ᠬᠣᠶᠠᠳᠤᠭᠠᠷ ᠰᠠᠮᠦ᠋ᠶᠧᠯ ᠨᠠᠢ᠌ᠮᠠ
ᠳ᠋ᠠᠸᠢᠳ᠋ ᠤᠨ ᠢᠯᠠᠯᠲᠠ
1 ᠡᠭᠦᠨ ᠦ ᠳᠠᠷᠠᠭ᠎ᠠ ᠳ᠋ᠠᠸᠢᠳ᠋ ᠹᠢᠯᠢᠰᠲ᠋ᠴᠦᠳ ᠢ ᠴᠣᠬᠢᠵᠤ ᠡᠷᠬᠡᠰᠢᠶᠡᠭᠡᠳ᠂ ᠭᠠᠷ ᠠᠴᠠ ᠨᠢ ᠮᠧᠲ᠋ᠧᠭ ᠠᠮᠮᠠ ᠶᠢ ᠪᠤᠯᠢᠶᠠᠨ ᠠᠪᠤᠯ᠎ᠠ᠃
2 ᠳ᠋ᠠᠸᠢᠳ᠋ ᠮᠣᠶᠠᠪᠴᠤᠳ ᠢ ᠴᠤ ᠴᠣᠬᠢᠨ ᠠᠪᠴᠤ᠂ ᠲᠡᠳᠡᠨ ᠢ ᠭᠠᠵᠠᠷ ᠲᠤ ᠬᠡᠪᠲᠡᠭᠦᠯᠵᠦ ᠪᠠᠢᠭᠠᠳ ᠪᠥᠰ ᠱᠤᠭᠤᠮ ᠢᠶᠠᠷ ᠬᠡᠮᠵᠢᠨ᠂ ᠬᠣᠶᠠᠷ ᠱᠤᠭᠤᠮ ᠢᠶᠠᠷ ᠬᠡᠮᠵᠢᠭᠦᠯᠦᠭᠰᠡᠨ ᠢ ᠨᠢ ᠴᠠᠭᠠᠵᠠᠯᠠᠵᠤ᠂ ᠨᠢᠭᠡ ᠪᠦᠲᠦᠨ ᠱᠤᠭᠤᠮ ᠢᠶᠠᠷ ᠬᠡᠮᠵᠢᠭᠦᠯᠦᠭᠰᠡᠨ ᠢ ᠨᠢ ᠠᠮᠢᠳᠤ ᠦᠯᠡᠳᠡᠭᠡᠪᠡ᠃ ᠲᠡᠢᠨ ᠬᠦ ᠮᠣᠶᠠᠪᠴᠤᠳ ᠳ᠋ᠠᠸᠢᠳ᠋ ᠤᠨ ᠵᠠᠷᠤᠴᠠ ᠪᠣᠯᠵᠤ᠂ ᠠᠯᠪᠠ ᠭᠤᠪᠴᠢᠭᠤᠷ ᠲᠥᠯᠥᠳᠡᠭ ᠪᠣᠯᠪᠠ᠃
3 ᠳ᠋ᠠᠸᠢᠳ᠋ ᠽᠣᠪᠠ ᠶᠢᠨ ᠬᠠᠭᠠᠨ ᠷᠧᠬᠣᠪ ᠤᠨ ᠬᠦᠦ ᠬᠠᠳᠠᠳᠧᠽᠧᠷ ᠢ ᠴᠤ ᠡᠶᠦ᠋ᠹᠷᠠᠲ᠋ᠧᠰ ᠮᠥᠷᠡᠨ ᠦ ᠬᠥᠨᠳᠡᠢ ᠳᠦ ᠨᠣᠶᠠᠷᠬᠠᠯ ᠢᠶᠠᠨ ᠰᠡᠷᠭᠦᠭᠡᠬᠦ ᠪᠡᠷ ᠢᠷᠡᠬᠦ ᠳᠦᠨᠢ ᠴᠣᠬᠢᠪᠠ᠃ 4 ᠳ᠋ᠠᠸᠢᠳ᠋ ᠲᠡᠭᠦᠨ ᠦ ᠮᠢᠩ᠋ᠭ᠎ᠠ ᠳᠣᠯᠣᠭᠠᠨ ᠵᠠᠭᠤᠨ ᠮᠣᠷᠢᠲᠠᠨ᠂ ᠬᠣᠶᠠᠷ ᠲᠦᠮᠡᠨ ᠶᠠᠪᠠᠭᠠᠨ ᠴᠡᠷᠢᠭ ᠢ ᠣᠯᠵᠠᠯᠠᠨ ᠠᠪᠴᠤ᠂ ᠲᠡᠷᠭᠡᠨ ᠦ ᠮᠣᠷᠢᠳ ᠠᠴᠠ ᠵᠠᠭᠤ ᠶᠢ ᠨᠢ ᠦᠯᠡᠳᠡᠭᠡᠵᠦ᠂ ᠪᠤᠰᠤᠳ ᠤᠨ ᠬᠢᠨᠢ ᠰᠢᠷᠪᠥᠰᠥ ᠶᠢ ᠲᠠᠰᠤᠯᠪᠠ᠃ 5 ᠳ᠋ᠠᠮᠠᠰᠺᠦ᠋ᠰ ᠤᠨ ᠠᠷᠠᠮᠴᠤᠳ ᠽᠣᠪᠠ ᠶᠢᠨ ᠬᠠᠭᠠᠨ ᠬᠠᠳᠠᠳᠧᠽᠧᠷ ᠲᠤ ᠲᠤᠰᠠᠯᠠᠬᠤ ᠪᠠᠷ ᠢᠷᠡᠬᠦ ᠳᠦ᠂ ᠳ᠋ᠠᠸᠢᠳ᠋ ᠬᠣᠶᠠᠷ ᠲᠦᠮᠡ ᠬᠣᠶᠠᠷ ᠮᠢᠩ᠋ᠭᠠᠨ ᠠᠷᠠᠮ ᠬᠥᠮᠦᠨ ᠢ ᠰᠥᠨᠥᠭᠡᠪᠡ᠃ 6 ᠳ᠋ᠠᠸᠢᠳ᠋ ᠳ᠋ᠠᠮᠠᠰᠺᠦ᠋ᠰ ᠳᠠᠬᠢ ᠠᠷᠠᠮᠴᠤᠳ ᠤᠨ ᠳᠤᠮᠳᠠ ᠴᠡᠷᠢᠭ ᠠᠩ᠋ᠭᠢ ᠪᠠᠨ ᠪᠠᠢᠷᠢᠯᠠᠭᠤᠯᠪᠠ᠃ ᠲᠡᠢᠨ ᠬᠦ ᠠᠷᠠᠮᠴᠤᠳ ᠳ᠋ᠠᠸᠢᠳ᠋ ᠤᠨ ᠵᠠᠷᠤᠴᠠ ᠪᠣᠯᠵᠤ ᠠᠯᠪᠠ ᠭᠤᠪᠴᠢᠭᠤᠷ ᠲᠥᠯᠥᠳᠡᠭ ᠪᠣᠯᠵᠠᠢ᠃ ᠶᠣᠬᠣᠸᠠ ᠳ᠋ᠠᠸᠢᠳ᠋ ᠤᠨ ᠶᠠᠪᠤᠭᠰᠠᠨ ᠭᠠᠵᠠᠷ ᠪᠣᠯᠭᠠᠨ ᠳᠤ ᠢᠯᠠᠯᠲᠠ ᠶᠢ ᠰᠣᠶᠣᠷᠬᠠᠵᠤ ᠪᠠᠢᠯ᠎ᠠ᠃ 7 ᠳ᠋ᠠᠸᠢᠳ᠋ ᠬᠠᠳᠠᠳᠧᠽᠧᠷ ᠤᠨ ᠲᠦᠰᠢᠮᠡᠳ ᠡᠴᠡ ᠠᠯᠲᠠᠨ ᠪᠠᠮᠪᠠᠢ ᠨᠤᠭᠤᠳ ᠢ ᠨᠢ ᠪᠤᠯᠢᠶᠠᠵᠤ᠂ ᠶᠧᠷᠦ᠋ᠰᠠᠯᠧᠮ ᠳᠤ ᠠᠪᠴᠢᠷᠠᠯ᠎ᠠ᠃ 8 ᠳ᠋ᠠᠸᠢᠳ᠋ ᠬᠠᠭᠠᠨ ᠪᠠᠰᠠ ᠪᠧᠲ᠋ᠠ᠂ ᠪᠧᠷᠣᠲ᠋ᠠᠢ ᠵᠡᠷᠭᠡ ᠬᠠᠳᠠᠳᠧᠽᠧᠷ ᠤᠨ ᠬᠣᠲᠠ ᠨᠤᠭᠤᠳ ᠠᠴᠠ ᠦᠯᠡᠮᠵᠢ ᠬᠡᠮᠵᠢᠶᠡᠨ ᠦ ᠬᠦᠷᠡᠯ ᠠᠪᠴᠢᠷᠠᠵᠠᠢ᠃
9 ᠬᠠᠳᠠᠳᠧᠽᠧᠷ ᠤᠨ ᠬᠠᠮᠤᠭ ᠴᠡᠷᠢᠭ ᠢ ᠳ᠋ᠠᠸᠢᠳ᠋ ᠪᠤᠲᠠ ᠴᠣᠬᠢᠭᠰᠠᠨ ᠲᠤᠬᠠᠢ ᠬᠠᠮᠠᠲ ᠤᠨ ᠬᠠᠭᠠᠨ ᠲᠣᠢ ᠰᠣᠨᠣᠰᠣᠭᠠᠳ᠂ 10 ᠬᠦᠦ ᠶᠣᠷᠠᠮ ᠢᠶᠠᠨ ᠳ᠋ᠠᠸᠢᠳ᠋ ᠬᠠᠭᠠᠨ ᠳᠤ ᠢᠯᠡᠭᠡᠵᠦ᠂ ᠲᠡᠭᠦᠨ ᠦ ᠠᠮᠤᠷ ᠢ ᠡᠷᠢᠭᠦᠯᠦᠨ ᠥᠪᠡᠷ ᠲᠡᠢ ᠨᠢ ᠲᠤᠯᠤᠯᠳᠤᠳᠠᠭ ᠪᠠᠢᠭᠰᠠᠨ ᠬᠠᠳᠠᠳᠧᠽᠧᠷ ᠲᠠᠢ ᠳᠠᠢᠲᠤᠵᠤ ᠢᠯᠠᠭᠰᠠᠨ ᠳᠤᠨᠢ ᠪᠠᠶᠠᠷ ᠬᠦᠷᠭᠡᠭᠦᠯᠪᠡ᠃ ᠶᠣᠷᠠᠮ ᠠᠯᠲᠠ᠂ ᠮᠥᠩᠭᠥ᠂ ᠬᠦᠷᠡᠯ ᠡᠳ᠋ ᠵᠦᠢᠯᠡᠰ ᠢ ᠭᠠᠷ ᠲᠠᠭᠠᠨ ᠠᠪᠴᠢᠷᠠᠭᠰᠠᠨ ᠳᠤ᠂ 11 ᠳ᠋ᠠᠸᠢᠳ᠋ ᠬᠠᠭᠠᠨ ᠡᠳᠡᠭᠡᠷ ᠢ ᠴᠤ ᠶᠣᠬᠣᠸᠠ ᠳᠤ ᠵᠣᠷᠢᠭᠤᠯᠪᠠ᠃ ᠲᠡᠷᠡ ᠪᠡᠷ ᠨᠢᠭᠡᠨᠲᠡ ᠡᠵᠡᠯᠡᠭᠰᠡᠨ ᠪᠦᠬᠦ ᠦᠨᠳᠦᠰᠦᠲᠡᠨ ᠡᠴᠡ᠂ 12 ᠲᠤᠬᠠᠢᠯᠠᠪᠠᠯ ᠡᠳᠣᠮ᠂ ᠮᠣᠶᠠᠪ᠂ ᠠᠮᠣᠨᠴᠤᠳ᠂ ᠹᠢᠯᠢᠰᠲ᠋ᠴᠦᠳ᠂ ᠠᠮᠠᠯᠧᠺ ᠠᠴᠠ ᠣᠯᠣᠭᠰᠠᠨ ᠠᠯᠲᠠ ᠮᠥᠩᠭᠥ ᠶᠢ ᠽᠣᠪᠠ ᠶᠢᠨ ᠬᠠᠭᠠᠨ ᠷᠧᠬᠣᠪ ᠤᠨ ᠬᠦᠦ ᠬᠠᠳᠠᠳᠧᠽᠧᠷ ᠡᠴᠡ ᠣᠯᠣᠭᠰᠠᠨ ᠣᠯᠵᠠ ᠲᠠᠢ ᠬᠠᠮᠲᠤ ᠵᠣᠷᠢᠭᠤᠯᠵᠠᠢ᠃
13 ᠳ᠋ᠠᠸᠢᠳ᠋ ᠳᠠᠪᠤᠰᠤᠲᠤ ᠬᠥᠨᠳᠡᠢ ᠳᠦ ᠲᠦᠮᠡ ᠨᠠᠢ᠌ᠮᠠᠨ ᠮᠢᠩ᠋ᠭᠠᠨ ᠡᠳᠣᠮ ᠬᠥᠮᠦᠨ ᠢ ᠪᠤᠲᠠ ᠴᠣᠬᠢᠵᠤ ᠪᠤᠴᠠᠭᠰᠠᠨ ᠢᠶᠠᠷ ᠠᠯᠳᠠᠷ ᠨᠡᠷ᠎ᠡ ᠪᠡᠨ ᠳᠠᠭᠤᠷᠢᠰᠬᠠᠪᠠ᠃ 14 ᠲᠡᠷᠡ ᠪᠡᠷ ᠡᠳᠣᠮ ᠳᠠᠶᠠᠭᠠᠷ ᠴᠡᠷᠢᠭ ᠠᠩ᠋ᠭᠢ ᠪᠠᠨ ᠪᠠᠢᠷᠢᠯᠠᠭᠤᠯᠪᠠ᠃ ᠲᠡᠷᠡ ᠪᠡᠷ ᠡᠳᠣᠮ ᠳᠠᠶᠠᠭᠠᠷ ᠴᠡᠷᠢᠭ ᠠᠩ᠋ᠭᠢ ᠪᠠᠨ ᠪᠠᠢᠷᠢᠯᠠᠭᠤᠯᠤᠭᠰᠠᠨ ᠢᠶᠠᠷ ᠡᠳᠣᠮᠴᠤᠳ ᠪᠦᠭᠦᠳᠡᠭᠡᠷ ᠳ᠋ᠠᠸᠢᠳ᠋ ᠤᠨ ᠵᠠᠷᠤᠴᠠ ᠪᠣᠯᠪᠠ᠃ ᠶᠣᠬᠣᠸᠠ ᠳ᠋ᠠᠸᠢᠳ᠋ ᠤᠨ ᠶᠠᠪᠤᠭᠰᠠᠨ ᠭᠠᠵᠠᠷ ᠪᠣᠯᠭᠠᠨ ᠳᠤ ᠢᠯᠠᠯᠲᠠ ᠶᠢ ᠰᠣᠶᠣᠷᠬᠠᠵᠤ ᠪᠠᠢᠯ᠎ᠠ᠃
ᠳ᠋ᠠᠸᠢᠳ᠋ ᠤᠨ ᠲᠦᠰᠢᠮᠡᠳ
15 ᠳ᠋ᠠᠸᠢᠳ᠋ ᠪᠦᠬᠦ ᠢᠰᠷᠧᠯ ᠢ ᠬᠠᠭᠠᠨᠴᠢᠯᠠᠵᠤ᠂ ᠪᠦᠬᠦ ᠠᠷᠠᠳ ᠲᠦᠮᠡᠨ ᠢᠶᠡᠨ ᠵᠥᠪ ᠰᠢᠳᠤᠷᠭᠤ ᠪᠠᠷ ᠵᠠᠰᠠᠭᠯᠠᠵᠤ ᠪᠠᠢᠯ᠎ᠠ᠃ 16 ᠴᠡᠷᠢᠭ ᠤᠨ ᠵᠠᠩᠵᠤᠨ ᠨᠢ ᠽᠧᠷᠣᠢᠶ᠎ᠠ ᠶᠢᠨ ᠬᠦᠦ ᠶᠣᠶᠠᠪ᠂ ᠰᠤᠳᠤᠷᠴᠢ ᠨᠢ ᠠᠾᠢᠯᠦ᠋ᠳ᠋ ᠤᠨ ᠬᠦᠦ ᠶᠧᠬᠣᠱᠠᠹᠠᠲ᠂ 17 ᠲᠠᠬᠢᠯᠴᠢᠳ ᠨᠢ ᠠᠾᠢᠲ᠋ᠦ᠋ᠪ ᠤᠨ ᠬᠦᠦ ᠽᠠᠳᠣᠺ᠂ ᠠᠪᠢᠶᠠᠲ᠋ᠠᠷ ᠤᠨ ᠬᠦᠦ ᠠᠾᠢᠮᠧᠯᠧᠺ ᠨᠠᠷ᠂ ᠪᠢᠴᠢᠭᠡᠴᠢ ᠨᠢ ᠰᠧᠷᠠᠢᠶ᠎ᠠ᠂ 18 ᠺᠧᠷᠧᠲ᠋ᠴᠦᠳ ᠪᠣᠯᠣᠨ ᠫᠧᠯᠧᠲ᠋ᠴᠦᠳ ᠦᠨ ᠵᠠᠬᠢᠷᠤᠭᠴᠢ ᠨᠢ ᠶᠧᠬᠣᠷᠠᠢᠳᠠ ᠶᠢᠨ ᠬᠦᠦ ᠪᠧᠨᠠᠢᠶ᠎ᠠ᠂ ᠬᠠᠭᠠᠨ ᠤ ᠵᠥᠪᠯᠡᠭᠴᠢᠳ ᠨᠢ ᠳ᠋ᠠᠸᠢᠳ᠋ ᠤᠨ ᠬᠥᠪᠡᠭᠦᠳ 7 ᠪᠠᠢᠯ᠎ᠠ᠃