ᠬᠣᠶᠠᠳᠤᠭᠠᠷ ᠰᠠᠮᠦ᠋ᠶᠧᠯ ᠠᠷᠪᠠᠨ ᠵᠢᠷᠭᠤᠭ᠎ᠠ
ᠽᠢᠪᠠ ᠶᠢᠨ ᠲᠤᠰᠠᠯᠠᠮᠵᠢ
1 ᠳ᠋ᠠᠸᠢᠳ᠋ ᠣᠷᠣᠢ ᠶᠢ ᠥᠩᠭᠡᠷᠡᠵᠦ ᠵᠢᠭᠠᠬᠠᠨ ᠶᠠᠪᠤᠬᠤ ᠳᠤ᠂ ᠲᠡᠨᠳᠡ ᠮᠧᠹᠢᠪᠣᠱᠧᠲ ᠤᠨ ᠵᠠᠷᠤᠴᠠ ᠽᠢᠪᠠ ᠠᠭᠤᠯᠵᠠᠬᠤ ᠪᠠᠷ ᠬᠦᠯᠢᠶᠡᠵᠦ ᠪᠠᠢᠪᠠ᠃ ᠲᠡᠷᠡ ᠡᠮᠡᠭᠡᠯᠯᠡᠭᠰᠡᠨ ᠬᠣᠶᠠᠷ ᠡᠯᠵᠢᠭᠡᠨ ᠳᠡᠭᠡᠷ᠎ᠡ ᠬᠣᠶᠠᠷ ᠵᠠᠭᠤᠨ ᠪᠣᠣᠪᠣ᠂ ᠵᠠᠭᠤᠨ ᠪᠠᠭᠴᠠ ᠬᠠᠲᠠᠭᠠᠭᠰᠠᠨ ᠦᠵᠦᠮ᠂ ᠵᠠᠭᠤᠨ ᠪᠣᠯᠪᠠᠰᠤᠷᠠᠭᠰᠠᠨ ᠵᠢᠮᠢᠰ᠂ ᠨᠢᠭᠡ ᠲᠤᠯᠤᠮ ᠦᠵᠦᠮ ᠦᠨ ᠳᠠᠷᠠᠰᠤ ᠠᠴᠢᠭᠰᠠᠨ ᠪᠠᠢᠯ᠎ᠠ᠃ 2 ᠬᠠᠭᠠᠨ ᠽᠢᠪᠠ ᠠᠴᠠ᠄ 《ᠶᠠᠭᠤᠨ ᠳᠤ ᠡᠳᠡᠭᠡᠷ ᠢ ᠠᠪᠴᠢᠷᠠᠭᠰᠠᠨ ᠪᠤᠢ︖》 ᠭᠡᠵᠦ ᠠᠰᠠᠭᠤᠬᠤ ᠳᠤ᠂ ᠽᠢᠪᠠ᠄ 《ᠬᠠᠭᠠᠨ ᠤ ᠭᠡᠷ ᠦᠨ ᠬᠢᠨ ᠳᠤ ᠤᠨᠤᠭ᠎ᠠ ᠪᠣᠯᠣᠭ ᠭᠡᠵᠦ ᠡᠯᠵᠢᠭᠡ ᠨᠦᠭᠦᠳ ᠢ᠂ ᠵᠠᠯᠠᠭᠤ ᠬᠥᠮᠦᠰ ᠲᠦ ᠬᠣᠭᠣᠯᠠ ᠪᠣᠯᠣᠭ ᠭᠡᠵᠦ ᠪᠣᠣᠪᠣ ᠪᠣᠯᠣᠨ ᠪᠣᠯᠪᠠᠰᠤᠷᠠᠭᠰᠠᠨ ᠵᠢᠮᠢᠰ ᠢ᠂ ᠴᠥᠯ ᠳᠤ ᠡᠴᠡᠭᠰᠡᠨ ᠬᠥᠮᠦᠰ ᠦᠨ ᠤᠮᠳᠠ ᠪᠣᠯᠣᠭ ᠭᠡᠵᠦ ᠦᠵᠦᠮ ᠦᠨ ᠳᠠᠷᠠᠰᠤ ᠶᠢ ᠠᠪᠴᠢᠷᠠᠭᠰᠠᠨ ᠶᠤᠮ》 ᠭᠡᠪᠡ᠃ 3 ᠬᠠᠭᠠᠨ᠄ 《ᠡᠵᠡᠨ ᠦ ᠴᠢᠨᠢ ᠬᠥᠪᠡᠭᠦᠨ ᠬᠠᠮᠢᠭ᠎ᠠ ᠪᠠᠢᠨ᠎ᠠ ᠪᠤᠢ︖》 ᠭᠡᠬᠦ ᠳᠦ᠂ ᠽᠢᠪᠠ ᠬᠠᠭᠠᠨ ᠳᠤ᠄ 《ᠶᠧᠷᠦ᠋ᠰᠠᠯᠧᠮ ᠳᠤ ᠦᠯᠡᠳᠡᠭᠡᠳ ᠪᠠᠢᠨ᠎ᠠ︕ ᠲᠡᠷᠡ᠄ 〈ᠢᠰᠷᠧᠯ ᠤᠨ ᠭᠡᠷ ᠶᠠᠭ ᠥᠨᠥᠳᠥᠷ ᠮᠢᠨᠦ ᠡᠴᠢᠭᠡ ᠶᠢᠨ ᠬᠠᠭᠠᠨᠴᠢᠯᠠᠯ ᠢ ᠨᠠᠳᠠ ᠳᠤ ᠡᠷᠭᠢᠭᠦᠯᠵᠦ ᠥᠭᠭᠥᠨ᠎ᠡ〉 ᠭᠡᠵᠦ ᠪᠠᠢᠨ᠎ᠠ》 ᠭᠡᠪᠡ᠃ 4 ᠬᠠᠭᠠᠨ ᠽᠢᠪᠠ ᠳᠤ᠄ 《ᠮᠧᠹᠢᠪᠣᠱᠧᠲ ᠤᠨ ᠬᠠᠮᠤᠭ ᠶᠠᠭᠤᠮ᠎ᠠ ᠴᠢᠨᠦᠬᠢ》 ᠭᠡᠰᠡᠨ ᠳᠦ᠂ ᠽᠢᠪᠠ ᠮᠥᠷᠭᠥᠵᠦ᠄ 《ᠡᠵᠡᠨ ᠬᠠᠭᠠᠨᠲᠠᠨ ᠮᠢᠨᠢ᠂ ᠲᠠᠨ ᠤ ᠲᠠᠭᠠᠯᠠᠯ ᠢ ᠣᠯᠬᠤ ᠶᠢ ᠬᠦᠰᠡᠶ᠎ᠡ》 ᠭᠡᠵᠡᠢ᠃
ᠱᠢᠮᠧᠶᠢ ᠶᠢᠨ ᠬᠠᠷᠢᠶᠠᠯ
5 ᠳ᠋ᠠᠸᠢᠳ᠋ ᠬᠠᠭᠠᠨ ᠪᠠᠾᠦᠷᠢᠮ ᠳᠤ ᠣᠢᠷᠠᠲᠤᠵᠤ ᠪᠠᠢᠬᠤ ᠳᠤ᠂ ᠲᠡᠨᠳᠡ ᠡᠴᠡ ᠰᠠᠦ᠋ᠯ ᠤᠨ ᠣᠪᠣᠭ ᠤᠨ ᠨᠢᠭᠡᠨ ᠤᠷᠤᠭ ᠤᠨ ᠬᠥᠮᠦᠨ᠂ ᠭᠧᠷᠠ ᠶᠢᠨ ᠬᠥᠪᠡᠭᠦᠨ ᠱᠢᠮᠧᠶᠢ ᠭᠠᠷᠴᠤ ᠢᠷᠡᠯ᠎ᠡ᠃ ᠲᠡᠷᠡ ᠬᠠᠷᠢᠶᠠᠯ ᠲᠠᠯᠪᠢᠭᠰᠠᠭᠠᠷ ᠳᠥᠭᠥᠨ ᠢᠷᠡᠵᠦ᠂ 6 ᠳ᠋ᠠᠸᠢᠳ᠋ ᠪᠣᠯᠣᠨ ᠳ᠋ᠠᠸᠢᠳ᠋ ᠬᠠᠭᠠᠨ ᠤ ᠬᠠᠮᠤᠭ ᠲᠦᠰᠢᠮᠡᠯ ᠤᠷᠤᠭᠤ ᠴᠢᠯᠠᠭᠤ ᠰᠢᠳᠡᠵᠦ ᠪᠠᠢᠪᠠ᠃ ᠬᠠᠭᠠᠨ ᠤ ᠪᠠᠷᠠᠭᠤᠨ ᠵᠡᠭᠦᠨ ᠲᠠᠯ᠎ᠠ ᠳᠤ ᠪᠦᠬᠦ ᠴᠡᠷᠢᠭ ᠪᠣᠯᠣᠨ ᠬᠦᠴᠦᠲᠦ ᠳᠠᠢᠴᠢᠨ ᠨᠢ ᠪᠠᠢᠯ᠎ᠠ᠃ 7 ᠱᠢᠮᠧᠶᠢ ᠬᠠᠷᠢᠶᠠᠯ ᠲᠠᠯᠪᠢᠵᠤ᠄ 《ᠲᠣᠨᠢᠯ᠂ ᠲᠣᠨᠢᠯ᠃ ᠴᠢᠰᠤ ᠤᠷᠤᠰᠬᠠᠭᠴᠢ ᠣᠯᠢᠭ ᠦᠭᠡᠢ ᠨᠣᠪᠰᠢ ᠴᠢ︕》 ᠬᠡᠮᠡᠨ ᠬᠠᠷᠢᠶᠠᠪᠠ᠃ 8 《ᠶᠣᠬᠣᠸᠠ ᠰᠠᠦ᠋ᠯ ᠤᠨ ᠭᠡᠷ ᠦᠨ ᠤᠷᠤᠰᠤᠭᠰᠠᠨ ᠪᠦᠬᠦ ᠴᠢᠰᠤᠨ ᠤ ᠥᠰᠢᠶ᠎ᠡ ᠶᠢ ᠲᠡᠭᠦᠨ ᠦ ᠣᠷᠣᠨ ᠳᠤ ᠬᠠᠭᠠᠨ ᠪᠣᠯᠣᠭᠰᠠᠨ ᠴᠢᠮ᠎ᠠ ᠠᠴᠠ ᠠᠪᠤᠭᠰᠠᠨ ᠪᠠᠢᠨ᠎ᠠ᠃ ᠶᠣᠬᠣᠸᠠ ᠡᠨᠡ ᠬᠠᠭᠠᠨᠴᠢᠯᠠᠯ ᠢ ᠴᠢᠨᠦ ᠬᠥᠪᠡᠭᠦᠨ ᠠᠪᠰᠠᠯᠣᠮ ᠤᠨ ᠭᠠᠷ ᠲᠤ ᠲᠤᠰᠢᠶᠠᠵᠠᠢ᠃ ᠬᠠᠷ᠎ᠠ᠂ ᠴᠢ ᠴᠢᠰᠤ ᠤᠷᠤᠰᠬᠠᠭᠴᠢ ᠤᠴᠢᠷ ᠠᠴᠠ ᠲᠠᠷᠢᠭᠰᠠᠨ ᠭᠠᠢ ᠳᠠᠭᠠᠨ ᠣᠷᠢᠶᠠᠭᠳᠠᠵᠠᠢ》 ᠭᠡᠪᠡ᠃
9 ᠽᠧᠷᠣᠢᠶ᠎ᠠ ᠶᠢᠨ ᠬᠥᠪᠡᠭᠦᠨ ᠠᠪᠢᠱᠠᠢ ᠬᠠᠭᠠᠨ ᠳᠤ᠄ 《ᠡᠨᠡ ᠦᠬᠦᠭᠰᠡᠨ ᠨᠣᠬᠠᠢ ᠶᠠᠭᠠᠬᠢᠬᠤᠯᠠᠷ ᠢᠶᠠᠨ ᠮᠢᠨᠦ ᠡᠵᠡᠨ ᠬᠠᠭᠠᠨ ᠢ ᠬᠠᠷᠢᠶᠠᠵᠤ ᠪᠠᠢᠨ᠎ᠠ ᠪᠤᠢ︖ ᠲᠡᠰᠢ ᠣᠴᠢᠵᠤ᠂ ᠲᠡᠭᠦᠨ ᠦ ᠲᠣᠯᠣᠭᠠᠢ ᠶᠢ ᠴᠠᠪᠴᠢᠬᠤ ᠶᠢ ᠨᠠᠳᠠ ᠳᠤ ᠵᠥᠪᠰᠢᠶᠡᠷᠡᠭᠡᠴᠢ》 ᠭᠡᠰᠡᠨ ᠳᠦ᠂ 10 ᠬᠠᠭᠠᠨ᠄ 《ᠲᠠ ᠨᠠᠷ ᠲᠤ ᠶᠠᠮᠠᠷ ᠬᠠᠮᠢᠶ᠎ᠠ ᠲᠠᠢ ᠪᠤᠢ︖ ᠽᠧᠷᠣᠢᠶ᠎ᠠ ᠶᠢᠨ ᠬᠥᠪᠡᠭᠦᠳ ᠡ᠂ ᠬᠡᠷᠪᠡ ᠶᠣᠬᠣᠸᠠ ᠲᠡᠭᠦᠨ ᠳᠦ᠄ 〈ᠳ᠋ᠠᠸᠢᠳ᠋ ᠢ ᠬᠠᠷᠢᠶ᠎ᠠ〉 ᠭᠡᠵᠦ ᠬᠡᠯᠡᠭᠰᠡᠨ ᠢᠶᠡᠷ ᠲᠡᠷᠡ ᠬᠠᠷᠢᠶᠠᠵᠤ ᠪᠠᠢᠭ᠎ᠠ ᠪᠣᠯ᠂ ᠬᠡᠨ ᠲᠡᠭᠦᠨ ᠳᠦ᠄ 〈ᠶᠠᠭᠤᠨ ᠳᠤ ᠢᠩᠭᠢᠪᠡ︖〉 ᠭᠡᠵᠦ ᠬᠡᠯᠡᠬᠦ ᠶᠤᠮ ᠪᠤᠢ︖》 ᠭᠡᠳ 11 ᠠᠪᠢᠱᠠᠢ ᠪᠣᠯᠣᠨ ᠪᠦᠬᠦ ᠲᠦᠰᠢᠮᠡᠯ ᠳᠡᠭᠡᠨ᠄ 《ᠬᠠᠷ᠎ᠠ᠂ ᠪᠡᠶ᠎ᠡ ᠡᠴᠡ ᠮᠢᠨᠢ ᠭᠠᠷᠤᠭᠰᠠᠨ ᠬᠦᠦ ᠬᠦᠷᠲᠡᠯ᠎ᠡ ᠮᠢᠨᠦ ᠠᠮᠢ ᠶᠢ ᠠᠪᠬᠤ ᠭᠡᠵᠦ ᠪᠠᠢᠬᠤ ᠳᠤ᠂ ᠣᠳᠣ ᠡᠨᠡ ᠪᠢᠨᠶᠠᠮᠢᠨ ᠬᠥᠮᠦᠨ ᠦ ᠬᠤᠪᠢ ᠳᠤ ᠪᠣᠯ ᠠᠷᠭ᠎ᠠ ᠦᠭᠡᠢ ᠳᠠ᠃ ᠶᠣᠬᠣᠸᠠ ᠲᠡᠭᠦᠨ ᠳᠦ ᠠᠢᠯᠠᠳᠤᠭᠰᠠᠨ᠂ ᠲᠡᠭᠦᠨ ᠢ ᠣᠷᠬᠢ᠂ ᠲᠡᠷᠡ ᠬᠠᠷᠢᠶᠠᠵᠤ ᠯᠠ ᠪᠠᠢᠭ᠃ 12 ᠶᠣᠬᠣᠸᠠ ᠮᠢᠨᠦ ᠵᠣᠪᠠᠯᠠᠩ ᠢ ᠬᠠᠷᠠᠵᠤ᠂ ᠥᠨᠥᠳᠥᠷ ᠦᠨ ᠬᠠᠷᠢᠶᠠᠯ ᠤᠨ ᠣᠷᠣᠨ ᠳᠤ ᠰᠠᠢᠨ ᠢ ᠪᠤᠴᠠᠭᠠᠨ ᠥᠭᠴᠦ ᠮᠠᠭᠠᠳ》 ᠭᠡᠪᠡ᠃ 13 ᠳ᠋ᠠᠸᠢᠳ᠋ ᠪᠣᠯᠣᠨ ᠬᠠᠮᠲᠤᠷᠠᠭᠴᠢᠳ ᠨᠢ ᠴᠠᠭᠠᠰᠢᠯᠠᠨ ᠶᠠᠪᠤᠪᠠ᠃ ᠱᠢᠮᠧᠶᠢ ᠲᠡᠭᠦᠨ ᠲᠡᠢ ᠵᠡᠷᠭᠡᠴᠡᠨ ᠠᠭᠤᠯᠠ ᠶᠢᠨ ᠪᠡᠯ ᠢᠶᠡᠷ ᠶᠠᠪᠤᠭᠤᠲᠠ ᠪᠠᠨ ᠬᠠᠷᠢᠶᠠᠵᠤ᠂ ᠴᠢᠯᠠᠭᠤ ᠰᠢᠳᠡᠨ᠂ ᠰᠢᠷᠣᠢ ᠰᠠᠴᠤᠵᠤ ᠪᠠᠢᠪᠠ᠃ 14 ᠬᠠᠭᠠᠨ᠂ ᠮᠥᠨ ᠲᠡᠭᠦᠨ ᠲᠡᠢ ᠬᠠᠮᠲᠤ ᠪᠤᠢ ᠬᠥᠮᠦᠰ ᠵᠣᠷᠢᠭᠰᠠᠨ ᠭᠠᠵᠠᠷ ᠲᠠᠭᠠᠨ ᠬᠦᠷᠬᠦ ᠳᠦ᠂ ᠪᠦᠭᠦᠳᠡ ᠶᠠᠳᠠᠷᠠᠭᠰᠠᠨ ᠪᠠᠢᠯ᠎ᠠ᠃ ᠲᠡᠨᠳᠡ ᠳ᠋ᠠᠸᠢᠳ᠋ ᠠᠮᠤᠰᠬᠢᠪᠠ᠃
ᠠᠪᠰᠠᠯᠣᠮ ᠤᠨ ᠬᠣᠶᠠᠷ ᠵᠥᠪᠯᠡᠭᠴᠢ
15 ᠲᠡᠭᠡᠲᠡᠯ᠎ᠡ ᠠᠪᠰᠠᠯᠣᠮ ᠢᠰᠷᠧᠯ ᠤᠨ ᠦᠢ ᠣᠯᠠᠨ ᠲᠠᠢ ᠬᠠᠮᠲᠤ ᠶᠧᠷᠦ᠋ᠰᠠᠯᠧᠮ ᠬᠣᠲᠠ ᠳᠤ ᠣᠷᠣᠵᠤ ᠢᠷᠡᠯ᠎ᠡ᠃ ᠠᠾᠢᠲ᠋ᠣᠹᠧᠯ ᠴᠤ ᠲᠡᠭᠦᠨ ᠲᠡᠢ ᠬᠠᠮᠲᠤ ᠪᠠᠢᠪᠠ᠃ 16 ᠳ᠋ᠠᠸᠢᠳ᠋ ᠤᠨ ᠠᠨᠳᠠ ᠠᠷᠺ ᠬᠥᠮᠦᠨ ᠾᠦᠱᠠᠢ ᠠᠪᠰᠠᠯᠣᠮ ᠳᠡᠭᠡᠷ᠎ᠡ ᠣᠴᠢᠵᠤ᠄ 《ᠬᠠᠭᠠᠨᠲᠠᠨ ᠮᠠᠨᠳᠤᠲᠤᠭᠠᠢ︕ ᠬᠠᠭᠠᠨᠲᠠᠨ ᠮᠠᠨᠳᠤᠲᠤᠭᠠᠢ︕》 ᠭᠡᠰᠡᠨ ᠳᠦ᠂ 17 ᠠᠪᠰᠠᠯᠣᠮ ᠾᠦᠱᠠᠢ ᠳᠤ᠄ 《ᠠᠨᠳᠠ ᠳᠠᠭᠠᠨ ᠦᠨᠡᠨᠴᠢ ᠪᠠᠢᠭ᠎ᠠ ᠴᠢᠨᠢ ᠡᠨᠡ ᠤᠤ︖ ᠶᠠᠭᠠᠬᠢᠭᠠᠳ ᠲᠠ ᠠᠨᠳᠠ ᠲᠠᠢ ᠪᠠᠨ ᠬᠠᠮᠲᠤ ᠶᠠᠪᠤᠭᠰᠠᠨ ᠦᠭᠡᠢ ᠪᠤᠢ︖》 ᠭᠡᠪᠡ᠃ 18 ᠾᠦᠱᠠᠢ ᠠᠪᠰᠠᠯᠣᠮ ᠳᠤ᠄ 《ᠦᠭᠡᠢ᠂ ᠶᠣᠬᠣᠸᠠ ᠪᠣᠯᠣᠨ ᠡᠨᠡ ᠠᠷᠠᠳ ᠲᠦᠮᠡᠨ᠂ ᠪᠦᠬᠦ ᠢᠰᠷᠧᠯᠴᠦᠳ ᠬᠡᠨ ᠢ ᠰᠣᠩ᠋ᠭᠣᠭᠰᠠᠨ ᠪᠠᠢᠪᠠᠯ ᠪᠢ ᠲᠡᠭᠦᠨ ᠦ ᠬᠢ ᠪᠣᠯᠵᠤ᠂ ᠮᠥᠨ ᠲᠡᠭᠦᠨ ᠲᠡᠢ ᠬᠠᠮᠲᠤ ᠪᠠᠢᠬᠤ ᠪᠣᠯᠣᠨ᠎ᠠ᠃ 19 ᠳᠠᠬᠢᠭᠠᠳ ᠬᠡᠯᠡᠪᠡᠯ ᠪᠢ ᠬᠡᠨ ᠳᠦ ᠦᠢᠯᠡᠴᠢᠯᠡᠬᠦ ᠶᠣᠰᠣᠲᠠᠢ ᠶᠤᠮ ᠪᠤᠢ︖ ᠬᠦᠦ ᠳᠦᠨᠢ ᠦᠢᠯᠡᠴᠢᠯᠡᠬᠦ ᠶᠣᠰᠣᠲᠠᠢ ᠪᠢᠰᠢ ᠭᠡᠵᠢ ᠤᠤ︖ ᠪᠢ ᠡᠴᠢᠭᠡ ᠳᠦ ᠲᠠᠨᠢ ᠦᠢᠯᠡᠴᠢᠯᠡᠭᠰᠡᠨ ᠲᠡᠢ ᠠᠳᠠᠯᠢ ᠮᠥᠨ ᠲᠠᠨ ᠳᠤ ᠦᠢᠯᠡᠴᠢᠯᠡᠨ᠎ᠡ》 ᠭᠡᠪᠡ᠃
20 ᠠᠪᠰᠠᠯᠣᠮ ᠠᠾᠢᠲ᠋ᠣᠹᠧᠯ ᠳᠤ᠄ 《ᠪᠢᠳᠡᠨ ᠦ ᠶᠠᠭᠠᠬᠢᠬᠤ ᠶᠣᠰᠣᠲᠠᠢ ᠶᠢ ᠲᠠ ᠵᠥᠪᠯᠡᠭᠡᠴᠢ》 ᠭᠡᠬᠦ ᠳᠦ᠂ 21 ᠠᠾᠢᠲ᠋ᠣᠹᠧᠯ ᠠᠪᠰᠠᠯᠣᠮ ᠳᠤ᠄ 《ᠡᠴᠢᠭᠡ ᠶᠢᠨ ᠢᠶᠠᠨ ᠣᠷᠳᠣᠨ ᠢᠶᠠᠨ ᠰᠠᠬᠢᠭᠤᠯᠬᠤ ᠪᠠᠷ ᠦᠯᠡᠳᠡᠭᠡᠭᠰᠡᠨ ᠲᠠᠲᠠᠪᠤᠷᠢ ᠨᠤᠭᠤᠳ ᠤᠷᠤᠭᠤ ᠨᠢ ᠣᠷᠣᠭᠲᠤᠨ᠃ ᠡᠴᠢᠭᠡ ᠶᠢᠨ ᠢᠶᠠᠨ ᠵᠢᠪᠡᠭᠦᠦ ᠶᠢ ᠢᠩᠭᠢᠵᠦ ᠬᠦᠷᠭᠡᠭᠰᠡᠨ ᠢ ᠴᠢᠨᠢ ᠪᠦᠬᠦ ᠢᠰᠷᠧᠯ ᠰᠣᠨᠣᠰᠪᠠᠯ ᠲᠠᠨ ᠲᠠᠢ ᠬᠠᠮᠲᠤ ᠪᠠᠢᠭ᠎ᠠ ᠪᠦᠬᠦ ᠬᠥᠮᠦᠨ ᠦ ᠭᠠᠷ ᠬᠦᠴᠦᠲᠡᠢ ᠪᠣᠯᠬᠤ ᠪᠣᠯᠣᠨ᠎ᠠ》 ᠭᠡᠯᠡ᠃ 22 ᠢᠩᠭᠢᠭᠡᠳ ᠬᠥᠮᠦᠰ ᠠᠪᠰᠠᠯᠣᠮ ᠳᠤ ᠵᠣᠷᠢᠭᠤᠯᠵᠤ᠂ ᠳᠡᠭᠡᠪᠦᠷ ᠳᠡᠭᠡᠷ᠎ᠡ ᠮᠠᠢᠬᠠᠨ ᠪᠠᠷᠢᠭᠰᠠᠨ ᠳᠤ᠂ ᠪᠦᠬᠦ ᠢᠰᠷᠧᠯ ᠤᠨ ᠨᠢᠳᠦᠨ ᠳᠡᠭᠡᠷ᠎ᠡ ᠠᠪᠰᠠᠯᠣᠮ ᠡᠴᠢᠭᠡ ᠶᠢᠨ ᠢᠶᠠᠨ ᠲᠠᠲᠠᠪᠤᠷᠢ ᠨᠤᠭᠤᠳ ᠳᠡᠭᠡᠷ᠎ᠡ ᠣᠷᠣᠪᠠ᠃ 23 ᠲᠡᠷᠡ ᠡᠳᠦᠷ ᠤᠳ ᠲᠤ ᠠᠾᠢᠲ᠋ᠣᠹᠧᠯ ᠤᠨ ᠵᠥᠪᠯᠡᠯᠭᠡ ᠪᠤᠷᠬᠠᠨ ᠠᠴᠠ ᠠᠰᠠᠭᠤᠵᠤ ᠣᠯᠣᠭᠰᠠᠨ ᠦᠭᠡ ᠮᠡᠲᠦ ᠪᠠᠢᠵᠤ᠂ ᠠᠾᠢᠲ᠋ᠣᠹᠧᠯ ᠤᠨ ᠵᠥᠪᠯᠡᠯᠭᠡ ᠪᠦᠷᠢ ᠶᠢ ᠳ᠋ᠠᠸᠢᠳ᠋ ᠴᠤ᠂ ᠠᠪᠰᠠᠯᠣᠮ ᠴᠤ ᠲᠡᠭᠡᠵᠦ ᠦᠵᠡᠵᠦ ᠪᠠᠢᠯ᠎ᠠ᠃