ᠬᠣᠶᠠᠳᠤᠭᠠᠷ ᠰᠠᠮᠦ᠋ᠶᠧᠯ ᠶᠢᠰᠦ
ᠳ᠋ᠠᠸᠢᠳ᠋ ᠬᠢᠭᠡᠳ ᠮᠧᠹᠢᠪᠣᠱᠧᠲ
1 ᠳ᠋ᠠᠸᠢᠳ᠋᠄ 《ᠣᠳᠣ ᠰᠠᠦ᠋ᠯ ᠤᠨ ᠭᠡᠷ ᠡᠴᠡ ᠠᠮᠢᠳᠤ ᠦᠯᠡᠳᠡᠭᠰᠡᠨ ᠬᠥᠮᠦᠨ ᠪᠠᠢᠨ᠎ᠠ ᠤᠤ︖ ᠪᠢ ᠶᠣᠨᠠᠲ᠋ᠠᠨ ᠤ ᠲᠥᠯᠥᠭᠡ ᠲᠡᠷᠡ ᠬᠥᠮᠦᠨ ᠳᠦ ᠡᠨᠡᠷᠢᠯ ᠬᠠᠢᠷ᠎ᠠ ᠦᠵᠡᠭᠦᠯᠦᠶ᠎ᠡ》 ᠭᠡᠪᠡ᠃ 2 ᠲᠡᠷᠡ ᠦᠶ᠎ᠡ ᠳᠦ ᠰᠠᠦ᠋ᠯ ᠤᠨ ᠭᠡᠷ ᠦᠨ ᠵᠠᠷᠤᠴᠠ ᠪᠠᠢᠭᠰᠠᠨ ᠽᠢᠪᠠ ᠭᠡᠳᠡᠭ ᠬᠥᠮᠦᠨ ᠳᠠᠭᠤᠳᠠᠭᠳᠠᠵᠤ ᠳ᠋ᠠᠸᠢᠳ᠋ ᠳᠡᠭᠡᠷ᠎ᠡ ᠢᠷᠡᠪᠡ᠃ ᠬᠠᠭᠠᠨ ᠲᠡᠭᠦᠨ ᠳᠦ᠄ 《ᠴᠢ ᠽᠢᠪᠠ ᠮᠥᠨ ᠤᠤ︖》 ᠭᠡᠬᠦ ᠳᠦ᠂ ᠲᠡᠷᠡ᠄ 《ᠲᠠᠨ ᠤ ᠵᠠᠷᠤᠴᠠ ᠪᠢ ᠪᠠᠢᠨ᠎ᠠ》 ᠭᠡᠪᠡ᠃ 3 ᠬᠠᠭᠠᠨ᠄ 《ᠰᠠᠦ᠋ᠯ ᠤᠨ ᠭᠡᠷ ᠡᠴᠡ ᠦᠯᠡᠳᠡᠭᠰᠡᠨ ᠬᠥᠮᠦᠨ ᠪᠠᠢᠨ᠎ᠠ ᠤᠤ︖ ᠪᠢ ᠲᠡᠭᠦᠨ ᠳᠦ ᠪᠤᠷᠬᠠᠨ ᠤ ᠡᠨᠡᠷᠢᠯ ᠬᠠᠢᠷ᠎ᠠ ᠶᠢ ᠦᠵᠡᠭᠦᠯᠦᠶ᠎ᠡ》 ᠭᠡᠪᠡ᠃ ᠽᠢᠪᠠ ᠬᠠᠭᠠᠨ ᠳᠤ᠄ 《ᠶᠣᠨᠠᠲ᠋ᠠᠨ ᠤ ᠬᠥᠯ ᠮᠠᠭᠤᠲᠠᠢ ᠨᠢᠭᠡ ᠬᠦᠦ ᠨᠢ ᠪᠤᠢ》 ᠭᠡᠪᠡ᠃ 4 ᠬᠠᠭᠠᠨ ᠲᠡᠭᠦᠨ ᠡᠴᠡ᠄ 《ᠲᠡᠷᠡ ᠬᠠᠮᠢᠭ᠎ᠠ ᠪᠠᠢᠨ᠎ᠠ ᠪᠤᠢ︖》 ᠭᠡᠵᠦ ᠠᠰᠠᠭᠤᠬᠤ ᠳᠤ᠂ ᠽᠢᠪᠠ ᠬᠠᠭᠠᠨ ᠳᠤ᠄ 《ᠯᠣᠳᠧᠪᠠᠷ ᠲᠤ ᠪᠠᠢᠳᠠᠭ ᠠᠮᠢᠶᠧᠯ ᠤᠨ ᠬᠦᠦ ᠮᠠᠺᠢᠷ ᠤᠨ ᠭᠡᠷ ᠲᠦ ᠪᠠᠢᠨ᠎ᠠ》 ᠭᠡᠪᠡ᠃ 5 ᠳ᠋ᠠᠸᠢᠳ᠋ ᠬᠠᠭᠠᠨ ᠯᠣᠳᠧᠪᠠᠷ ᠤᠷᠤᠭᠤ ᠬᠥᠮᠦᠨ ᠢᠯᠡᠭᠡᠨ᠂ ᠠᠮᠢᠶᠧᠯ ᠤᠨ ᠬᠦᠦ ᠮᠠᠺᠢᠷ ᠤᠨ ᠭᠡᠷ ᠡᠴᠡ ᠲᠡᠭᠦᠨ ᠢ ᠠᠪᠴᠢᠷᠠᠭᠤᠯᠪᠠ᠃ 6 ᠰᠠᠦ᠋ᠯ ᠤᠨ ᠠᠴᠢ᠂ ᠶᠣᠨᠠᠲ᠋ᠠᠨ ᠤ ᠬᠦᠦ ᠮᠧᠹᠢᠪᠣᠱᠧᠲ ᠳ᠋ᠠᠸᠢᠳ᠋ ᠳᠡᠭᠡᠷ᠎ᠡ ᠢᠷᠡᠵᠦ᠂ ᠨᠢᠭᠤᠷ ᠢᠶᠠᠨ ᠭᠠᠵᠠᠷ ᠲᠤ ᠨᠠᠭᠠᠨ ᠮᠥᠷᠭᠥᠪᠡ᠃ ᠳ᠋ᠠᠸᠢᠳ᠋᠄ 《ᠮᠧᠹᠢᠪᠣᠱᠧᠲ︕》 ᠭᠡᠬᠦ ᠳᠦ᠂ ᠲᠡᠷᠡ᠄ 《ᠲᠠᠨ ᠤ ᠵᠠᠷᠤᠴᠠ ᠪᠢ ᠡ᠊ᠨᠳᠡ ᠪᠠᠢᠨ᠎ᠠ》 ᠭᠡᠪᠡ᠃ 7 ᠳ᠋ᠠᠸᠢᠳ᠋ ᠲᠡᠭᠦᠨ ᠳᠦ᠄ 《ᠪᠦᠦ ᠠᠶᠤ︕ ᠪᠢ ᠴᠢᠨᠦ ᠡᠴᠢᠭᠡ ᠶᠣᠨᠠᠲ᠋ᠠᠨ ᠤ ᠲᠥᠯᠥᠭᠡ ᠴᠢᠮ᠎ᠠ ᠳᠤ ᠵᠠᠪᠠᠯ ᠡᠨᠡᠷᠢᠯ ᠬᠠᠢᠷ᠎ᠠ ᠦᠵᠡᠭᠦᠯᠦᠶ᠎ᠡ᠂ ᠪᠢ ᠴᠢᠨᠦ ᠡᠪᠦᠭᠡ ᠰᠠᠦ᠋ᠯ ᠤᠨ ᠪᠦᠬᠦ ᠥᠮᠴᠢ ᠭᠠᠵᠠᠷ ᠢ ᠴᠢᠮ᠎ᠠ ᠳᠤ ᠡᠷᠭᠢᠭᠦᠯᠵᠦ ᠥᠭᠭᠥᠶ᠎ᠡ᠃ ᠪᠠᠰᠠ ᠴᠢ ᠮᠢᠨᠦ ᠰᠢᠷᠡᠭᠡᠨ ᠳᠦ ᠦᠷᠭᠦᠯᠵᠢ ᠬᠣᠭᠣᠯᠠᠯᠠᠬᠤ ᠪᠣᠯᠣᠨ᠎ᠠ》 ᠭᠡᠪᠡ᠃ 8 ᠮᠧᠹᠢᠪᠣᠱᠧᠲ ᠳᠠᠬᠢᠨ ᠮᠥᠷᠭᠥᠵᠦ᠄ 《ᠦᠬᠦᠭᠰᠡᠨ ᠨᠣᠬᠠᠢ ᠮᠡᠲᠦ ᠪᠢ ᠶᠠᠭᠤ ᠪᠣᠯᠣᠭᠠᠳ ᠲᠠ ᠵᠠᠷᠤᠴᠠ ᠨᠠᠳᠠ ᠳᠠᠭᠠᠨ ᠡᠢᠨ ᠬᠦ ᠰᠠᠨᠠᠭ᠎ᠠ ᠲᠠᠯᠪᠢᠨ᠎ᠠ ᠪᠤᠢ︖》 ᠭᠡᠪᠡ᠃
9 ᠬᠠᠭᠠᠨ ᠰᠠᠦ᠋ᠯ ᠤᠨ ᠵᠠᠷᠤᠴᠠ ᠽᠢᠪᠠ ᠶᠢ ᠳᠠᠭᠤᠳᠠᠵᠤ᠄ 《ᠰᠠᠦ᠋ᠯ ᠳᠤ ᠪᠣᠯᠣᠨ ᠲᠡᠭᠦᠨ ᠦ ᠭᠡᠷ ᠦᠨ ᠬᠢᠨ ᠳᠤ ᠪᠠᠢᠭᠰᠠᠨ ᠪᠦᠬᠦᠨ ᠢ ᠪᠢ ᠴᠢᠨᠦ ᠡᠵᠡᠨ ᠦ ᠠᠴᠢ ᠬᠦᠦ ᠮᠧᠹᠢᠪᠣᠱᠧᠲ ᠲᠤ ᠥᠭᠭᠥᠯ᠎ᠡ᠃ 10 ᠡᠢᠮᠦ ᠡᠴᠡ ᠴᠢ ᠬᠥᠪᠡᠭᠦᠳ ᠪᠣᠯᠣᠨ ᠵᠠᠷᠤᠴᠠ ᠨᠠᠷ ᠤᠨ ᠢᠶᠠᠨ ᠬᠠᠮᠲᠤ ᠡᠵᠡᠨ ᠦ ᠪᠠᠨ ᠠᠴᠢ ᠬᠦᠦ ᠶᠢᠨ ᠲᠥᠯᠥᠭᠡ ᠭᠠᠵᠠᠷ ᠬᠠᠭᠠᠯᠵᠤ᠂ ᠦᠷ᠎ᠡ ᠵᠢᠮᠢᠰ ᠢ ᠨᠢ ᠬᠤᠷᠢᠶᠠᠨ ᠲᠡᠭᠦᠨ ᠳᠦ ᠬᠣᠭᠣᠯᠠ ᠬᠦᠨᠡᠰᠦ ᠶᠢ ᠨᠢ ᠬᠠᠩ᠋ᠭᠠ᠃ ᠡᠵᠡᠨ ᠦ ᠴᠢᠨᠢ ᠠᠴᠢ ᠬᠦᠦ ᠮᠧᠹᠢᠪᠣᠱᠧᠲ ᠦᠷᠭᠦᠯᠵᠢ ᠮᠢᠨᠦ ᠰᠢᠷᠡᠭᠡᠨ ᠳᠦ ᠬᠣᠭᠣᠯᠠᠯᠠᠵᠤ ᠪᠣᠯᠬᠤ ᠪᠣᠯᠣᠭᠰᠠᠨ》 ᠭᠡᠪᠡ᠃ ᠲᠡᠷᠡ ᠦᠶ᠎ᠡ ᠳᠦ ᠽᠢᠪᠠ ᠠᠷᠪᠠᠨ ᠲᠠᠪᠤᠨ ᠬᠥᠪᠡᠭᠦᠨ᠂ ᠬᠣᠷᠢᠨ ᠵᠠᠷᠤᠴᠠ ᠲᠠᠢ ᠠᠵᠢ᠃ 11 ᠽᠢᠪᠠ ᠬᠠᠭᠠᠨ ᠳᠤ᠄ 《ᠬᠠᠭᠠᠨ ᠡᠵᠡᠨ ᠦ ᠮᠢᠨᠢ ᠵᠠᠷᠤᠴᠠ ᠳᠠᠭᠠᠨ ᠲᠤᠰᠢᠶᠠᠭᠰᠠᠨ ᠪᠦᠬᠦᠨ ᠦ ᠶᠣᠰᠣᠭᠠᠷ ᠵᠠᠷᠤᠴᠠ ᠲᠠᠨᠢ ᠭᠦᠢᠴᠡᠳᠬᠡᠬᠦ ᠪᠣᠯᠣᠨ᠎ᠠ》 ᠭᠡᠪᠡ᠃ ᠲᠡᠢᠨ ᠬᠦ ᠮᠧᠹᠢᠪᠣᠱᠧᠲ ᠬᠠᠭᠠᠨ ᠤ ᠬᠥᠪᠡᠭᠦᠳ ᠦᠨ ᠨᠢᠭᠡ ᠮᠡᠲᠦ ᠳ᠋ᠠᠸᠢᠳ᠋ ᠤᠨ ᠰᠢᠷᠡᠭᠡᠨ ᠳᠦ ᠬᠣᠭᠣᠯᠠᠯᠠᠳᠠᠭ ᠪᠣᠯᠪᠠ᠃ 12 ᠮᠧᠹᠢᠪᠣᠱᠧᠲ ᠮᠢᠺᠠ ᠭᠡᠳᠡᠭ ᠪᠠᠯᠴᠢᠷ ᠬᠥᠪᠡᠭᠦᠨ ᠲᠡᠢ ᠪᠠᠢᠵᠠᠢ᠃ ᠽᠢᠪᠠ ᠶᠢᠨ ᠭᠡᠷ ᠲᠦ ᠰᠠᠭᠤᠳᠠᠭ ᠪᠦᠭᠦᠳᠡ ᠮᠧᠹᠢᠪᠣᠱᠧᠲ ᠤᠨ ᠵᠠᠷᠤᠴᠠ ᠪᠣᠯᠪᠠ᠃ 13 ᠮᠧᠹᠢᠪᠣᠱᠧᠲ ᠦᠷᠭᠦᠯᠵᠢ ᠬᠠᠭᠠᠨ ᠤ ᠰᠢᠷᠡᠭᠡᠨ ᠳᠦ ᠬᠣᠭᠣᠯᠠᠯᠠᠳᠠᠭ ᠲᠤᠯᠠ ᠶᠧᠷᠦ᠋ᠰᠠᠯᠧᠮ ᠳᠤ ᠠᠮᠢᠳᠤᠷᠠᠵᠤ ᠪᠠᠢᠪᠠ᠃ ᠲᠡᠭᠦᠨ ᠦ ᠬᠣᠶᠠᠷ ᠬᠥᠯ ᠵᠡᠮᠳᠡᠭ ᠶᠤᠮ᠃