ᠬᠣᠶᠠᠳᠤᠭᠠᠷ ᠰᠠᠮᠦ᠋ᠶᠧᠯ ᠠᠷᠪᠠ ᠶᠢᠰᠦ
1 ᠬᠡᠨ ᠨᠢᠭᠡ ᠨᠢ ᠶᠣᠶᠠᠪ ᠲᠤ᠄ 《ᠬᠠᠷ᠎ᠠ᠂ ᠬᠠᠭᠠᠨ ᠠᠪᠰᠠᠯᠣᠮ ᠤᠨ ᠲᠥᠯᠥᠭᠡ ᠤᠬᠢᠯᠠᠨ ᠭᠠᠰᠢᠭᠤᠳᠠᠵᠤ ᠪᠠᠢᠨ᠎ᠠ》 ᠭᠡᠵᠦ ᠮᠡᠳᠡᠭᠳᠡᠪᠡ᠃ 2 ᠬᠠᠭᠠᠨ ᠬᠥᠪᠡᠭᠦᠨ ᠦ ᠪᠠᠨ ᠲᠥᠯᠥᠭᠡ ᠭᠠᠰᠢᠭᠤᠳᠠᠵᠤ ᠪᠠᠢᠭ᠎ᠠ ᠶᠢ ᠠᠷᠠᠳ ᠣᠯᠠᠨ ᠳᠤᠭᠤᠯᠤᠭᠰᠠᠨ ᠠᠴᠠ ᠲᠡᠷᠡ ᠡᠳᠦᠷ ᠦᠨ ᠢᠯᠠᠯᠲᠠ ᠨᠢ ᠬᠠᠮᠤᠭ ᠠᠷᠠᠳ ᠤᠨ ᠡᠮᠭᠡᠨᠢᠯ ᠪᠣᠯᠣᠨ ᠬᠤᠪᠢᠷᠠᠭᠰᠠᠨ ᠪᠠᠢᠯ᠎ᠠ᠃ 3 ᠴᠡᠷᠢᠭ ᠤᠳ ᠲᠡᠷᠡ ᠡᠳᠦᠷ ᠬᠣᠲᠠ ᠳᠤ ᠰᠡᠮᠬᠡᠨ ᠣᠷᠣᠵᠤ ᠢᠷᠡᠪᠡ᠂ ᠲᠡᠳᠡ ᠶᠠᠭ ᠯᠠ ᠲᠤᠯᠤᠯᠳᠤᠭᠠᠨ ᠠᠴᠠ ᠵᠢᠭᠤᠲᠠᠭᠰᠠᠨ ᠢᠴᠢᠭᠦᠷᠢ ᠲᠠᠢ ᠴᠡᠷᠢᠭ ᠮᠡᠲᠦ ᠪᠠᠢᠯ᠎ᠠ᠃ 4 ᠬᠠᠷᠢᠨ ᠬᠠᠭᠠᠨ ᠨᠢᠭᠤᠷ ᠢᠶᠠᠨ ᠪᠦᠲᠡᠭᠡᠨ ᠴᠢᠩᠭ᠍᠎ᠠ ᠳᠠᠭᠤ ᠪᠠᠷ᠄ 《ᠮᠢᠨᠦ ᠬᠦᠦ ᠠᠪᠰᠠᠯᠣᠮ᠂ ᠠᠪᠰᠠᠯᠣᠮ ᠡ᠂ ᠬᠦᠦ ᠮᠢᠨᠢ᠂ ᠬᠦᠦ ᠮᠢᠨᠢ》 ᠭᠡᠭᠰᠡᠭᠡᠷ ᠪᠠᠢᠪᠠ᠃ 5 ᠶᠣᠶᠠᠪ ᠬᠠᠭᠠᠨ ᠤ ᠪᠠᠢᠭ᠎ᠠ ᠭᠡᠷ ᠲᠦ ᠣᠴᠢᠨ᠂ ᠲᠡᠭᠦᠨ ᠳᠦ᠄ 《ᠲᠠᠨ ᠤ ᠵᠠᠷᠤᠴᠠ ᠨᠠᠷ ᠥᠨᠥᠳᠥᠷ ᠲᠠᠨ ᠤ ᠠᠮᠢ ᠪᠣᠯᠣᠨ ᠥᠬᠢᠳ ᠬᠥᠪᠡᠭᠦᠳ᠂ ᠮᠥᠨ ᠡᠬᠡᠨᠡᠷ ᠤᠳ ᠪᠣᠯᠣᠨ ᠲᠠᠲᠠᠪᠤᠷᠢ ᠡᠮᠡᠰ ᠦᠨ ᠴᠢᠨᠢ ᠠᠮᠢ ᠶᠢ ᠠᠪᠤᠷᠠᠭᠰᠠᠨ ᠪᠠᠢᠲᠠᠯ᠎ᠠ᠂ ᠲᠠ ᠪᠦᠬᠦ ᠵᠠᠷᠤᠴᠠ ᠪᠠᠨ ᠢᠴᠢᠭᠦᠷᠢ ᠳᠤ ᠣᠷᠣᠭᠤᠯᠤᠯ᠎ᠠ᠃ 6 ᠲᠠ ᠥᠪᠡᠷ ᠢ ᠲᠠᠨᠢ ᠵᠠᠨᠤᠭᠰᠠᠳ ᠢ ᠬᠠᠢᠷᠠᠯᠠᠵᠤ᠂ ᠥᠪᠡᠷ ᠢ ᠲᠠᠨᠢ ᠬᠠᠢᠷᠠᠯᠠᠭᠰᠠᠳ ᠢ ᠵᠠᠨᠤᠵᠤ ᠪᠠᠢᠨ᠎ᠠ᠃ ᠥᠨᠥᠳᠥᠷ ᠲᠠ ᠵᠠᠩᠵᠤᠨ ᠨᠠᠷ ᠪᠣᠯᠣᠨ ᠵᠠᠷᠤᠴᠠ ᠨᠠᠷ ᠲᠠᠨᠢ ᠥᠪᠡᠷ ᠲᠦ ᠴᠢᠨᠢ ᠶᠠᠭᠤ ᠴᠤ ᠪᠢᠰᠢ ᠭᠡᠳᠡᠭ ᠢ ᠬᠠᠷᠠᠭᠤᠯᠤᠯ᠎ᠠ᠃ ᠬᠡᠷᠪᠡ ᠥᠨᠥᠳᠥᠷ ᠠᠪᠰᠠᠯᠣᠮ ᠠᠮᠢᠳᠤ ᠪᠠᠢᠭᠠᠳ ᠪᠢᠳᠡ ᠪᠦᠭᠦᠳᠡ ᠦᠬᠦᠭᠰᠡᠨ ᠪᠣᠯ᠂ ᠲᠠᠨ ᠤ ᠲᠠᠭᠠᠯᠠᠯ ᠳᠤ ᠨᠡᠢᠴᠡᠬᠦ ᠪᠠᠢᠭᠰᠠᠨ ᠢ ᠪᠢ ᠮᠡᠳᠡᠯ᠎ᠡ᠃ 7 ᠣᠳᠣ ᠲᠠ ᠭᠠᠳᠠᠨ᠎ᠠ ᠭᠠᠷᠴᠤ ᠵᠠᠷᠤᠴᠠ ᠨᠠᠷ ᠢᠶᠠᠨ ᠤᠷᠮᠠᠰᠢᠭᠤᠯᠵᠤ ᠬᠠᠢᠷᠠᠯᠠ᠂ ᠪᠢ ᠶᠣᠬᠣᠸᠠ ᠶᠢᠨ ᠨᠡᠷ᠎ᠡ ᠪᠡᠷ ᠲᠠᠩ᠋ᠭᠠᠷᠢᠭᠯᠠᠶ᠎ᠠ᠃ ᠲᠠ ᠭᠠᠳᠠᠨ᠎ᠠ ᠭᠠᠷᠬᠤ ᠦᠭᠡᠢ ᠪᠣᠯ᠂ ᠥᠨᠥ ᠰᠥᠨᠢ ᠨᠢᠭᠡ ᠬᠥᠮᠦᠨ ᠴᠤ ᠲᠠᠨ ᠲᠠᠢ ᠬᠠᠮᠲᠤ ᠦᠯᠡᠳᠡᠬᠦ ᠦᠭᠡᠢ᠃ ᠲᠡᠭᠡᠭᠡᠳ ᠡᠨᠡ ᠨᠢ ᠵᠠᠯᠠᠭᠤ ᠪᠠᠢᠬᠤ ᠠᠴᠠ ᠲᠠᠨᠢ ᠡᠳᠦᠭᠡ ᠳᠦ ᠬᠦᠷᠲᠡᠯ᠎ᠡ ᠲᠠᠨ ᠳᠤ ᠤᠴᠠᠷᠠᠭᠰᠠᠨ ᠠᠯᠢᠪᠠ ᠪᠡᠷᠬᠡᠰᠢᠶᠡᠯ ᠡᠴᠡ ᠬᠡᠴᠡᠭᠦᠦ ᠪᠣᠯᠣᠨ᠎ᠠ》 ᠭᠡᠪᠡ᠃ 8 ᠢᠩᠭᠢᠭᠡᠳ ᠬᠠᠭᠠᠨ ᠪᠣᠰᠴᠤ᠂ ᠬᠠᠭᠠᠯᠭᠠᠨ ᠤ ᠳᠡᠷᠭᠡᠳᠡ ᠰᠠᠭᠤᠪᠠ᠃ ᠬᠠᠭᠠᠨ ᠤ ᠬᠠᠭᠠᠯᠭᠠᠨ ᠤ ᠳᠡᠷᠭᠡᠳᠡ ᠰᠠᠭᠤᠵᠤ ᠪᠠᠢᠬᠤ ᠶᠢ ᠴᠡᠷᠢᠭ ᠤᠳ ᠰᠣᠨᠣᠰᠣᠭᠠᠳ ᠪᠦᠭᠦᠳᠡᠭᠡᠷ ᠬᠠᠭᠠᠨ ᠤ ᠡᠮᠦᠨ᠎ᠡ ᠢᠷᠡᠵᠡᠭᠡᠪᠡ᠃ ᠲᠡᠷᠡ ᠦᠶ᠎ᠡ ᠳᠦ ᠢᠰᠷᠧᠯ ᠤᠨ ᠬᠥᠮᠦᠨ ᠪᠦᠷᠢ ᠭᠡᠷ ᠭᠡᠷ ᠤᠷᠤᠭᠤ ᠪᠠᠨ ᠵᠢᠭᠤᠲᠠᠭᠰᠠᠨ ᠪᠠᠢᠪᠠ᠃
ᠳ᠋ᠠᠸᠢᠳ᠋ ᠣᠷᠳᠣᠨ ᠳᠠᠭᠠᠨ ᠪᠤᠴᠠᠬᠤ ᠪᠠᠷ ᠪᠣᠯᠪᠠ
9 ᠢᠰᠷᠧᠯ ᠤᠨ ᠣᠪᠣᠭ ᠪᠦᠷᠢ ᠶᠢᠨ ᠬᠣᠭᠣᠷᠣᠨᠳᠣ ᠬᠥᠮᠦᠰ ᠮᠠᠷᠭᠤᠯᠳᠤᠨ᠄ 《ᠳ᠋ᠠᠸᠢᠳ᠋ ᠬᠠᠭᠠᠨ ᠪᠢᠳᠡᠨ ᠢ ᠳᠠᠢᠰᠤᠨ ᠨᠤᠭᠤᠳ ᠤᠨ ᠭᠠᠷ ᠠᠴᠠ ᠭᠡᠲᠦᠯᠭᠡᠭᠰᠡᠨ᠂ ᠹᠢᠯᠢᠰᠲ᠋ᠴᠦᠳ ᠦᠨ ᠰᠠᠪᠠᠷ ᠠᠴᠠ ᠠᠪᠤᠷᠠᠭᠰᠠᠨ ᠨᠢ ᠴᠤ ᠲᠡᠷᠡ ᠶᠤᠮ᠃ ᠲᠡᠷᠡ ᠠᠪᠰᠠᠯᠣᠮ ᠠᠴᠠ ᠪᠣᠯᠵᠤ ᠡᠨᠡ ᠭᠠᠵᠠᠷ ᠠᠴᠠ ᠵᠢᠭᠤᠲᠠᠭᠰᠠᠨ᠂ 10 ᠪᠢᠳᠡᠨ ᠦ ᠲᠣᠰᠣᠯᠠᠵᠤ ᠡᠷᠭᠦᠮᠵᠢᠯᠡᠭᠰᠡᠨ ᠠᠪᠰᠠᠯᠣᠮ ᠴᠤ ᠲᠤᠯᠤᠯᠳᠤᠭᠠᠨ ᠳᠤ ᠡᠷᠡᠰᠲᠡᠯᠡ᠂ ᠣᠳᠣ ᠬᠠᠭᠠᠨ ᠢ ᠪᠤᠴᠠᠭᠠᠨ ᠠᠪᠴᠢᠷᠠᠬᠤ ᠲᠠᠯ᠎ᠠ ᠪᠠᠷ ᠳᠠᠭᠤ ᠦᠭᠡᠢ ᠪᠠᠢᠭᠠᠳ ᠪᠠᠢᠬᠤ ᠶᠤᠮ ᠤᠤ︖》 ᠭᠡᠵᠡᠭᠡᠵᠦ ᠪᠠᠢᠪᠠ᠃ 11 ᠲᠡᠢᠮᠦ ᠡᠴᠡ ᠳ᠋ᠠᠸᠢᠳ᠋ ᠬᠠᠭᠠᠨ ᠲᠠᠬᠢᠯᠴᠢ ᠽᠠᠳᠣᠺ᠂ ᠠᠪᠢᠶᠠᠲ᠋ᠠᠷ ᠨᠠᠷ ᠲᠤ ᠦᠭᠡ ᠶᠠᠪᠤᠭᠤᠯᠵᠤ᠄ 《ᠶᠦᠳᠠ ᠶᠢᠨ ᠠᠬᠠᠮᠠᠳ ᠤᠳ ᠲᠤ ᠢᠩᠭᠢᠵᠦ ᠬᠡᠯᠡ᠄ ᠲᠠ ᠨᠠᠷ ᠶᠠᠭᠤᠨ ᠳᠤ ᠬᠠᠭᠠᠨ ᠢᠶᠠᠨ ᠣᠷᠳᠣᠨ ᠳᠤᠨᠢ ᠪᠤᠴᠠᠭᠠᠨ ᠠᠪᠴᠢᠷᠠᠬᠤ ᠲᠠᠯ᠎ᠠ ᠪᠠᠷ ᠬᠣᠢᠰᠢ ᠰᠠᠭᠤᠨ᠎ᠠ ᠪᠤᠢ︖ ᠪᠦᠬᠦ ᠢᠰᠷᠧᠯ ᠤᠨ ᠰᠠᠨᠠᠭ᠎ᠠ ᠬᠡᠳᠦᠢᠨᠡᠢ ᠬᠠᠭᠠᠨ ᠤ ᠣᠷᠳᠣᠨ ᠳᠤ ᠬᠦᠷᠦᠭᠰᠡᠨ ᠪᠠᠢᠨ᠎ᠠ᠃ 12 ᠲᠠ ᠨᠠᠷ ᠪᠣᠯ ᠮᠢᠨᠦ ᠠᠬ᠎ᠠ ᠳᠡᠭᠦᠦᠰ᠂ ᠶᠠᠰᠤ ᠮᠢᠬᠠᠨ ᠤ ᠮᠢᠨᠢ ᠲᠠᠰᠤᠷᠬᠠᠢ᠃ ᠶᠠᠭᠤᠨ ᠳᠤ ᠬᠠᠭᠠᠨ ᠢ ᠪᠤᠴᠠᠭᠠᠨ ᠠᠪᠴᠢᠷᠠᠬᠤ ᠳᠤ ᠬᠣᠢᠰᠢ ᠰᠠᠭᠤᠨ᠎ᠠ ᠪᠤᠢ︖ 13 ᠪᠠᠰᠠ ᠠᠮᠠᠰᠠ ᠳᠤ ᠬᠡᠯᠡ᠄ ᠴᠢ ᠮᠢᠨᠦ ᠶᠠᠰᠤ ᠮᠢᠬᠠᠨ ᠤ ᠲᠠᠰᠤᠷᠬᠠᠢ ᠪᠢᠰᠢ ᠤᠤ︖ ᠬᠡᠷᠪᠡ ᠪᠢ ᠶᠣᠶᠠᠪ ᠤᠨ ᠣᠷᠣᠨ ᠳᠤ ᠴᠢᠮᠠᠶᠢ ᠴᠡᠷᠢᠭ ᠤᠨ ᠵᠠᠩᠵᠤᠨ ᠢᠶᠠᠷ ᠲᠣᠮᠢᠯᠠᠬᠤ ᠦᠭᠡᠢ᠂ ᠦᠷᠭᠦᠯᠵᠢ ᠥᠪᠡᠷ ᠦᠨ ᠢᠶᠠᠨ ᠡᠮᠦᠨ᠎ᠡ ᠪᠠᠢᠯᠭᠠᠬᠤ ᠦᠭᠡᠢ ᠪᠣᠯ ᠪᠤᠷᠬᠠᠨ ᠨᠠᠮᠠᠶᠢ ᠬᠠᠲᠠᠭᠤ ᠰᠢᠳᠬᠡᠬᠦ ᠪᠣᠯᠲᠤᠭᠠᠢ》 ᠭᠡᠪᠡ᠃ 14 ᠲᠡᠢᠨ ᠬᠦ ᠳ᠋ᠠᠸᠢᠳ᠋ ᠬᠠᠮᠤᠭ ᠶᠦᠳᠠᠴᠤᠳ ᠤᠨ ᠰᠡᠳᠬᠢᠯ ᠢ ᠨᠢᠭᠡ ᠬᠥᠮᠦᠨ ᠦ ᠬᠢ ᠮᠡᠲᠦ ᠥᠪᠡᠷ ᠤᠷᠤᠭᠤ ᠪᠠᠨ ᠬᠠᠨᠳᠤᠭᠤᠯᠪᠠ᠃ ᠶᠦᠳᠠᠴᠤᠳ ᠬᠠᠭᠠᠨ ᠳᠤ ᠦᠭᠡ ᠢᠯᠡᠭᠡᠨ᠄ 《ᠲᠠ ᠵᠠᠷᠤᠴᠠ ᠨᠠᠷ ᠲᠠᠢ ᠪᠠᠨ ᠬᠠᠮᠲᠤ ᠪᠤᠴᠠᠵᠤ ᠢᠷᠡᠭᠡᠴᠢ》 ᠭᠡᠪᠡ᠂ 15 ᠲᠡᠭᠡᠭᠡᠳ ᠬᠠᠭᠠᠨ ᠪᠤᠴᠠᠵᠤ᠂ ᠶᠣᠷᠳᠠᠨ ᠭᠣᠣᠯ ᠳᠤ ᠬᠦᠷᠦᠯ᠎ᠡ᠃ ᠶᠦᠳᠠᠴᠤᠳ ᠬᠠᠭᠠᠨ ᠢ ᠤᠭᠲᠤᠨ᠂ ᠶᠣᠷᠳᠠᠨ ᠭᠣᠣᠯ ᠢ ᠭᠠᠲᠤᠯᠤᠭᠤᠯᠬᠤ ᠶᠢᠨ ᠲᠤᠯᠠᠳᠠ ᠭᠢᠯᠭᠠᠯ ᠳᠤ ᠬᠦᠷᠴᠦ ᠢᠷᠡᠭᠰᠡᠨ ᠪᠠᠢᠪᠠ᠃
16 ᠪᠠᠾᠦᠷᠢᠮ ᠳᠠᠬᠢ ᠪᠢᠨᠶᠠᠮᠢᠨ ᠬᠥᠮᠦᠨ ᠭᠧᠷᠠ ᠶᠢᠨ ᠬᠥᠪᠡᠭᠦᠨ ᠱᠢᠮᠧᠶᠢ ᠴᠤ ᠳ᠋ᠠᠸᠢᠳ᠋ ᠬᠠᠭᠠᠨ ᠢ ᠤᠭᠲᠤᠬᠤ ᠪᠠᠷ ᠶᠦᠳᠠᠴᠤᠳ ᠲᠠᠢ ᠬᠠᠮᠲᠤ ᠶᠠᠭᠠᠷᠠᠪᠴᠢᠯᠠᠨ ᠪᠠᠭᠤᠵᠤ ᠢᠷᠡᠪᠡ᠃ 17 ᠲᠡᠭᠦᠨ ᠲᠡᠢ ᠬᠠᠮᠲᠤ ᠮᠢᠩ᠋ᠭᠠᠨ ᠪᠢᠨᠶᠠᠮᠢᠨ ᠡᠷ᠎ᠡ ᠪᠠᠢᠯ᠎ᠠ᠃ ᠰᠠᠦ᠋ᠯ ᠤᠨ ᠭᠡᠷ ᠦᠨ ᠵᠠᠷᠤᠴᠠ ᠽᠢᠪᠠ ᠴᠤ ᠠᠷᠪᠠᠨ ᠲᠠᠪᠤᠨ ᠬᠥᠪᠡᠭᠦᠨ᠂ ᠬᠣᠷᠢᠨ ᠵᠠᠷᠤᠴᠠ ᠪᠠᠨ ᠳᠠᠭᠠᠭᠤᠯᠤᠨ ᠶᠣᠷᠳᠠᠨ ᠭᠣᠣᠯ ᠢ ᠭᠠᠲᠤᠯᠵᠤ ᠬᠠᠭᠠᠨ ᠤ ᠡᠮᠦᠨ᠎ᠡ ᠢᠷᠡᠪᠡ᠃ 18 ᠲᠡᠷᠡ ᠦᠶ᠎ᠡ ᠳᠦ ᠨᠢᠭᠡᠨ ᠵᠠᠪᠢ ᠬᠠᠭᠠᠨ ᠤ ᠭᠡᠷ ᠦᠨ ᠬᠢᠨ ᠢ ᠭᠠᠲᠤᠯᠤᠭᠤᠯᠬᠤ ᠶᠢᠨ ᠲᠤᠯᠠᠳᠠ᠂ ᠮᠥᠨ ᠲᠡᠭᠦᠨ ᠦ ᠲᠠᠭᠠᠯᠠᠯ ᠳᠤ ᠨᠡᠢᠴᠡᠬᠦ ᠵᠦᠢᠯ ᠢ ᠬᠢᠬᠦ ᠪᠡᠷ ᠭᠠᠲᠤᠯᠵᠤ ᠢᠷᠡᠭᠰᠡᠨ ᠪᠠᠢᠪᠠ᠃
19 ᠲᠡᠭᠦᠨ ᠳᠦ᠄ 《ᠡᠵᠡᠨᠲᠡᠨ ᠮᠢᠨᠢ᠂ ᠮᠢᠨᠦ ᠭᠡᠮ ᠪᠤᠷᠤᠭᠤ ᠶᠢ ᠪᠦᠦ ᠰᠠᠨᠠᠭᠠᠴᠢ᠃ ᠬᠠᠭᠠᠨᠲᠠᠨ ᠮᠢᠨᠢ᠂ ᠲᠠᠨ ᠢ ᠶᠧᠷᠦ᠋ᠰᠠᠯᠧᠮ ᠡᠴᠡ ᠭᠠᠷᠴᠤ ᠶᠠᠪᠤᠭᠰᠠᠨ ᠲᠡᠷᠡ ᠡᠳᠦᠷ ᠵᠠᠷᠤᠴᠠ ᠮᠢᠨᠦ ᠦᠢᠯᠡᠳᠦᠭᠰᠡᠨ ᠵᠦᠢ ᠪᠤᠰᠤ ᠬᠡᠷᠡᠭ ᠢ ᠰᠠᠨᠠᠭᠠᠨ ᠳᠠᠭᠠᠨ ᠪᠦᠦ ᠣᠷᠣᠭᠤᠯᠵᠤ᠂ ᠵᠢᠷᠦᠬᠡᠨ ᠳᠡᠭᠡᠨ ᠪᠦᠦ ᠬᠠᠳᠠᠭᠠᠯᠠ᠃ 20 ᠵᠠᠷᠤᠴᠠ ᠪᠢ ᠨᠢᠭᠦᠯ ᠦᠢᠯᠡᠳᠦᠭᠰᠡᠨ ᠢᠶᠡᠨ ᠮᠡᠳᠡᠨ᠎ᠡ᠂ ᠭᠡᠪᠡᠴᠦ ᠥᠨᠥᠳᠥᠷ ᠶᠣᠰᠧᠹ ᠤᠨ ᠭᠡᠷ ᠦᠨ ᠬᠢᠨ ᠡᠴᠡ ᠬᠠᠮᠤᠭ ᠤᠨ ᠲᠦᠷᠦᠭᠦᠨ ᠳᠦ ᠬᠠᠭᠠᠨ ᠡᠵᠡᠨ ᠢᠶᠡᠨ ᠤᠭᠲᠤᠬᠤ ᠪᠠᠷ ᠢᠷᠡᠭᠰᠡᠨ ᠢ ᠮᠢᠨᠢ ᠬᠠᠷᠠᠭᠠᠴᠢ》 ᠭᠡᠪᠡ᠃ 21 ᠽᠧᠷᠣᠢᠶ᠎ᠠ ᠶᠢᠨ ᠬᠥᠪᠡᠭᠦᠨ ᠠᠪᠢᠱᠠᠢ ᠬᠠᠷᠢᠭᠤ ᠳᠤᠨᠢ᠄ 《ᠶᠣᠬᠣᠸᠠ ᠶᠢᠨ ᠲᠣᠰᠣᠯᠠᠭᠰᠠᠨ ᠬᠥᠮᠦᠨ ᠢ ᠬᠠᠷᠢᠶᠠᠭᠰᠠᠨ ᠪᠣᠯᠬᠣᠷ ᠱᠢᠮᠧᠶᠢ ᠦᠬᠦᠬᠦ ᠶᠣᠰᠣᠲᠠᠢ ᠪᠢᠰᠢ ᠤᠤ︖》 ᠭᠡᠰᠡᠨ ᠳᠦ᠂ 22 ᠳ᠋ᠠᠸᠢᠳ᠋᠄ 《ᠽᠧᠷᠣᠢᠶ᠎ᠠ ᠶᠢᠨ ᠬᠥᠪᠡᠭᠦᠳ ᠡ᠂ ᠲᠠ ᠨᠠᠷ ᠨᠠᠳᠠ ᠲᠠᠢ ᠶᠠᠮᠠᠷ ᠬᠠᠮᠢᠶ᠎ᠠ ᠲᠠᠢ ᠪᠣᠯᠣᠭᠠᠳ ᠮᠢᠨᠦ ᠥᠰᠲᠡᠨ ᠨᠦᠭᠦᠳ ᠪᠣᠯᠬᠤ ᠭᠡᠬᠦ ᠨᠢ ᠪᠤᠢ︖ ᠥᠨᠥᠳᠥᠷ ᠢᠰᠷᠧᠯ ᠳᠤ ᠬᠥᠮᠦᠨ ᠴᠠᠭᠠᠵᠠᠯᠠᠬᠤ ᠭᠡᠵᠢ ᠤᠤ︖ ᠨᠠᠮᠠᠶᠢ ᠥᠨᠥᠳᠥᠷ ᠢᠰᠷᠧᠯ ᠤᠨ ᠬᠠᠭᠠᠨ ᠪᠣᠯᠣᠭᠰᠠᠨ ᠢᠶᠠᠨ ᠮᠡᠳᠡᠬᠦ ᠦᠭᠡᠢ ᠭᠡᠵᠦ ᠪᠣᠳᠣᠭ᠎ᠠ ᠤᠤ︖》 ᠭᠡᠵᠦ ᠬᠡᠯᠡᠪᠡ᠃ 23 ᠬᠠᠭᠠᠨ ᠱᠢᠮᠧᠶᠢ ᠳᠤ᠄ 《ᠴᠢᠮᠠᠶᠢ ᠴᠠᠭᠠᠵᠠᠯᠠᠬᠤ ᠦᠭᠡᠢ》 ᠭᠡᠳ ᠲᠠᠩ᠋ᠭᠠᠷᠢᠭᠯᠠᠭᠰᠠᠨ ᠪᠠᠢᠯ᠎ᠠ᠃
24 ᠰᠠᠦ᠋ᠯ ᠤᠨ ᠠᠴᠢ ᠬᠦᠦ ᠮᠧᠹᠢᠪᠣᠱᠧᠲ ᠴᠤ ᠬᠠᠭᠠᠨ ᠢ ᠤᠭᠲᠤᠬᠤ ᠪᠠᠷ ᠪᠠᠭᠤᠵᠤ ᠢᠷᠡᠪᠡ᠃ ᠲᠡᠷᠡ ᠪᠡᠷ ᠬᠠᠭᠠᠨ ᠢ ᠭᠠᠷᠴᠤ ᠶᠠᠪᠤᠭᠰᠠᠨ ᠡᠳᠦᠷ ᠡᠴᠡ ᠠᠮᠤᠷ ᠮᠡᠨᠳᠦ ᠪᠤᠴᠠᠵᠤ ᠢᠷᠡᠭᠰᠡᠨ ᠡᠳᠦᠷ ᠬᠦᠷᠲᠡᠯ᠎ᠡ ᠬᠥᠯ ᠢᠶᠡᠨ ᠴᠡᠪᠡᠷᠯᠡᠭᠡ ᠦᠭᠡᠢ᠂ ᠰᠠᠬᠠᠯ ᠢᠶᠠᠨ ᠬᠤᠰᠤᠭᠠ ᠦᠭᠡᠢ᠂ ᠬᠤᠪᠴᠠᠰᠤ ᠪᠠᠨ ᠴᠤ ᠤᠬᠢᠶᠠᠭᠠ ᠦᠭᠡᠢ ᠠᠵᠢ᠃ 25 ᠲᠡᠷᠡ ᠶᠧᠷᠦ᠋ᠰᠠᠯᠧᠮ ᠡᠴᠡ ᠢᠷᠡᠵᠦ᠂ ᠬᠠᠭᠠᠨ ᠢ ᠤᠭᠲᠤᠬᠤ ᠳᠤ᠂ ᠬᠠᠭᠠᠨ᠄ 《ᠮᠧᠹᠢᠪᠣᠱᠧᠲ᠂ ᠴᠢ ᠶᠠᠭᠤᠨ ᠳᠤ ᠨᠠᠳᠠ ᠲᠠᠢ ᠬᠠᠮᠲᠤ ᠶᠠᠪᠤᠭᠰᠠᠨ ᠦᠭᠡᠢ ᠪᠤᠢ︖》 ᠭᠡᠵᠦ ᠠᠰᠠᠭᠤᠪᠠ᠃ 26 ᠲᠡᠷᠡ ᠬᠠᠷᠢᠭᠤᠯᠤᠨ᠄ 《ᠬᠠᠭᠠᠨ ᠡᠵᠡᠨᠲᠡᠨ ᠮᠢᠨᠢ᠂ ᠵᠠᠷᠤᠴᠠ ᠪᠢ ᠬᠥᠯ ᠮᠠᠭᠤ ᠪᠣᠯᠬᠣᠷ ᠡᠯᠵᠢᠭᠡ ᠤᠨᠤᠵᠤ ᠬᠠᠭᠠᠨ ᠲᠠᠢ ᠬᠠᠮᠲᠤ ᠶᠠᠪᠤᠬᠤ ᠭᠡᠵᠦ 〈ᠡᠯᠵᠢᠭᠡ ᠡᠮᠡᠭᠡᠯᠯᠡᠵᠦ ᠥᠭᠭᠥᠭᠡᠴᠢ〉 ᠭᠡᠵᠦ ᠬᠡᠯᠡᠭᠰᠡᠨ ᠪᠣᠯᠪᠠᠴᠤ ᠮᠢᠨᠦ ᠵᠠᠷᠤᠴᠠ ᠨᠠᠮᠠᠶᠢ ᠮᠡᠬᠡᠯᠡᠵᠦ᠂ 27 ᠡᠵᠡᠨ ᠬᠠᠭᠠᠨ ᠳᠤ ᠨᠠᠮᠠᠶᠢ ᠭᠦᠵᠢᠷᠯᠡᠭᠰᠡᠨ ᠪᠢᠯᠡ᠃ ᠭᠡᠪᠡᠴᠦ ᠮᠢᠨᠦ ᠡᠵᠡᠨ ᠬᠠᠭᠠᠨ ᠲᠠ ᠪᠤᠷᠬᠠᠨ ᠤ ᠲᠩᠷᠢ ᠡᠯᠴᠢ ᠮᠡᠲᠦ ᠪᠣᠯᠬᠣᠷ ᠥᠪᠡᠷ ᠦᠨ ᠢᠶᠠᠨ ᠲᠠᠭᠠᠯᠠᠯ ᠢᠶᠠᠷ ᠦᠢᠯᠡᠳᠦᠭᠡᠴᠢ᠃ 28 ᠡᠴᠢᠭᠡ ᠶᠢᠨ ᠮᠢᠨᠢ ᠭᠡᠷ ᠦᠨ ᠬᠢᠨ ᠪᠦᠭᠦᠳᠡᠭᠡᠷ ᠡᠵᠡᠨ ᠬᠠᠭᠠᠨ ᠤ ᠡᠮᠦᠨ᠎ᠡ ᠦᠬᠦᠬᠦ ᠶᠣᠰᠣᠲᠠᠢ ᠬᠥᠮᠦᠰ ᠪᠠᠢᠭᠰᠠᠨ ᠠᠪᠠᠴᠤ᠂ ᠲᠠ ᠵᠠᠷᠤᠴᠠ ᠨᠠᠮᠠᠶᠢ ᠬᠣᠭᠣᠯᠠᠨ ᠤ ᠪᠠᠨ ᠰᠢᠷᠡᠭᠡᠨ ᠳᠦ ᠬᠣᠭᠣᠯᠠᠯᠠᠭᠤᠯᠳᠠᠭ ᠬᠥᠮᠦᠰ ᠦᠨ ᠳᠤᠮᠳᠠ ᠣᠷᠣᠭᠤᠯᠤᠭᠰᠠᠨ ᠶᠤᠮ᠃ ᠣᠳᠣ ᠪᠢ ᠶᠠᠮᠠᠷ ᠡᠷᠬᠡ ᠪᠡᠷ ᠬᠠᠭᠠᠨ ᠠᠴᠠ ᠳᠠᠬᠢᠨ ᠭᠤᠶᠤᠬᠤ ᠪᠤᠢ︖》 ᠭᠡᠪᠡ᠃ 29 ᠬᠠᠭᠠᠨ ᠲᠡᠭᠦᠨ ᠳᠦ᠄ 《ᠴᠢ ᠶᠠᠭᠤᠨ ᠳᠤ ᠥᠪᠡᠷ ᠦᠨ ᠢᠶᠠᠨ ᠲᠠᠯ᠎ᠠ ᠪᠠᠷ ᠳᠠᠬᠢᠨ ᠶᠠᠷᠢᠨ᠎ᠠ ᠪᠤᠢ︖ ᠴᠢᠮ᠎ᠠ ᠳᠤ ᠪᠣᠯᠣᠨ ᠽᠢᠪᠠ ᠳᠤ ᠲᠡᠷᠡ ᠭᠠᠵᠠᠷ ᠢ ᠬᠤᠪᠢᠶᠠᠵᠤ ᠥᠭᠬᠦ ᠪᠡᠷ ᠪᠢ ᠰᠢᠢᠳᠦᠭᠰᠡᠨ》 ᠭᠡᠬᠦ ᠳᠦ᠂ 30 ᠮᠧᠹᠢᠪᠣᠱᠧᠲ ᠬᠠᠭᠠᠨ ᠳᠤ᠄ 《ᠬᠠᠭᠠᠨ ᠠᠮᠤᠷ ᠮᠡᠨᠳᠦ ᠣᠷᠳᠣᠨ ᠳᠠᠭᠠᠨ ᠬᠠᠷᠢᠬᠤ ᠪᠣᠯᠣᠭᠰᠠᠨ ᠠᠴᠠ ᠬᠣᠢᠰᠢ ᠽᠢᠪᠠ ᠪᠦᠭᠦᠳᠡ ᠶᠢ ᠨᠢ ᠠᠪᠤᠭ》 ᠭᠡᠪᠡ᠃
31 ᠭᠢᠯᠧᠶᠠᠳ᠋ ᠬᠥᠮᠦᠨ ᠪᠠᠷᠽᠢᠯᠠᠢ ᠴᠤ ᠷᠣᠭᠧᠯᠢᠮ ᠠᠴᠠ ᠢᠷᠡᠭᠰᠡᠨ ᠪᠠᠢᠯ᠎ᠠ᠃ ᠲᠡᠷᠡ ᠶᠣᠷᠳᠠᠨ ᠭᠣᠣᠯ ᠬᠦᠷᠲᠡᠯ᠎ᠡ ᠬᠠᠭᠠᠨ ᠲᠠᠢ ᠬᠠᠮᠲᠤ ᠶᠠᠪᠤᠵᠤ᠂ ᠲᠡᠨᠳᠡ ᠡᠴᠡ ᠲᠡᠭᠦᠨ ᠢ ᠦᠳᠡᠨ ᠮᠣᠷᠳᠠᠭᠤᠯᠬᠤ ᠭᠡᠵᠦ ᠪᠠᠢᠪᠠ᠃ 32 ᠪᠠᠷᠽᠢᠯᠠᠢ ᠨᠠᠶᠠ ᠬᠦᠷᠴᠦ ᠶᠡᠬᠡ ᠥᠲᠡᠯᠦᠭᠰᠡᠨ ᠪᠠᠢᠪᠠ᠃ ᠬᠠᠭᠠᠨ ᠮᠠᠬᠠᠨᠠᠢᠮ ᠳᠤ ᠪᠠᠢᠬᠤ ᠳᠤ ᠲᠡᠷᠡ ᠬᠦᠨᠡᠰᠦ ᠪᠡᠷ ᠬᠠᠩ᠋ᠭᠠᠵᠤ ᠪᠠᠢᠭᠰᠠᠨ᠂ ᠲᠡᠷᠡ ᠮᠠᠰᠢ ᠪᠠᠶᠠᠨ ᠪᠠᠢᠵᠠᠢ᠃ 33 ᠬᠠᠭᠠᠨ ᠪᠠᠷᠽᠢᠯᠠᠢ ᠳᠤ᠄ 《ᠨᠠᠳᠠ ᠲᠠᠢ ᠬᠠᠮᠲᠤ ᠭᠠᠲᠤᠯᠤᠨ ᠶᠠᠪᠤᠶ᠎ᠠ᠃ ᠶᠧᠷᠦ᠋ᠰᠠᠯᠧᠮ ᠳᠤ ᠪᠢ ᠲᠠᠨ ᠢ ᠳᠡᠷᠭᠡᠳᠡ ᠪᠡᠨ ᠪᠠᠢᠯᠭᠠᠨ ᠬᠦᠨᠡᠰᠦ ᠪᠡᠷ ᠬᠠᠩ᠋ᠭᠠᠶᠠ》 ᠭᠡᠰᠡᠨ ᠳᠦ᠂ 34 ᠪᠠᠷᠽᠢᠯᠠᠢ ᠬᠠᠭᠠᠨ ᠳᠤ᠄ 《ᠪᠢ ᠬᠡᠳᠦᠢ ᠤᠳᠠᠭᠠᠨ ᠨᠠᠰᠤᠯᠠᠬᠤ ᠭᠡᠵᠦ ᠬᠠᠭᠠᠨ ᠲᠠᠢ ᠬᠠᠮᠲᠤ ᠶᠧᠷᠦ᠋ᠰᠠᠯᠧᠮ ᠥᠭᠡᠳᠡ ᠣᠴᠢᠬᠤ ᠪᠢᠯᠡ︖ 35 ᠪᠢ ᠣᠳᠣ ᠨᠠᠶᠠᠨ ᠨᠠᠰᠤᠲᠠᠢ᠂ ᠰᠠᠢᠨ ᠮᠠᠭᠤ ᠶᠢ ᠢᠯᠭᠠᠵᠤ ᠴᠢᠳᠠᠨ᠎ᠠ ᠤᠤ︖ ᠲᠠᠨ ᠤ ᠵᠠᠷᠤᠴᠠ ᠪᠢ ᠶᠠᠭᠤᠮ᠎ᠠ ᠢᠳᠡᠵᠦ ᠤᠤᠭᠤᠭᠰᠠᠨ ᠴᠤ ᠠᠮᠲᠠ ᠶᠢ ᠨᠢ ᠮᠡᠳᠡᠨ᠎ᠡ ᠤᠤ︖ ᠡᠷᠡᠭᠲᠡᠢ ᠡᠮᠡᠭᠲᠡᠢ ᠶᠢᠨ ᠳᠠᠭᠤᠯᠠᠬᠤ ᠳᠠᠭᠤᠤ ᠶᠢ ᠣᠯᠵᠤ ᠰᠣᠨᠣᠰᠣᠨ᠎ᠠ ᠤᠤ︖ ᠵᠠᠷᠤᠴᠠ ᠪᠢ ᠡᠵᠡᠨ ᠬᠠᠭᠠᠨ ᠲᠠᠨ ᠳᠤ ᠲᠡᠭᠡᠭᠡᠷ᠎ᠡ ᠪᠣᠯᠵᠤ ᠶᠠᠭᠠᠬᠢᠬᠤ ᠨᠢ ᠪᠤᠢ︖ 36 ᠵᠠᠷᠤᠴᠠ ᠪᠢ ᠬᠠᠭᠠᠨ ᠲᠠᠢ ᠬᠠᠮᠲᠤ ᠶᠣᠷᠳᠠᠨ ᠢ ᠭᠠᠲᠤᠯᠤᠶ᠎ᠠ ᠯᠠ ᠭᠡᠰᠡᠨ ᠶᠤᠮ᠃ ᠬᠠᠭᠠᠨ ᠶᠠᠭᠠᠬᠢᠭᠠᠳ ᠨᠠᠮᠠᠶᠢ ᠡᠢᠮᠦ ᠶᠡᠬᠡ ᠪᠡᠷ ᠱᠠᠩᠨᠠᠨ᠎ᠠ ᠪᠤᠢ︖ 37 ᠵᠠᠷᠤᠴᠠ ᠶᠢᠨ ᠢᠶᠠᠨ ᠪᠤᠴᠠᠵᠤ ᠶᠠᠪᠤᠬᠤ ᠶᠢ ᠵᠥᠪᠰᠢᠶᠡᠷᠡᠭᠡᠴᠢ᠃ ᠪᠢ ᠥᠪᠡᠷ ᠦᠨ ᠢᠶᠠᠨ ᠬᠣᠲᠠ ᠳᠤ᠂ ᠡᠴᠢᠭᠡ ᠡᠬᠡ ᠶᠢᠨ ᠢᠶᠠᠨ ᠪᠤᠯᠠᠰᠢᠨ ᠤ ᠣᠢᠷ᠎ᠠ ᠶᠠᠰᠤ ᠪᠠᠨ ᠲᠠᠯᠪᠢᠮᠠᠷ ᠪᠠᠢᠨ᠎ᠠ᠃ ᠲᠠᠨ ᠤ ᠵᠠᠷᠤᠴᠠ ᠺᠢᠮᠬᠠᠮ ᠡ᠊ᠨᠳᠡ ᠪᠠᠢᠨ᠎ᠠ︕ ᠲᠡᠭᠦᠨ ᠳᠦ ᠡᠵᠡᠨ ᠬᠠᠭᠠᠨ ᠲᠠᠢ ᠮᠢᠨᠢ ᠬᠠᠮᠲᠤ ᠭᠠᠲᠤᠯᠤᠨ ᠶᠠᠪᠤᠬᠤ ᠶᠢ ᠵᠥᠪᠰᠢᠶᠡᠷᠡᠭᠡᠴᠢ᠃ ᠲᠠ ᠲᠠᠭᠠᠯᠠᠯ ᠤᠨ ᠢᠶᠠᠨ ᠶᠣᠰᠣᠭᠠᠷ ᠲᠡᠭᠦᠨ ᠳᠦ ᠦᠢᠯᠡᠳᠦᠭᠡᠷᠡᠢ》 ᠭᠡᠵᠦ ᠬᠡᠯᠡᠪᠡ᠃ 38 ᠬᠠᠭᠠᠨ᠄ 《ᠺᠢᠮᠬᠠᠮ ᠨᠠᠳᠠ ᠲᠠᠢ ᠬᠠᠮᠲᠤ ᠭᠠᠲᠤᠯᠤᠨ ᠶᠠᠪᠤᠬᠤ ᠪᠣᠯᠣᠨ᠎ᠠ᠃ ᠬᠠᠷᠢᠨ ᠪᠢ ᠲᠠᠨ ᠤ ᠲᠠᠭᠠᠯᠠᠯ ᠤᠨ ᠶᠣᠰᠣᠭᠠᠷ ᠲᠡᠭᠦᠨ ᠳᠦ ᠦᠢᠯᠡᠳᠦᠶ᠎ᠡ᠃ ᠨᠠᠳᠠ ᠠᠴᠠ ᠶᠠᠭᠤ ᠬᠦᠰᠡᠪᠡᠯ ᠲᠡᠭᠦᠨ ᠢ ᠴᠢᠨᠢ ᠪᠢ ᠪᠡᠶᠡᠯᠡᠭᠦᠯᠵᠦ ᠥᠭᠭᠥᠶ᠎ᠡ》 ᠭᠡᠪᠡ᠃ 39 ᠬᠥᠮᠦᠰ ᠪᠦᠭᠦᠳᠡᠭᠡᠷ ᠢᠶᠡᠨ ᠶᠣᠷᠳᠠᠨ ᠭᠣᠣᠯ ᠢ ᠭᠠᠲᠤᠯᠪᠠ᠃ ᠬᠠᠭᠠᠨ ᠴᠤ ᠭᠠᠲᠤᠯᠤᠭᠰᠠᠨ ᠤ ᠪᠠᠨ ᠳᠠᠷᠠᠭ᠎ᠠ ᠪᠠᠷᠽᠢᠯᠠᠢ ᠶᠢ ᠦᠨᠦᠰᠴᠦ᠂ ᠲᠡᠭᠦᠨ ᠢ ᠢᠷᠥᠭᠡᠬᠦ ᠳᠦ᠂ ᠲᠡᠷᠡ ᠨᠤᠲᠤᠭ ᠤᠷᠤᠭᠤ ᠪᠠᠨ ᠪᠤᠴᠠᠪᠠ᠃ 40 ᠬᠠᠭᠠᠨ ᠭᠢᠯᠭᠠᠯ ᠵᠦᠭ ᠭᠠᠲᠤᠯᠵᠤ᠂ ᠺᠢᠮᠬᠠᠮ ᠴᠤ ᠲᠡᠭᠦᠨ ᠲᠡᠢ ᠬᠠᠮᠲᠤ ᠭᠠᠲᠤᠯᠬᠤ ᠦᠶ᠎ᠡ ᠳᠦ᠂ ᠶᠦᠳᠠ ᠶᠢᠨ ᠪᠦᠬᠦ ᠴᠡᠷᠢᠭ ᠪᠣᠯᠣᠨ ᠢᠰᠷᠧᠯ ᠤᠨ ᠬᠠᠭᠠᠰ ᠴᠡᠷᠢᠭ ᠬᠠᠮᠲᠤ ᠪᠠᠷ ᠬᠠᠭᠠᠨ ᠢ ᠭᠠᠲᠤᠯᠤᠭᠤᠯᠤᠭᠰᠠᠨ ᠪᠠᠢᠨ᠎ᠠ᠃
41 ᠲᠡᠭᠡᠲᠡᠯ᠎ᠡ ᠢᠰᠷᠧᠯᠴᠦᠳ ᠪᠦᠭᠦᠳᠡᠭᠡᠷ ᠢᠶᠡᠨ ᠬᠠᠭᠠᠨ ᠳᠡᠭᠡᠷ᠎ᠡ ᠢᠷᠡᠭᠡᠳ ᠲᠡᠭᠦᠨ ᠳᠦ᠄ 《ᠶᠦᠳᠠᠴᠤᠳ ᠪᠢᠳᠡᠨ ᠦ ᠠᠬ᠎ᠠ ᠳᠡᠭᠦᠦᠰ ᠪᠠᠢᠵᠤ ᠶᠠᠭᠠᠬᠢᠭᠠᠳ ᠬᠠᠭᠠᠨ ᠲᠠᠨ ᠢ ᠬᠤᠯᠠᠭᠠᠢᠯᠠᠨ ᠠᠪᠴᠤ᠂ ᠲᠠ ᠪᠣᠯᠣᠨ ᠲᠠᠨ ᠤ ᠭᠡᠷ ᠦᠨ ᠬᠢᠨ᠂ ᠪᠠᠰᠠ ᠲᠠᠨ ᠤ ᠬᠠᠷᠢᠶ᠎ᠠ ᠪᠦᠬᠦ ᠬᠥᠮᠦᠨ ᠲᠡᠢ ᠬᠠᠮᠲᠤ ᠶᠣᠷᠳᠠᠨ ᠭᠣᠣᠯ ᠢ ᠭᠠᠲᠤᠯᠤᠭᠤᠯᠤᠨ ᠠᠪᠴᠢᠷᠠᠪᠠ︖》 ᠭᠡᠯᠴᠡᠪᠡ᠃ 42 ᠶᠦᠳᠠᠴᠤᠳ ᠪᠦᠭᠦᠳᠡᠭᠡᠷ ᠢᠰᠷᠧᠯᠴᠦᠳ ᠲᠦ᠄ 《ᠬᠠᠭᠠᠨ ᠪᠣᠯ ᠪᠢᠳᠡᠨ ᠦ ᠣᠢᠷ᠎ᠠ ᠶᠢᠨ ᠲᠥᠷᠥᠯ ᠪᠢᠯᠡ᠃ ᠲᠠ ᠨᠠᠷ ᠶᠠᠭᠤᠨ ᠳᠤ ᠡᠨᠡ ᠶᠠᠪᠤᠳᠠᠯ ᠳᠡᠭᠡᠷ᠎ᠡ ᠠᠭᠤᠷᠯᠠᠨ᠎ᠠ ᠪᠤᠢ︖ ᠬᠠᠭᠠᠨ ᠤ ᠬᠢ ᠡᠴᠡ ᠪᠢᠳᠡ ᠬᠣᠭᠣᠯᠠᠯᠠᠵᠤ ᠪᠠᠢᠪᠠ ᠤᠤ︖ ᠶᠡᠷᠦ ᠬᠤᠪᠢᠨ ᠳᠠᠭᠠᠨ ᠵᠠᠪᠰᠢᠭᠰᠠᠨ ᠵᠦᠢᠯ ᠪᠠᠢᠪᠠ ᠤᠤ︖》 ᠭᠡᠰᠡᠨ ᠳᠦ᠂ 43 ᠢᠰᠷᠧᠯᠴᠦᠳ ᠶᠦᠳᠠᠴᠤᠳ ᠲᠤ᠄ 《ᠪᠢᠳᠡ ᠬᠠᠭᠠᠨ ᠳᠤ ᠠᠷᠪᠠᠨ ᠬᠤᠪᠢ ᠲᠠᠢ᠃ ᠲᠡᠢᠮᠦ ᠡᠴᠡ ᠪᠢᠳᠡ ᠳ᠋ᠠᠸᠢᠳ᠋ ᠲᠤ ᠲᠠ ᠨᠠᠷ ᠠᠴᠠ ᠢᠯᠡᠭᠦᠦ ᠠᠲᠠᠯ᠎ᠠ ᠲᠠ ᠨᠠᠷ ᠶᠠᠭᠤᠨ ᠳᠤ ᠪᠢᠳᠡᠨ ᠢ ᠪᠠᠰᠤᠮᠵᠢᠯᠠᠨ᠎ᠠ ᠪᠤᠢ︖ ᠬᠠᠭᠠᠨᠲᠠᠨ ᠢᠶᠠᠨ ᠪᠤᠴᠠᠭᠠᠨ ᠵᠠᠯᠠᠬᠤ ᠶᠢ ᠡᠬᠢᠯᠡᠵᠦ ᠰᠠᠨᠠᠭᠠᠴᠢᠯᠠᠭᠰᠠᠨ ᠨᠢ ᠪᠢᠳᠡ ᠪᠢᠰᠢ ᠤᠤ︖》 ᠭᠡᠵᠦ ᠬᠠᠷᠢᠭᠤᠯᠪᠠ᠃ ᠭᠡᠪᠡᠴᠦ ᠶᠦᠳᠠᠴᠤᠳ ᠤᠨ ᠦᠭᠡ ᠢᠰᠷᠧᠯᠴᠦᠳ ᠦᠨ ᠦᠭᠡ ᠡᠴᠡ ᠢᠯᠡᠭᠦᠦ ᠬᠠᠲᠠᠭᠤ ᠪᠠᠢᠯ᠎ᠠ᠃