᠷᠠᠭᠰᠠᠨ ᠣᠯᠠᠨ ᠡᠳᠦᠷ ᠢᠶᠡᠷ ᠢᠷᠡᠵᠦ ᠳ᠋ᠠᠸᠢᠳ᠋ ᠲᠤ ᠬᠣᠭᠣᠯᠠ ᠢᠳᠡᠬᠦ ᠶᠢ ᠢᠳᠬᠠᠭᠰᠠᠨ ᠪᠣᠯᠪᠠᠴᠤ ᠳ᠋ᠠᠸᠢᠳ᠋᠄ 《ᠨᠠᠷᠠ ᠵᠢᠷᠭᠠᠬᠤ ᠠᠴᠠ ᠡᠮᠦᠨ᠎ᠡ ᠪᠣᠣᠪᠣ᠂ ᠡᠰᠡᠪᠡᠯ ᠶᠠᠮᠠᠷ ᠨᠢᠭᠡᠨ ᠶᠠᠭᠤᠮ᠎ᠠ ᠶᠢ ᠠᠮᠰᠠᠪᠠᠯ᠂ ᠪᠤᠷᠬᠠᠨ ᠨᠠᠮᠠᠶᠢ ᠬᠠᠲᠠᠭᠤ ᠰᠢᠳᠬᠡᠬᠦ ᠪᠣᠯᠲᠤᠭᠠᠢ》 ᠭᠡᠵᠦ ᠲᠠᠩ᠋ᠭᠠᠷᠢᠭᠯᠠᠵᠠᠢ᠃ 36 ᠴᠤᠭᠯᠠᠷᠠᠭᠰᠠᠨ ᠣᠯᠠᠨ ᠪᠦᠭᠦᠳᠡᠭᠡᠷ ᠢᠶᠡᠨ ᠡᠭᠦᠨ ᠢ ᠠᠩᠵᠠᠭᠠᠷᠠᠭᠰᠠᠨ ᠪᠠ ᠡᠨᠡ ᠨᠢ ᠲᠡᠳᠡᠨ ᠦ ᠨᠢᠳᠦᠨ ᠳᠦ ᠲᠠᠭᠠᠯᠠᠭᠳᠠᠪᠠ᠃ ᠦᠨᠡᠨ ᠳᠡᠭᠡᠨ ᠬᠠᠭᠠᠨ ᠤ ᠬᠢᠭᠰᠡᠨ ᠪᠣᠯᠭᠠᠨ ᠲᠡᠳᠡᠨ ᠦ ᠨᠢᠳᠦᠨ ᠳᠦ ᠲᠠᠭᠠᠯᠠᠭᠳᠠᠭᠰᠠᠨ ᠪᠠᠢᠯ᠎ᠠ᠃ 37 ᠢᠩᠭᠢᠭᠡᠳ ᠨᠧᠷ ᠤᠨ ᠬᠦᠦ ᠠᠪᠨᠧᠷ ᠢ ᠠᠯᠠᠭᠰᠠᠨ ᠬᠡᠷᠡᠭ ᠲᠦ ᠬᠠᠭᠠᠨ ᠣᠷᠣᠯᠴᠠᠭᠰᠠᠨ ᠦᠭᠡᠢ ᠭᠡᠳᠡᠭ ᠢ ᠲᠡᠷᠡ ᠡᠳᠦᠷ ᠪᠦᠬᠦ ᠠᠷᠠᠳ ᠪᠣᠯᠣᠨ ᠪᠦᠬᠦ ᠢᠰᠷᠧᠯ ᠮᠡᠳᠡᠵᠡᠢ᠃ 38 ᠬᠠᠭᠠᠨ ᠲᠦᠰᠢᠮᠡᠳ ᠲᠡᠭᠡᠨ᠄ 《ᠥᠨᠥᠳᠥᠷ ᠢᠰᠷᠧᠯ ᠤᠨ ᠠᠭᠤᠤ ᠨᠣᠶᠠᠨ ᠥᠩᠭᠡᠷᠡᠭᠰᠡᠨ ᠭᠡᠳᠡᠭ ᠢ ᠲᠠ ᠨᠠᠷ ᠮᠡᠳᠡᠬᠦ ᠦᠭᠡᠢ ᠪᠠᠢᠨ᠎ᠠ ᠤᠤ︖ 39 ᠪᠢ ᠲᠣᠰᠣᠯᠠᠭᠳᠠᠭᠰᠠᠨ ᠬᠠᠭᠠᠨ ᠪᠠᠢᠲᠠᠯ᠎ᠠ ᠪᠠᠨ ᠥᠨᠥᠳᠥᠷ ᠬᠦᠴᠦ ᠦᠭᠡᠢ ᠪᠠᠢᠨ᠎ᠠ᠃ ᠽᠧᠷᠣᠢᠶ᠎ᠠ ᠶᠢᠨ ᠡᠳᠡᠭᠡᠷ ᠬᠥᠪᠡᠭᠦᠨ ᠨᠠᠳᠠ ᠳᠤ ᠳᠡᠩᠳᠡᠭᠦᠦ ᠬᠠᠲᠠᠭᠤ ᠪᠠᠢᠨ᠎ᠠ᠃ ᠬᠠᠷᠢᠨ ᠶᠣᠬᠣᠸᠠ ᠮᠠᠭᠤ ᠶᠢ ᠦᠢᠯᠡᠳᠦᠭᠰᠡᠨ ᠬᠥᠮᠦᠨ ᠳᠦ ᠮᠠᠭᠤ ᠶᠢ ᠦᠢᠯᠡᠳᠦᠭᠰᠡᠨ ᠦ ᠬᠢᠨᠢ ᠶᠣᠰᠣᠭᠠᠷ ᠬᠠᠷᠢᠭᠤᠯᠬᠤ ᠪᠣᠯᠣᠨ᠎ᠠ》 ᠭᠡᠪᠡ᠃