1 2 3 4 5 6 7 8 9 10 11 12 13 14 15 16 17 18 19 20 21 22 23 24


ᠬᠣᠶᠠᠳᠤᠭᠠᠷ ᠰᠠᠮᠦ᠋ᠶᠧᠯ ᠠᠷᠪᠠᠨ ᠳᠥᠷᠪᠡ
 ᠠᠪᠰᠠᠯᠣᠮ ᠪᠤᠴᠠᠵᠤ ᠢᠷᠡᠪᠡ

1 ᠬᠠᠭᠠᠨ ᠤ ᠰᠡᠳᠬᠢᠯ ᠠᠪᠰᠠᠯᠣᠮ ᠤᠨ ᠬᠣᠢᠨ᠎ᠠ ᠠᠴᠠ ᠰᠠᠨᠠᠭᠠᠰᠢᠷᠠᠨ ᠪᠤᠢ ᠶᠢ ᠽᠧᠷᠣᠢᠶ᠎ᠠ ᠶᠢᠨ ᠬᠦᠦ ᠶᠣᠶᠠᠪ ᠠᠩᠵᠠᠭᠠᠷᠠᠪᠠ᠃ 2 ᠢᠩᠭᠢᠭᠡᠳ ᠶᠣᠶᠠᠪ ᠲᠧᠺᠣᠶ᠎ᠠ ᠤᠷᠤᠭᠤ ᠬᠥᠮᠦᠨ ᠶᠠᠪᠤᠭᠤᠯᠵᠤ᠂ ᠲᠡᠨᠳᠡ ᠡᠴᠡ ᠨᠢᠭᠡᠨ ᠤᠬᠠᠭᠠᠯᠢᠭ ᠡᠮᠡᠭᠲᠡᠢ ᠠᠪᠴᠢᠷᠠᠭᠤᠯᠤᠭᠠᠳ᠂ ᠲᠡᠭᠦᠨ ᠳᠦ᠄ 《ᠴᠢ ᠭᠠᠰᠢᠭᠤᠳᠠᠵᠤ ᠪᠤᠢ ᠬᠥᠮᠦᠨ ᠮᠡᠲᠦ ᠳᠦᠷᠢ ᠦᠵᠡᠭᠦᠯ᠂ ᠭᠠᠰᠢᠭᠤᠳᠠᠯ ᠤᠨ ᠬᠤᠪᠴᠠᠰᠤ ᠡᠮᠦᠰᠴᠦ᠂ ᠪᠡᠶ᠎ᠡ ᠳᠡᠭᠡᠨ ᠲᠣᠰᠣ ᠲᠦᠷᠬᠢᠯ ᠦᠭᠡᠢ᠂ ᠲᠠᠯᠢᠢᠭᠠᠴᠢ ᠶᠢᠨ ᠠᠷᠤ ᠠᠴᠠ ᠣᠯᠠᠨ ᠡᠳᠦᠷ ᠭᠠᠰᠢᠭᠤᠳᠠᠵᠤ ᠪᠤᠢ ᠡᠮᠡᠭᠲᠡᠢ ᠮᠡᠲᠦ ᠪᠡᠯᠡᠳᠬᠡᠭᠡᠳ 3 ᠬᠠᠭᠠᠨ ᠳᠡᠭᠡᠷ᠎ᠡ ᠣᠴᠢᠵᠤ᠂ ᠡᠢᠨ ᠬᠦ ᠠᠢᠯᠠᠳᠬᠠᠭᠲᠤᠨ》 ᠭᠡᠳ ᠡᠮᠡᠭᠲᠡᠢ ᠳᠦ ᠬᠡᠯᠡᠬᠦ ᠦᠭᠡᠰ ᠢ ᠨᠢ ᠵᠢᠭᠠᠵᠤ ᠥᠭᠪᠡ᠃

4 ᠲᠧᠺᠣᠶ᠎ᠠ ᠶᠢᠨ ᠡᠮᠡᠭᠲᠡᠢ ᠬᠠᠭᠠᠨ ᠳᠤ ᠪᠠᠷᠠᠭᠠᠯᠬᠠᠵᠤ᠂ ᠨᠢᠭᠤᠷ ᠢᠶᠠᠨ ᠭᠠᠵᠠᠷ ᠲᠤ ᠬᠦᠷᠭᠡᠨ ᠪᠥᠬᠥᠢᠭᠡᠳ᠄ 《ᠲᠤᠰᠠᠯᠠᠵᠤ ᠬᠠᠢᠷᠠᠯᠠ᠂ ᠬᠠᠭᠠᠨᠲᠠᠨ ᠮᠢᠨᠢ》 ᠭᠡᠪᠡ᠃ 5 ᠬᠠᠭᠠᠨ᠄ 《ᠶᠠᠮᠠᠷ ᠤᠴᠢᠷ ᠪᠤᠢ︖》 ᠭᠡᠬᠦ ᠳᠦ᠂ ᠡᠮᠡᠭᠲᠡᠢ᠄ 《ᠠᠢ᠂ ᠪᠢ ᠪᠡᠯᠪᠡᠰᠦᠨ᠂ ᠨᠥᠬᠥᠷ ᠮᠢᠨᠢ ᠥᠭᠡᠳᠡ ᠪᠣᠯᠣᠭᠰᠠᠨ ᠪᠢᠯᠡ᠃ 6 ᠰᠢᠪᠡᠭᠴᠢᠨ ᠲᠠᠨᠢ ᠬᠣᠶᠠᠷ ᠬᠦᠦ ᠲᠠᠢ ᠪᠠᠢᠭᠰᠠᠨ᠃ ᠲᠡᠷᠡ ᠬᠣᠶᠠᠷ ᠬᠡᠭᠡᠷ᠎ᠡ ᠲᠠᠯ᠎ᠠ ᠳᠤ ᠬᠣᠭᠣᠷᠣᠨᠳᠣ ᠪᠠᠨ ᠲᠡᠮᠡᠴᠡᠯᠳᠦᠬᠦ ᠳᠦ ᠲᠡᠳᠡᠨ ᠢ ᠰᠠᠯᠭᠠᠬᠤ ᠬᠥᠮᠦᠨ ᠪᠠᠢᠭ᠎ᠠ ᠦᠭᠡᠢ᠂ ᠲᠡᠭᠡᠲᠡᠯ᠎ᠡ ᠨᠢᠭᠡ ᠨᠢ ᠨᠥᠭᠥᠭᠡ ᠪᠡᠨ ᠴᠣᠬᠢᠵᠤ ᠠᠯᠠᠵᠠᠢ᠃ 7 ᠣᠳᠣ ᠭᠡᠷ ᠪᠦᠯᠢ ᠶᠢᠨ ᠬᠢᠨ ᠪᠦᠭᠦᠳᠡᠭᠡᠷ ᠢᠶᠡᠨ ᠰᠢᠪᠡᠭᠴᠢᠨ ᠮᠢᠨᠦ ᠡᠰᠡᠷᠭᠦ ᠪᠣᠰᠴᠠᠭᠠᠵᠤ᠂ 〈ᠳᠡᠭᠦᠦ ᠪᠡᠨ ᠠᠯᠠᠭᠰᠠᠨ ᠬᠥᠮᠦᠨ ᠢ ᠲᠤᠰᠢᠶᠠ᠃ ᠪᠢᠳᠡ ᠲᠡᠭᠦᠨ ᠢ ᠠᠯᠠᠵᠤ᠂ ᠠᠯᠠᠭᠳᠠᠭᠰᠠᠨ ᠳᠡᠭᠦᠦ ᠶᠢᠨ ᠬᠢᠨᠢ ᠥᠰᠢᠶ᠎ᠡ ᠶᠢ ᠠᠪᠤᠶ᠎ᠠ〉 ᠭᠡᠯᠴᠡᠵᠦ ᠪᠠᠢᠨ᠎ᠠ᠃ ᠡᠢᠨ ᠬᠦ ᠲᠡᠳᠡ ᠡᠨᠡ ᠭᠡᠷ ᠦᠨ ᠥᠪ ᠵᠠᠯᠭᠠᠮᠵᠢᠯᠠᠭᠴᠢ ᠶᠢ ᠤᠰᠠᠳᠬᠠᠵᠤ᠂ ᠦᠯᠡᠳᠡᠭᠰᠡᠨ ᠭᠠᠭᠴᠠ ᠣᠴᠢ ᠶᠢ ᠮᠢᠨᠢ ᠪᠥᠬᠥᠭᠡᠨ᠂ ᠬᠥᠷᠥᠰᠥᠲᠦ ᠳᠡᠯᠡᠬᠡᠢ ᠳᠡᠭᠡᠷ᠎ᠡ ᠨᠥᠬᠥᠷ ᠦᠨ ᠮᠢᠨᠢ ᠨᠡᠷ᠎ᠡ ᠶᠢ ᠨᠢ ᠴᠤ᠂ ᠦᠷ᠎ᠡ ᠤᠳᠤᠮ ᠢ ᠨᠢ ᠴᠤ ᠦᠯᠡᠳᠡᠭᠡᠬᠦ ᠦᠭᠡᠢ ᠪᠣᠯᠭᠠᠬᠤ ᠭᠡᠵᠦ ᠪᠠᠢᠨ᠎ᠠ》 ᠭᠡᠵᠡᠢ᠃

8 ᠬᠠᠭᠠᠨ ᠡᠮᠡᠭᠲᠡᠢ ᠳᠦ᠄ 《ᠭᠡᠷ ᠲᠡᠭᠡᠨ ᠬᠠᠷᠢ᠂ ᠴᠢᠨᠦ ᠲᠠᠯ᠎ᠠ ᠪᠠᠷ ᠪᠢ ᠵᠠᠷᠯᠢᠭ ᠪᠠᠭᠤᠯᠭᠠᠶ᠎ᠠ》 ᠭᠡᠬᠦ ᠳᠦ᠂ 9 ᠲᠧᠺᠣᠶ᠎ᠠ ᠶᠢᠨ ᠡᠮᠡᠭᠲᠡᠢ ᠬᠠᠭᠠᠨ ᠳᠤ᠄ 《ᠬᠠᠭᠠᠨ ᠡᠵᠡᠨ ᠮᠢᠨᠢ ᠡ᠂ ᠪᠤᠷᠤᠭᠤᠰᠢᠶᠠᠯ ᠨᠢ ᠨᠠᠳᠠ ᠳᠡᠭᠡᠷ᠎ᠡ ᠪᠣᠯᠣᠨ ᠮᠢᠨᠦ ᠡᠴᠢᠭᠡ ᠶᠢᠨ ᠭᠡᠷ ᠳᠡᠭᠡᠷ᠎ᠡ ᠪᠠᠭᠤᠬᠤ ᠪᠣᠯᠲᠤᠭᠠᠢ᠃ ᠬᠠᠷᠢᠨ ᠬᠠᠭᠠᠨ ᠲᠠ ᠪᠣᠯᠣᠨ ᠲᠠᠨ ᠤ ᠰᠡᠨᠲᠢ ᠨᠢ ᠪᠤᠷᠤᠭᠤᠳᠬᠠᠭᠳᠠᠰᠢ ᠦᠭᠡᠢ ᠪᠠᠢᠭ》 ᠭᠡᠪᠡ᠃ 10 ᠬᠠᠭᠠᠨ ᠲᠡᠭᠦᠨ ᠳᠦ᠄ 《ᠬᠡᠨ ᠴᠢᠨᠦ ᠡᠰᠡᠷᠭᠦ ᠶᠠᠷᠢᠪᠠᠯ ᠲᠡᠭᠦᠨ ᠢ ᠨᠠᠳᠠ ᠳᠡᠭᠡᠷ᠎ᠡ ᠠᠪᠴᠢᠷᠠᠭᠲᠤᠨ᠃ ᠲᠡᠭᠡᠪᠡᠯ ᠲᠡᠷᠡ ᠳᠠᠬᠢᠭᠠᠳ ᠴᠢᠮ᠎ᠠ ᠳᠤ ᠲᠦᠪᠡᠭ ᠪᠣᠯᠬᠤ ᠦᠭᠡᠢ ᠶᠤᠮ》 ᠭᠡᠵᠦ ᠬᠡᠯᠡᠪᠡ᠃ 11 ᠥᠨᠥᠬᠢ ᠡᠮᠡᠭᠲᠡᠢ᠄ 《ᠲᠡᠭᠡᠪᠡᠯ ᠬᠠᠭᠠᠨ ᠲᠠ ᠪᠤᠷᠬᠠᠨ ᠶᠣᠬᠣᠸᠠ ᠪᠠᠨ ᠰᠠᠨᠠᠵᠤ᠂ ᠴᠢᠰᠤᠨ ᠥᠰᠢᠶ᠎ᠡ ᠠᠪᠤᠭᠴᠢ ᠰᠠᠳᠤᠨ ᠤ ᠮᠠᠨᠢ ᠵᠠᠯᠭᠠᠭᠠᠳ ᠬᠥᠨᠥᠭᠡᠬᠦ ᠶᠢ ᠪᠣᠯᠢᠭᠤᠯᠤᠭᠠᠴᠢ᠂ ᠲᠡᠳᠡ ᠮᠢᠨᠦ ᠬᠦᠦ ᠶᠢ ᠦᠯᠦ ᠬᠥᠨᠥᠭᠡᠬᠦ ᠪᠣᠯᠲᠤᠭᠠᠢ》 ᠭᠡᠬᠦ ᠳᠦ᠂ ᠬᠠᠭᠠᠨ᠄ 《ᠶᠣᠬᠣᠸᠠ ᠶᠢᠨ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠬᠦᠦ ᠶᠢᠨ ᠴᠢᠨᠢ ᠲᠣᠯᠣᠭᠠᠢ ᠶᠢᠨ ᠰᠢᠷᠬᠡᠭ ᠦᠰᠦ ᠴᠤ ᠭᠠᠵᠠᠷ ᠲᠤ ᠤᠨᠠᠬᠤ ᠦᠭᠡᠢ》 ᠭᠡᠪᠡ᠃

12 ᠲᠡᠭᠡᠲᠡᠯ᠎ᠡ ᠲᠡᠷᠡ ᠡᠮᠡᠭᠲᠡᠢ᠄ 《ᠡᠵᠡᠨ ᠬᠠᠭᠠᠨ ᠳᠠᠭᠠᠨ ᠭᠠᠭᠴᠠ ᠦᠭᠡ ᠠᠢᠯᠠᠳᠬᠠᠬᠤ ᠶᠢ ᠰᠢᠪᠡᠭᠴᠢᠨ ᠨᠠᠳᠠ ᠳᠤ ᠵᠥᠪᠰᠢᠶᠡᠷᠡᠵᠦ ᠬᠠᠢᠷᠠᠯᠠ》 ᠭᠡᠰᠡᠨ ᠳᠦ᠂ ᠬᠠᠭᠠᠨ᠄ 《ᠠᠢᠯᠠᠳᠬᠠᠭᠲᠤᠨ︕》 ᠭᠡᠪᠡ᠃ 13 ᠡᠮᠡᠭᠲᠡᠢ᠄ 《ᠲᠠ ᠶᠠᠭᠤᠨ ᠳᠤ ᠪᠤᠷᠬᠠᠨ ᠤ ᠠᠷᠠᠳ ᠲᠦᠮᠡᠨ ᠦ ᠬᠦᠰᠡᠬᠦ ᠦᠭᠡᠢ ᠡᠢᠮᠦ ᠵᠦᠢᠯ ᠢ ᠰᠡᠳᠬᠢᠭᠰᠡᠨ ᠪᠤᠢ︖ ᠬᠠᠭᠠᠨ ᠲᠠ ᠬᠥᠭᠡᠭᠡᠭᠰᠡᠨ ᠬᠦᠦ ᠪᠡᠨ ᠪᠤᠴᠠᠭᠠᠵᠤ ᠠᠪᠴᠢᠷᠠᠭ᠎ᠠ ᠦᠭᠡᠢ ᠲᠤᠯᠠ ᠨᠠᠳᠠ ᠳᠤ ᠠᠢᠯᠠᠳᠤᠭᠰᠠᠨ ᠪᠦᠬᠦᠨ ᠢᠶᠡᠷ ᠢᠶᠠᠨ ᠥᠪᠡᠷ ᠢ ᠪᠠᠨ ᠭᠡᠮ ᠲᠡᠢ ᠬᠥᠮᠦᠨ ᠪᠣᠯᠭᠠᠵᠤ ᠪᠠᠢᠨ᠎ᠠ᠃ 14 ᠪᠢᠳᠡ ᠯᠠᠪᠲᠠᠢ ᠦᠬᠦᠨ᠎ᠡ᠂ ᠭᠠᠵᠠᠷ ᠲᠤ ᠠᠰᠬᠠᠭᠳᠠᠪᠠᠯ ᠳᠠᠬᠢᠨ ᠴᠤᠭᠯᠠᠭᠤᠯᠵᠤ ᠦᠯᠦ ᠪᠣᠯᠬᠤ ᠤᠰᠤ ᠲᠠᠢ ᠠᠳᠠᠯᠢ᠃ ᠬᠠᠷᠢᠨ ᠪᠤᠷᠬᠠᠨ ᠠᠮᠢ ᠲᠠᠰᠤᠯᠳᠠᠭ ᠦᠭᠡᠢ ᠪᠥᠭᠡᠳ ᠬᠥᠭᠡᠭᠡᠭᠳᠡᠭᠰᠡᠨ ᠬᠥᠮᠦᠨ ᠢ ᠪᠤᠴᠠᠭᠠᠨ ᠠᠪᠴᠢᠷᠠᠬᠤ ᠠᠷᠭ᠎ᠠ ᠬᠡᠮᠵᠢᠶ᠎ᠡ ᠠᠪᠤᠨ᠎ᠠ᠃ 15 ᠬᠥᠮᠦᠰ ᠨᠠᠮᠠᠶᠢ ᠰᠦᠷᠳᠡᠭᠦᠯᠦᠭᠰᠡᠨ ᠡᠴᠡ ᠪᠣᠯᠵᠤ ᠪᠢ ᠡᠨᠡ ᠬᠡᠷᠡᠭ ᠢ ᠬᠠᠭᠠᠨ ᠡᠵᠡᠨ ᠳᠡᠭᠡᠨ ᠬᠡᠯᠡᠬᠦ ᠪᠡᠷ ᠢᠷᠡᠭᠰᠡᠨ ᠪᠢᠯᠡ᠃ ᠲᠠᠨ ᠤ ᠰᠢᠪᠡᠭᠴᠢᠨ ᠪᠢ᠄ 〈ᠬᠠᠭᠠᠨᠲᠠᠨ ᠳᠤ ᠬᠡᠯᠡᠵᠦ ᠦᠵᠡᠶ᠎ᠡ᠃ ᠬᠠᠭᠠᠨᠲᠠᠨ ᠰᠢᠪᠡᠭᠴᠢᠨ ᠤ ᠪᠠᠨ ᠬᠦᠰᠡᠯ ᠢ ᠪᠡᠶᠡᠯᠡᠭᠦᠯᠬᠦ ᠪᠤᠢ᠃ 16 ᠬᠠᠭᠠᠨᠲᠠᠨ ᠰᠣᠨᠣᠰᠪᠠᠯ᠂ ᠰᠢᠪᠡᠭᠴᠢᠨ ᠨᠠᠮᠠᠶᠢ ᠬᠦᠦ ᠲᠠᠢ ᠮᠢᠨᠢ ᠬᠠᠮᠲᠤ ᠪᠤᠷᠬᠠᠨ ᠤ ᠥᠪᠯᠡᠭᠰᠡᠨ ᠭᠠᠵᠠᠷ ᠠᠴᠠ ᠲᠠᠰᠤᠯᠤᠨ ᠤᠰᠠᠳᠬᠠᠬᠤ ᠭᠡᠵᠦ ᠪᠤᠢ ᠬᠥᠮᠦᠨ ᠦ ᠭᠠᠷ ᠠᠴᠠ ᠠᠪᠤᠷᠠᠬᠤ ᠪᠣᠯᠣᠨ᠎ᠠ〉 ᠭᠡᠵᠦ ᠪᠣᠳᠣᠭᠰᠠᠨ ᠶᠤᠮ᠃ 17 ᠪᠠᠰᠠ ᠰᠢᠪᠡᠭᠴᠢᠨ ᠲᠠᠨᠢ᠄ 〈ᠲᠡᠢᠮᠦ ᠡ᠂ ᠡᠵᠡᠨ ᠬᠠᠭᠠᠨ ᠤ ᠮᠢᠨᠢ ᠦᠭᠡ ᠨᠠᠮᠠᠶᠢ ᠲᠠᠢᠳᠬᠤᠷᠠᠭᠤᠯᠬᠤ ᠪᠣᠯᠣᠨ᠎ᠠ᠃ ᠮᠢᠨᠦ ᠡᠵᠡᠨ ᠬᠠᠭᠠᠨ ᠪᠤᠷᠬᠠᠨ ᠤ ᠲᠩᠷᠢ ᠡᠯᠴᠢ ᠮᠡᠲᠦ ᠰᠠᠢᠨ ᠮᠠᠭᠤ ᠶᠢ ᠢᠯᠭᠠᠳᠠᠭ ᠶᠤᠮ᠃ ᠲᠠᠨ ᠤ ᠪᠤᠷᠬᠠᠨ ᠶᠣᠬᠣᠸᠠ ᠲᠠᠨ ᠲᠠᠢ ᠬᠠᠮᠲᠤ ᠪᠠᠢᠬᠤ ᠪᠣᠯᠣᠨ᠎ᠠ〉 ᠭᠡᠵᠦ ᠪᠣᠳᠣᠭᠰᠠᠨ ᠶᠤᠮ》 ᠭᠡᠪᠡ᠃

18 ᠲᠡᠭᠡᠬᠦ ᠳᠦ ᠬᠠᠭᠠᠨ ᠥᠨᠥᠬᠢ ᠡᠮᠡᠭᠲᠡᠢ ᠳᠦ ᠬᠠᠷᠢᠭᠤᠯᠤᠨ᠄ 《ᠣᠳᠣ ᠪᠢ ᠴᠢᠮ᠎ᠠ ᠠᠴᠠ ᠠᠰᠠᠭᠤᠶ᠎ᠠ᠃ ᠨᠠᠳᠠ ᠠᠴᠠ ᠶᠠᠭᠤ ᠶᠢ ᠴᠤ ᠪᠦᠦ ᠨᠢᠭᠤᠭᠠᠷᠠᠢ》 ᠭᠡᠪᠡ᠃ ᠡᠮᠡᠭᠲᠡᠢ᠄ 《ᠬᠠᠭᠠᠨ ᠡᠵᠡᠨ ᠮᠢᠨᠢ ᠶᠠᠷᠢᠭᠠᠴᠢ》 ᠭᠡᠪᠡ᠃ 19 ᠡᠢᠨ ᠬᠦ ᠬᠠᠭᠠᠨ᠄ 《ᠡᠨᠡ ᠪᠦᠭᠦᠳᠡ ᠳᠦ ᠶᠣᠶᠠᠪ ᠤᠨ ᠭᠠᠷ ᠣᠷᠣᠯᠴᠠᠭᠰᠠᠨ ᠤᠤ︖》 ᠭᠡᠬᠦ ᠳᠦ᠂ ᠡᠮᠡᠭᠲᠡᠢ ᠬᠠᠷᠢᠭᠤᠯᠤᠨ᠄ 《ᠬᠠᠭᠠᠨ ᠡᠵᠡᠨ ᠮᠢᠨᠢ᠂ ᠲᠠᠨ ᠤ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠬᠥᠮᠦᠨ ᠬᠠᠭᠠᠨ ᠡᠵᠡᠨ ᠦ ᠮᠢᠨᠢ ᠠᠢᠯᠠᠳᠤᠭᠰᠠᠨ ᠶᠠᠮᠠᠷ ᠴᠤ ᠵᠦᠢᠯ ᠡᠴᠡ ᠵᠡᠭᠦᠨᠰᠢ ᠪᠠᠷᠠᠭᠤᠨᠰᠢ ᠪᠤᠯᠲᠠᠬᠤ ᠠᠷᠭ᠎ᠠ ᠦᠭᠡᠢ᠃ ᠦᠨᠡᠬᠡᠷ ᠲᠠᠨ ᠤ ᠵᠠᠷᠤᠴᠠ ᠶᠣᠶᠠᠪ ᠨᠠᠳᠠ ᠳᠤ ᠵᠠᠬᠢᠵᠤ᠂ ᠰᠢᠪᠡᠭᠴᠢᠨ ᠳᠤ ᠴᠢᠨᠢ ᠡᠨᠡ ᠪᠦᠬᠦ ᠦᠭᠡ ᠶᠢ ᠵᠢᠭᠠᠵᠤ ᠥᠭᠭᠥᠭᠰᠡᠨ ᠪᠢᠯᠡ᠃ 20 ᠡᠨᠡ ᠪᠠᠢᠳᠠᠯ ᠢ ᠥᠭᠡᠷᠡᠴᠢᠯᠡᠬᠦ ᠪᠡᠷ ᠲᠠᠨ ᠤ ᠵᠠᠷᠤᠴᠠ ᠶᠣᠶᠠᠪ ᠢᠩᠭᠢᠵᠦ ᠦᠢᠯᠡᠳᠦᠭᠰᠡᠨ ᠪᠠᠢᠨ᠎ᠠ᠃ ᠬᠠᠷᠢᠨ ᠮᠢᠨᠦ ᠡᠵᠡᠨ ᠲᠠ ᠪᠤᠷᠬᠠᠨ ᠤ ᠲᠩᠷᠢ ᠡᠯᠴᠢ ᠮᠡᠲᠦ ᠤᠬᠠᠭᠠᠨ ᠲᠠᠢ ᠪᠣᠯᠬᠣᠷ ᠡᠨᠡ ᠭᠠᠵᠠᠷ ᠳᠡᠭᠡᠷᠡᠬᠢ ᠪᠦᠬᠦ ᠵᠦᠢᠯ ᠢ ᠮᠡᠳᠡᠳᠡᠭ ᠪᠢᠯᠡ》 ᠭᠡᠪᠡ᠃

21 ᠬᠠᠭᠠᠨ ᠶᠣᠶᠠᠪ ᠲᠤ᠄ 《ᠵᠠ ᠣᠳᠣ ᠪᠢ ᠢᠩᠭᠢᠵᠦ ᠰᠢᠢᠳᠦᠯ᠎ᠡ᠂ ᠲᠡᠨᠳᠡ ᠣᠴᠢᠭᠠᠳ ᠵᠠᠯᠠᠭᠤ ᠠᠪᠰᠠᠯᠣᠮ ᠢ ᠪᠤᠴᠠᠭᠠᠵᠤ ᠠᠪᠴᠢᠷᠠ》 ᠭᠡᠪᠡ᠃ 22 ᠶᠣᠶᠠᠪ ᠨᠢᠭᠤᠷ ᠢᠶᠠᠨ ᠭᠠᠵᠠᠷ ᠲᠤ ᠬᠦᠷᠭᠡᠨ ᠪᠥᠬᠥᠢᠵᠦ᠂ ᠬᠠᠭᠠᠨ ᠳᠤ ᠲᠠᠯᠠᠷᠬᠠᠨ᠄ 《ᠬᠠᠭᠠᠨ ᠡᠵᠡᠨ ᠮᠢᠨᠢ ᠡ᠂ ᠵᠠᠷᠤᠴᠠ ᠶᠢᠨ ᠢᠶᠠᠨ ᠬᠦᠰᠡᠯᠲᠡ ᠶᠢ ᠪᠡᠶᠡᠯᠡᠭᠦᠯᠵᠦ ᠥᠭᠭᠥᠭᠰᠡᠨ ᠲᠤᠯᠠ ᠥᠨᠥᠳᠥᠷ ᠲᠠᠨ ᠤ ᠵᠠᠷᠤᠴᠠ ᠪᠢ ᠲᠠᠨ ᠤ ᠨᠢᠳᠦᠨ ᠳᠦ ᠲᠠᠭᠠᠯᠠᠯ ᠢ ᠣᠯᠣᠭᠰᠠᠨ ᠢᠶᠠᠨ ᠮᠡᠳᠡᠯ᠎ᠡ》 ᠭᠡᠪᠡ᠃ 23 ᠢᠩᠭᠢᠭᠡᠳ ᠶᠣᠶᠠᠪ ᠪᠣᠰᠴᠤ᠂ ᠭᠧᠱᠦ᠋ᠷ ᠤᠷᠤᠭᠤ ᠣᠴᠢᠭᠠᠳ ᠠᠪᠰᠠᠯᠣᠮ ᠢ ᠶᠧᠷᠦ᠋ᠰᠠᠯᠧᠮ ᠳᠤ ᠪᠤᠴᠠᠭᠠᠨ ᠠᠪᠴᠢᠷᠠᠪᠠ᠃ 24 ᠬᠠᠷᠢᠨ ᠬᠠᠭᠠᠨ᠄ 《ᠲᠡᠭᠦᠨ ᠢ ᠭᠡᠷ ᠲᠤᠨᠢ ᠬᠠᠷᠢᠭᠤᠯ᠂ ᠮᠢᠨᠦ ᠨᠢᠭᠤᠷ ᠢ ᠬᠠᠷᠠᠭᠤᠯᠬᠤ ᠬᠡᠷᠡᠭ ᠦᠭᠡᠢ》 ᠭᠡᠰᠡᠨ ᠳᠦ᠂ ᠠᠪᠰᠠᠯᠣᠮ ᠬᠠᠭᠠᠨ ᠤ ᠨᠢᠭᠤᠷ ᠢ ᠴᠤ ᠬᠠᠷᠠᠯ ᠦᠭᠡᠢ ᠭᠡᠷ ᠲᠡᠭᠡᠨ ᠬᠠᠷᠢᠪᠠ᠃

25 ᠢᠰᠷᠧᠯ ᠳᠠᠶᠠᠭᠠᠷ ᠠᠪᠰᠠᠯᠣᠮ ᠲᠠᠢ ᠠᠳᠠᠯᠢᠬᠠᠨ ᠰᠠᠢᠬᠠᠨ ᠭᠡᠵᠦ ᠮᠠᠭᠲᠠᠭᠳᠠᠳᠠᠭ ᠡᠷ᠎ᠡ ᠦᠭᠡᠢ ᠪᠠᠢᠯ᠎ᠠ᠃ ᠬᠥᠯ ᠦᠨ ᠤᠯᠠ ᠠᠴᠠ ᠨᠢ ᠲᠣᠯᠣᠭᠠᠢ ᠶᠢᠨ ᠣᠷᠣᠢ ᠬᠦᠷᠲᠡᠯ᠎ᠡ ᠲᠡᠭᠦᠨ ᠳᠦ ᠭᠠᠭᠴᠠ ᠴᠤ ᠥ ᠪᠠᠢᠭᠰᠠᠨ ᠦᠭᠡᠢ᠃ 26 ᠲᠡᠷᠡ ᠭᠡᠵᠢᠭᠡ ᠪᠡᠨ ᠵᠢᠯ ᠤᠨ ᠰᠡᠭᠦᠯᠴᠢ ᠪᠠᠷ ᠬᠦᠨᠳᠦ ᠪᠣᠯᠬᠤ ᠦᠶ᠎ᠡ ᠳᠦᠨᠢ ᠵᠠᠰᠠᠭᠤᠯᠳᠠᠭ ᠪᠥᠭᠡᠳ ᠬᠤᠰᠤᠭᠤᠯᠤᠭᠰᠠᠨ ᠦᠰᠦ ᠶᠢ ᠨᠢ ᠬᠠᠭᠠᠨ ᠤ ᠬᠡᠮᠵᠢᠭᠦᠷ ᠢᠶᠡᠷ ᠬᠡᠮᠵᠢᠪᠡᠯ ᠬᠣᠶᠠᠷ ᠵᠠᠭᠤᠨ ᠱᠧᠺᠧᠯ 13 ᠪᠣᠯᠳᠠᠭ ᠪᠠᠢᠪᠠ᠃ 27 ᠠᠪᠰᠠᠯᠣᠮ ᠳᠤ ᠭᠤᠷᠪᠠᠨ ᠬᠥᠪᠡᠭᠦᠨ᠂ ᠨᠢᠭᠡ ᠥᠬᠢᠨ ᠲᠥᠷᠥᠪᠡ᠃ ᠥᠬᠢᠨ ᠨᠢ ᠲᠠᠮᠠᠷ ᠭᠡᠳᠡᠭ ᠪᠥᠭᠡᠳ ᠭᠣᠶᠣ ᠦᠵᠡᠰᠬᠦᠯᠡᠩ ᠪᠠᠢᠪᠠ᠃

28 ᠢᠩᠭᠢᠭᠡᠳ ᠠᠪᠰᠠᠯᠣᠮ ᠶᠧᠷᠦ᠋ᠰᠠᠯᠧᠮ ᠳᠤ ᠪᠦᠲᠦᠨ ᠬᠣᠶᠠᠷ ᠵᠢᠯ ᠠᠮᠢᠳᠤᠷᠠᠬᠤ ᠳᠠᠭᠠᠨ ᠬᠠᠭᠠᠨ ᠤ ᠴᠢᠷᠠᠢ ᠶᠢ ᠨᠢᠭᠡ ᠴᠤ ᠤᠳᠠᠭ᠎ᠠ ᠬᠠᠷᠠᠭᠰᠠᠨ ᠦᠭᠡᠢ᠃ 29 ᠠᠪᠰᠠᠯᠣᠮ ᠥᠪᠡᠷ ᠦᠨ ᠢᠶᠠᠨ ᠡᠮᠦᠨ᠎ᠡ ᠶᠣᠶᠠᠪ ᠢ ᠬᠠᠭᠠᠨ ᠤᠷᠤᠭᠤ ᠢᠯᠡᠭᠡᠬᠦ ᠭᠡᠵᠦ ᠶᠣᠶᠠᠪ ᠲᠤ ᠬᠥᠮᠦᠨ ᠶᠠᠪᠤᠭᠤᠯᠤᠭᠰᠠᠨ ᠪᠣᠯᠪᠠᠴᠤ ᠲᠡᠷᠡ ᠢᠷᠡᠭᠰᠡᠨ ᠦᠭᠡᠢ᠃ ᠠᠪᠰᠠᠯᠣᠮ ᠬᠣᠶᠠᠳᠠᠬᠢ ᠤᠳᠠᠭ᠎ᠠ ᠪᠠᠨ ᠬᠥᠮᠦᠨ ᠶᠠᠪᠤᠭᠤᠯᠬᠤ ᠳᠤ ᠴᠤ ᠲᠡᠷᠡ ᠢᠷᠡᠬᠦ ᠦᠭᠡᠢ ᠪᠠᠢᠪᠠ᠃ 30 ᠲᠡᠢᠮᠦ ᠡᠴᠡ ᠠᠪᠰᠠᠯᠣᠮ ᠵᠠᠷᠤᠴᠠ ᠨᠠᠷ ᠲᠠᠭᠠᠨ᠄ 《ᠬᠠᠷᠠ᠂ ᠮᠠᠨ ᠤ ᠲᠠᠯᠠᠪᠠᠢ ᠶᠢᠨ ᠬᠠᠵᠠᠭᠤ ᠳᠤ ᠶᠣᠶᠠᠪ ᠤᠨ ᠲᠠᠯᠠᠪᠠᠢ ᠪᠠᠢᠳᠠᠭ ᠪᠥᠭᠡᠳ ᠲᠡᠨᠳᠡ ᠲᠡᠭᠦᠨ ᠦ ᠲᠠᠷᠢᠭᠰᠠᠨ ᠠᠷᠪᠠᠢ ᠪᠠᠢᠨ᠎ᠠ᠃ ᠲᠠ ᠨᠠᠷ ᠲᠡᠨᠳᠡ ᠣᠴᠢᠭᠠᠳ ᠲᠡᠭᠦᠨ ᠢ ᠨᠢ ᠭᠠᠯᠳᠠ》 ᠭᠡᠬᠦ ᠳᠦ᠂ ᠠᠪᠰᠠᠯᠣᠮ ᠤᠨ ᠵᠠᠷᠤᠴᠠ ᠨᠠᠷ ᠲᠡᠭᠦᠨ ᠦ ᠲᠠᠯᠠᠪᠠᠢ ᠳᠤ ᠭᠠᠯ ᠲᠠᠯᠪᠢᠪᠠ᠃ 31 ᠶᠣᠶᠠᠪ ᠪᠣᠰᠴᠤ᠂ ᠠᠪᠰᠠᠯᠣᠮ ᠤᠨ ᠭᠡᠷ ᠲᠦ ᠣᠴᠢᠭᠠᠳ ᠲᠡᠭᠦᠨ ᠳᠦ᠄ 《ᠲᠠᠨ ᠤ ᠵᠠᠷᠤᠴᠠ ᠨᠠᠷ ᠶᠠᠭᠤᠨ ᠳᠤ ᠮᠢᠨᠦ ᠲᠠᠯᠠᠪᠠᠢ ᠶᠢ ᠭᠠᠯᠳᠠᠭᠰᠠᠨ ᠪᠤᠢ︖》 ᠭᠡᠰᠡᠨ ᠳᠦ᠂ 32 ᠠᠪᠰᠠᠯᠣᠮ ᠶᠣᠶᠠᠪ ᠲᠤ᠄ 《ᠬᠠᠷᠠ᠂ ᠪᠢ ᠲᠠᠨ ᠤᠷᠤᠭᠤ ᠬᠥᠮᠦᠨ ᠶᠠᠪᠤᠭᠤᠯᠵᠤ ᠳᠠᠭᠤᠳᠠᠭᠤᠯᠤᠭᠰᠠᠨ ᠪᠢᠰᠢ ᠤᠤ︖ ᠲᠠᠨ ᠢ ᠬᠠᠭᠠᠨ ᠤᠷᠤᠭᠤ ᠢᠯᠡᠭᠡᠨ᠄ 〈ᠶᠠᠭᠤᠨ ᠳᠤ ᠨᠠᠮᠠᠶᠢ ᠭᠧᠱᠦ᠋ᠷ ᠡᠴᠡ ᠠᠪᠴᠢᠷᠠᠭᠤᠯᠤᠭᠰᠠᠨ ᠪᠤᠢ︖ ᠲᠡᠨᠳᠡ ᠪᠠᠢᠬᠤ ᠨᠢ ᠨᠠᠳᠠ ᠳᠤ ᠳᠡᠭᠡᠷ᠎ᠡ ᠰᠠᠨ〉 ᠭᠡᠵᠦ ᠬᠡᠯᠡᠭᠦᠯᠬᠦ ᠭᠡᠰᠡᠨ ᠶᠤᠮ᠃ ᠣᠳᠣ ᠴᠤ ᠪᠢ ᠬᠠᠭᠠᠨ ᠤ ᠴᠢᠷᠠᠢ ᠶᠢ ᠬᠠᠷᠠᠮᠠᠷ ᠪᠠᠢᠨ᠎ᠠ᠂ ᠬᠡᠷᠪᠡ ᠨᠠᠳᠠ ᠳᠤ ᠭᠡᠮ ᠪᠤᠷᠤᠭᠤ ᠪᠠᠢᠪᠠᠯ᠂ ᠲᠡᠷᠡ ᠨᠠᠮᠠᠶᠢ ᠠᠯᠠᠵᠤ ᠪᠣᠯᠣᠨ᠎ᠠ》 ᠭᠡᠪᠡ᠃ 33 ᠶᠣᠶᠠᠪ ᠬᠠᠭᠠᠨ ᠳᠡᠭᠡᠷ᠎ᠡ ᠣᠴᠢᠵᠤ ᠳᠤᠭᠤᠯᠭᠠᠭᠰᠠᠨ ᠳᠤ᠂ ᠬᠠᠭᠠᠨ ᠠᠪᠰᠠᠯᠣᠮ ᠢ ᠳᠠᠭᠤᠳᠠᠵᠤ ᠢᠷᠡᠭᠦᠯᠪᠡ᠃ ᠠᠪᠰᠠᠯᠣᠮ ᠬᠠᠭᠠᠨ ᠳᠤ ᠪᠠᠷᠠᠭᠠᠯᠬᠠᠵᠤ᠂ ᠬᠠᠭᠠᠨ ᠤ ᠡᠮᠦᠨ᠎ᠡ ᠨᠢᠭᠤᠷ ᠢᠶᠠᠨ ᠭᠠᠵᠠᠷ ᠲᠤ ᠬᠦᠷᠭᠡᠨ ᠮᠥᠷᠭᠥᠭᠰᠡᠨ ᠳᠦ᠂ ᠬᠠᠭᠠᠨ ᠠᠪᠰᠠᠯᠣᠮ ᠢ ᠦᠨᠦᠰᠪᠡ᠃