ᠬᠣᠶᠠᠳᠤᠭᠠᠷ ᠰᠠᠮᠦ᠋ᠶᠧᠯ ᠵᠢᠷᠭᠤᠭ᠎ᠠ
ᠪᠤᠷᠬᠠᠨ ᠤ ᠠᠪᠳᠠᠷ᠎ᠠ ᠶᠢ ᠶᠧᠷᠦ᠋ᠰᠠᠯᠧᠮ ᠳᠤ ᠠᠪᠴᠢᠷᠠᠪᠠ
1 ᠳ᠋ᠠᠸᠢᠳ᠋ ᠢᠰᠷᠧᠯ ᠤᠨ ᠭᠤᠷᠪᠠᠨ ᠲᠦᠮᠡᠨ ᠰᠢᠯᠢᠳᠡᠭ ᠴᠡᠷᠢᠭ ᠢ ᠪᠦᠭᠦᠳᠡ ᠶᠢ ᠳᠠᠬᠢᠨ ᠴᠤᠭᠯᠠᠭᠤᠯᠪᠠ᠃ 2 ᠳ᠋ᠠᠸᠢᠳ᠋ ᠪᠦᠬᠦ ᠴᠡᠷᠢᠭ ᠲᠠᠢ ᠪᠠᠨ ᠬᠠᠮᠲᠤ ᠬᠥᠳᠡᠯᠦᠨ ᠪᠠᠯ ᠶᠦᠳᠠ ᠤᠷᠤᠭᠤ ᠣᠴᠢᠵᠤ᠂ ᠺᠧᠷᠣᠪ ᠤᠳ ᠤᠨ ᠳᠡᠭᠡᠷ᠎ᠡ ᠵᠠᠯᠠᠷᠠᠵᠤ ᠪᠤᠢ ᠠᠤᠭ᠎ᠠ ᠬᠦᠴᠦᠲᠦ ᠶᠣᠬᠣᠸᠠ ᠶᠢᠨ ᠨᠡᠷ᠎ᠡ ᠪᠡᠷ᠂ ᠲᠡᠷᠡ ᠨᠡᠷ᠎ᠡ ᠪᠡᠷ ᠳᠠᠭᠤᠳᠠᠭᠳᠠᠳᠠᠭ ᠪᠤᠷᠬᠠᠨ ᠤ ᠠᠪᠳᠠᠷ᠎ᠠ ᠶᠢ ᠲᠡᠨᠳᠡ ᠡᠴᠡ ᠠᠪᠴᠢᠷᠠᠬᠤ ᠪᠠᠷ ᠪᠣᠯᠪᠠ᠃ 3 ᠲᠡᠳᠡ ᠪᠤᠷᠬᠠᠨ ᠤ ᠠᠪᠳᠠᠷ᠎ᠠ ᠶᠢ ᠰᠢᠨ᠎ᠡ ᠲᠡᠷᠭᠡᠨ ᠳᠡᠭᠡᠷ᠎ᠡ ᠲᠠᠯᠪᠢᠵᠤ᠂ ᠳᠣᠪᠣ ᠳᠡᠭᠡᠷᠡᠬᠢ ᠠᠪᠢᠨᠠᠳᠠᠪ ᠤᠨ ᠭᠡᠷ ᠡᠴᠡ ᠠᠪᠴᠤ ᠶᠠᠪᠤᠬᠤ ᠳᠤ᠂ ᠠᠪᠢᠨᠠᠳᠠᠪ ᠤᠨ ᠬᠣᠶᠠᠷ ᠬᠥᠪᠡᠭᠦᠨ ᠦᠽᠠ᠂ ᠠᠾᠢᠣ᠋ ᠲᠡᠷᠡ ᠰᠢᠨ᠎ᠡ ᠲᠡᠷᠭᠡ ᠶᠢ ᠬᠥᠲᠥᠯᠦᠯᠡ᠃ 4 ᠲᠡᠳᠡ ᠪᠤᠷᠬᠠᠨ ᠤ ᠠᠪᠳᠠᠷ᠎ᠠ ᠶᠢ ᠲᠠᠯᠪᠢᠭᠰᠠᠨ ᠲᠡᠷᠭᠡ ᠶᠢ ᠳᠣᠪᠣ ᠳᠡᠭᠡᠷᠡᠬᠢ ᠠᠪᠢᠨᠠᠳᠠᠪ ᠤᠨ ᠭᠡᠷ ᠡᠴᠡ ᠠᠪᠴᠤ ᠶᠠᠪᠤᠬᠤ ᠳᠤ᠂ ᠠᠾᠢᠣ᠋ ᠠᠪᠳᠠᠷ᠎ᠠ ᠶᠢᠨ ᠡᠮᠦᠨ᠎ᠡ ᠠᠯᠬᠤᠵᠤ᠂ 5 ᠳ᠋ᠠᠸᠢᠳ᠋ ᠪᠣᠯᠣᠨ ᠢᠰᠷᠧᠯ ᠤᠨ ᠪᠦᠬᠦ ᠭᠡᠷ ᠳᠠᠭᠤᠤ ᠳᠠᠭᠤᠯᠠᠨ᠂ ᠶᠠᠲᠤᠭ᠎ᠠ᠂ ᠬᠤᠭᠤᠷ᠂ ᠬᠡᠩᠭᠡᠷᠭᠡ᠂ ᠲᠣᠪᠰᠢᠭᠤᠷ᠂ ᠴᠠᠩ ᠳᠤᠤᠭᠠᠷᠭᠠᠨ ᠶᠣᠬᠣᠸᠠ ᠶᠢᠨ ᠡᠮᠦᠨ᠎ᠡ ᠪᠦᠬᠦ ᠴᠢᠳᠠᠯ ᠢᠶᠠᠷ ᠢᠶᠠᠨ ᠬᠥᠭᠵᠢᠯᠳᠦᠵᠦ ᠪᠠᠢᠪᠠ᠃
6 ᠬᠠᠷᠢᠨ ᠲᠡᠳᠡ ᠨᠠᠺᠣᠨ ᠤ ᠦᠲᠦᠷᠮ᠎ᠡ ᠳᠦ ᠢᠷᠡᠲᠡᠯ᠎ᠡ᠂ ᠦᠬᠡᠷ ᠤᠳ ᠪᠦᠳᠦᠷᠢᠭᠰᠡᠨ ᠲᠤᠯᠠ ᠦᠽᠠ ᠪᠤᠷᠬᠠᠨ ᠤ ᠠᠪᠳᠠᠷ᠎ᠠ ᠳᠤ ᠬᠦᠷᠴᠦ᠂ ᠪᠠᠷᠢᠭᠠᠳ ᠠᠪᠤᠪᠠ᠃ 7 ᠲᠡᠭᠡᠲᠡᠯ᠎ᠡ ᠶᠣᠬᠣᠸᠠ ᠶᠢᠨ ᠠᠭᠤᠷ ᠬᠢᠯᠢᠩ ᠦᠽᠠ ᠶᠢᠨ ᠡᠰᠡᠷᠭᠦ ᠰᠢᠲᠠᠵᠤ᠂ ᠠᠯᠳᠠᠭ᠎ᠠ ᠶᠢᠨ ᠬᠢᠨᠢ ᠤᠯᠠᠮ ᠢᠶᠠᠷ ᠲᠡᠭᠦᠨ ᠢ ᠲᠡᠷᠡ ᠭᠠᠵᠠᠷ ᠲᠤᠨᠢ ᠴᠣᠬᠢᠭᠰᠠᠨ ᠳᠤ᠂ ᠲᠡᠷᠡ ᠲᠡᠨᠳᠡ᠂ ᠪᠤᠷᠬᠠᠨ ᠤ ᠠᠪᠳᠠᠷ᠎ᠠ ᠶᠢᠨ ᠳᠡᠷᠭᠡᠳᠡ ᠦᠬᠦᠪᠡ᠃ 8 ᠶᠣᠬᠣᠸᠠ ᠦᠽᠠ ᠤᠷᠤᠭᠤ ᠲᠡᠢᠨ ᠬᠦ ᠳᠠᠭᠠᠷᠢᠨ ᠳᠣᠪᠲᠣᠯᠣᠭᠰᠠᠨ ᠳᠤ᠂ ᠳ᠋ᠠᠸᠢᠳ᠋ ᠠᠭᠤᠷᠯᠠᠪᠠ᠃ ᠡᠢᠮᠦ ᠡᠴᠡ ᠲᠡᠷᠡ ᠭᠠᠵᠠᠷ ᠥᠨᠥᠳᠥᠷ ᠪᠣᠯᠲᠠᠯ᠎ᠠ ᠫᠧᠷᠧᠽ ᠦᠽᠠ 4 ᠭᠡᠵᠦ ᠨᠡᠷᠡᠯᠡᠭᠳᠡᠭᠰᠡᠭᠡᠷ ᠪᠠᠢᠨ᠎ᠠ᠃ 9 ᠲᠡᠷᠡ ᠡᠳᠦᠷ ᠳ᠋ᠠᠸᠢᠳ᠋ ᠶᠣᠬᠣᠸᠠ ᠠᠴᠠ ᠠᠶᠤᠨ᠄ 《ᠶᠣᠬᠣᠸᠠ ᠶᠢᠨ ᠠᠪᠳᠠᠷ᠎ᠠ ᠶᠢ ᠨᠠᠰᠢ ᠣᠷᠣᠭᠤᠯᠵᠤ ᠪᠣᠯᠣᠨ᠎ᠠ ᠭᠡᠵᠢ ᠤᠤ︖》 ᠭᠡᠵᠡᠢ᠃ 10 ᠲᠡᠭᠡᠭᠡᠳ ᠳ᠋ᠠᠸᠢᠳ᠋ ᠶᠣᠬᠣᠸᠠ ᠶᠢᠨ ᠠᠪᠳᠠᠷ᠎ᠠ ᠶᠢ ᠳ᠋ᠠᠸᠢᠳ᠋ ᠤᠨ ᠬᠣᠲᠠ ᠤᠷᠤᠭᠤ ᠪᠠᠨ ᠨᠡᠭᠦᠯᠭᠡᠬᠦ ᠰᠠᠨᠠᠭ᠎ᠠ ᠦᠭᠡᠢ ᠪᠣᠯᠵᠤ᠂ ᠲᠡᠭᠦᠨ ᠢ ᠭᠢᠲ ᠬᠥᠮᠦᠨ ᠣᠪᠧᠳ᠋ ᠡᠳᠣᠮ ᠤᠨ ᠭᠡᠷ ᠲᠦ ᠰᠢᠯᠵᠢᠭᠦᠯᠪᠡ᠃ 11 ᠢᠩᠭᠢᠭᠡᠳ ᠶᠣᠬᠣᠸᠠ ᠶᠢᠨ ᠠᠪᠳᠠᠷ᠎ᠠ ᠶᠢ ᠭᠢᠲ ᠬᠥᠮᠦᠨ ᠣᠪᠧᠳ᠋ ᠡᠳᠣᠮ ᠤᠨ ᠭᠡᠷ ᠲᠦ ᠭᠤᠷᠪᠠᠨ ᠰᠠᠷ᠎ᠠ ᠲᠠᠯᠪᠢᠭᠰᠠᠨ ᠪᠠᠢᠨ᠎ᠠ᠃ ᠶᠣᠬᠣᠸᠠ ᠣᠪᠧᠳ᠋ ᠡᠳᠣᠮ ᠪᠣᠯᠣᠨ ᠪᠦᠬᠦ ᠭᠡᠷ ᠦᠨ ᠬᠢᠨ ᠢ ᠨᠢ ᠢᠪᠡᠭᠡᠪᠡ᠃
12 ᠳ᠋ᠠᠸᠢᠳ᠋ ᠬᠠᠭᠠᠨ ᠳᠤ 《ᠪᠤᠷᠬᠠᠨ ᠤ ᠠᠪᠳᠠᠷ᠎ᠠ ᠶᠢᠨ ᠤᠯᠠᠮ ᠢᠶᠠᠷ ᠶᠣᠬᠣᠸᠠ ᠣᠪᠧᠳ᠋ ᠡᠳᠣᠮ ᠤᠨ ᠭᠡᠷ ᠪᠣᠯᠣᠨ ᠲᠡᠭᠦᠨ ᠢ ᠪᠦᠬᠦ ᠲᠠᠯ᠎ᠠ ᠪᠠᠷ ᠢᠪᠡᠭᠡᠭᠰᠡᠨ》 ᠭᠡᠰᠡᠨ ᠮᠡᠳᠡᠭᠡ ᠬᠦᠷᠦᠭᠰᠡᠨ ᠳᠦ᠂ ᠳ᠋ᠠᠸᠢᠳ᠋ ᠪᠠᠶᠠᠷ ᠲᠠᠢ ᠪᠠᠷ ᠲᠡᠰᠢ ᠣᠴᠢᠵᠤ᠂ ᠪᠤᠷᠬᠠᠨ ᠤ ᠠᠪᠳᠠᠷ᠎ᠠ ᠶᠢ ᠣᠪᠧᠳ᠋ ᠡᠳᠣᠮ ᠤᠨ ᠭᠡᠷ ᠡᠴᠡ ᠳ᠋ᠠᠸᠢᠳ᠋ ᠤᠨ ᠬᠣᠲᠠ ᠥᠭᠡᠳᠡ ᠠᠪᠴᠢᠷᠠᠪᠠ᠃ 13 ᠶᠣᠬᠣᠸᠠ ᠶᠢᠨ ᠠᠪᠳᠠᠷ᠎ᠠ ᠶᠢ ᠳᠠᠮᠨᠠᠭᠴᠢᠳ ᠵᠢᠷᠭᠤᠭᠠᠨ ᠠᠯᠬᠤᠮ ᠶᠠᠪᠤᠬᠤ ᠳᠤ᠂ ᠳ᠋ᠠᠸᠢᠳ᠋ ᠦᠬᠡᠷ ᠪᠣᠯᠣᠨ ᠲᠠᠷᠭᠤᠨ ᠬᠣᠨᠢ ᠪᠠᠷ ᠲᠠᠬᠢᠯ ᠡᠷᠭᠦᠪᠡ᠃ 14 ᠳ᠋ᠠᠸᠢᠳ᠋ ᠶᠣᠬᠣᠸᠠ ᠶᠢᠨ ᠡᠮᠦᠨ᠎ᠡ ᠪᠠᠢᠳᠠᠭ ᠴᠢᠳᠠᠯ ᠢᠶᠠᠷ ᠢᠶᠠᠨ ᠪᠥᠵᠢᠭᠯᠡᠪᠡ᠃ ᠳ᠋ᠠᠸᠢᠳ᠋ ᠮᠠᠭᠠᠯᠢᠩ᠋ᠭᠤᠨ ᠡᠹᠣᠳ ᠡᠮᠦᠰᠦᠭᠰᠡᠨ ᠪᠠᠢᠯ᠎ᠠ᠃ 15 ᠡᠢᠨ ᠬᠦ ᠳ᠋ᠠᠸᠢᠳ᠋ ᠪᠣᠯᠣᠨ ᠢᠰᠷᠧᠯ ᠤᠨ ᠬᠠᠮᠤᠭ ᠭᠡᠷ ᠤᠤᠬᠠᠢᠯᠠᠨ᠂ ᠡᠪᠡᠷ ᠪᠦᠷᠢᠶ᠎ᠡ ᠬᠦᠩᠭᠢᠨᠡᠭᠦᠯᠦᠭᠰᠡᠭᠡᠷ ᠶᠣᠬᠣᠸᠠ ᠶᠢᠨ ᠠᠪᠳᠠᠷ᠎ᠠ ᠶᠢ ᠠᠪᠴᠢᠷᠠᠵᠤ ᠪᠠᠢᠯ᠎ᠠ᠃
16 ᠶᠣᠬᠣᠸᠠ ᠶᠢᠨ ᠠᠪᠳᠠᠷ᠎ᠠ ᠳ᠋ᠠᠸᠢᠳ᠋ ᠤᠨ ᠬᠣᠲᠠ ᠳᠤ ᠣᠷᠣᠵᠤ ᠢᠷᠡᠬᠦ ᠦᠶ᠎ᠡ ᠳᠦ᠂ ᠰᠠᠦ᠋ᠯ ᠤᠨ ᠥᠬᠢᠨ ᠮᠢᠺᠠᠯ ᠴᠣᠩ᠋ᠬᠣ ᠪᠠᠷ ᠥᠩᠭᠡᠶᠢᠨ ᠬᠠᠷᠠᠵᠤ ᠪᠠᠢᠪᠠ᠃ ᠲᠡᠷᠡ ᠳ᠋ᠠᠸᠢᠳ᠋ ᠬᠠᠭᠠᠨ ᠤ ᠶᠣᠬᠣᠸᠠ ᠶᠢᠨ ᠡᠮᠦᠨ᠎ᠡ ᠡᠷᠭᠢᠯᠳᠦᠨ ᠦᠰᠦᠷᠴᠦ ᠪᠥᠵᠢᠭᠯᠡᠵᠦ ᠪᠤᠢ ᠶᠢ ᠬᠠᠷᠠᠭᠠᠳ ᠳᠣᠲᠣᠷ᠎ᠠ ᠪᠠᠨ ᠲᠡᠭᠦᠨ ᠢ ᠪᠠᠰᠤᠮᠵᠢᠯᠠᠪᠠ᠃
17 ᠲᠡᠳᠡ ᠶᠣᠬᠣᠸᠠ ᠶᠢᠨ ᠠᠪᠳᠠᠷ᠎ᠠ ᠶᠢ ᠠᠪᠴᠢᠷᠠᠭᠠᠳ᠂ ᠠᠪᠳᠠᠷ᠎ᠠ ᠳᠤ ᠵᠣᠷᠢᠭᠤᠯᠤᠨ ᠳ᠋ᠠᠸᠢᠳ᠋ ᠤᠨ ᠪᠣᠰᠬᠠᠭᠰᠠᠨ ᠴᠠᠴᠠᠷ ᠤᠨ ᠭᠣᠣᠯ ᠳᠤ᠂ ᠪᠠᠢᠷᠢᠨ ᠳᠤᠨᠢ ᠵᠠᠯᠠᠭᠰᠠᠨ ᠳᠤ᠂ ᠳ᠋ᠠᠸᠢᠳ᠋ ᠶᠣᠬᠣᠸᠠ ᠶᠢᠨ ᠡᠮᠦᠨ᠎ᠡ ᠰᠢᠲᠠᠭᠠᠯᠭᠠᠲᠤ ᠲᠠᠬᠢᠯ ᠪᠣᠯᠣᠨ ᠡᠪ ᠦᠨ ᠲᠠᠬᠢᠯ ᠢ ᠡᠷᠭᠦᠭᠰᠡᠨ ᠪᠠᠢᠨ᠎ᠠ᠃ 18 ᠳ᠋ᠠᠸᠢᠳ᠋ ᠰᠢᠲᠠᠭᠠᠯᠭᠠᠲᠤ ᠲᠠᠬᠢᠯ ᠪᠣᠯᠣᠨ ᠡᠪ ᠦᠨ ᠲᠠᠬᠢᠯ ᠢ ᠡᠷᠭᠦᠵᠦ ᠳᠠᠭᠤᠰᠤᠭᠠᠳ ᠠᠤᠭ᠎ᠠ ᠬᠦᠴᠦᠲᠦ ᠶᠣᠬᠣᠸᠠ ᠶᠢᠨ ᠨᠡᠷ᠎ᠡ ᠪᠡᠷ ᠠᠷᠠᠳ ᠣᠯᠠᠨ ᠢ ᠢᠷᠥᠭᠡᠵᠦ 19 ᠬᠠᠮᠤᠭ ᠠᠷᠠᠳ ᠣᠯᠠᠨ᠂ ᠴᠤᠭᠯᠠᠷᠠᠭᠰᠠᠨ ᠡᠷᠡᠭᠲᠡᠢ ᠡᠮᠡᠭᠲᠡᠢ ᠢᠰᠷᠧᠯ ᠤᠨ ᠬᠥᠮᠦᠨ ᠪᠣᠯᠭᠠᠨ ᠳᠤ ᠨᠢᠭᠡ ᠳᠤᠭᠤᠢ ᠪᠣᠣᠪᠣ᠂ ᠬᠡᠰᠡᠭ ᠮᠢᠬ᠎ᠠ᠂ ᠨᠢᠭᠡ ᠪᠥᠭᠡᠮ ᠬᠠᠲᠠᠭᠠᠭᠰᠠᠨ ᠦᠵᠦᠮ ᠲᠦᠭᠡᠭᠡᠭᠰᠡᠨ ᠳᠦ᠂ ᠠᠷᠠᠳ ᠣᠯᠠᠨ ᠪᠦᠭᠦᠳᠡᠭᠡᠷ ᠢᠶᠡᠨ ᠭᠡᠷ ᠭᠡᠷ ᠲᠡᠭᠡᠨ ᠬᠠᠷᠢᠵᠠᠢ᠃
20 ᠳ᠋ᠠᠸᠢᠳ᠋ ᠭᠡᠷ ᠪᠦᠯᠢ ᠶᠢᠨ ᠬᠢᠨ ᠢᠶᠠᠨ ᠢᠷᠥᠭᠡᠬᠦ ᠪᠡᠷ ᠪᠤᠴᠠᠵᠤ ᠢᠷᠡᠬᠦ ᠳᠦ᠂ ᠰᠠᠦ᠋ᠯ ᠤᠨ ᠥᠬᠢᠨ ᠮᠢᠺᠠᠯ ᠳ᠋ᠠᠸᠢᠳ᠋ ᠢ ᠤᠭᠲᠤᠬᠤ ᠪᠠᠷ ᠭᠠᠷᠴᠤ ᠢᠷᠡᠭᠡᠳ᠄ 《ᠢᠰᠷᠧᠯ ᠤᠨ ᠬᠠᠭᠠᠨ ᠥᠨᠥᠳᠥᠷ ᠶᠠᠮᠠᠷ ᠶᠡᠬᠡ ᠣᠨᠴᠠᠭᠠᠢᠷᠠᠪᠠ︖ ᠪᠦᠳᠦᠭᠦᠯᠢᠭ ᠬᠥᠮᠦᠨ ᠱᠠᠯᠳᠠᠯᠠᠵᠤ ᠨᠢᠴᠦᠭᠦᠯᠡᠳᠡᠭ ᠦᠨ ᠠᠳᠠᠯᠢ ᠥᠨᠥᠳᠥᠷ ᠲᠠ ᠲᠦᠰᠢᠮᠡᠳ ᠦᠨ ᠢᠶᠠᠨ ᠰᠢᠪᠡᠭᠴᠢᠳ ᠤᠨ ᠨᠢᠳᠦᠨ ᠳᠡᠭᠡᠷ᠎ᠡ ᠨᠢᠴᠦᠭᠦᠯᠡᠯᠡ》 ᠭᠡᠪᠡ᠃ 21 ᠳ᠋ᠠᠸᠢᠳ᠋ ᠮᠢᠺᠠᠯ ᠳᠤ᠄ 《ᠪᠢ ᠶᠣᠬᠣᠸᠠ ᠶᠢᠨ ᠯᠠ ᠡᠮᠦᠨ᠎ᠡ ᠪᠥᠵᠢᠭᠯᠡᠭᠰᠡᠨ︕ ᠶᠣᠬᠣᠸᠠ ᠴᠢᠨᠦ ᠡᠴᠢᠭᠡ ᠪᠣᠯᠣᠨ ᠲᠡᠭᠦᠨ ᠦ ᠬᠠᠮᠤᠭ ᠭᠡᠷ ᠦᠨ ᠬᠢᠨ ᠤ ᠣᠷᠣᠨ ᠳᠤ ᠨᠠᠮᠠᠶᠢ ᠰᠣᠩ᠋ᠭᠣᠵᠤ᠂ ᠨᠠᠮᠠᠶᠢ ᠶᠣᠬᠣᠸᠠ ᠶᠢᠨ ᠠᠷᠠᠳ ᠲᠦᠮᠡᠨ ᠢᠰᠷᠧᠯ ᠤᠨ ᠵᠠᠬᠢᠷᠤᠭᠴᠢ ᠪᠠᠷ ᠲᠣᠮᠢᠯᠠᠭᠰᠠᠨ ᠤᠴᠢᠷ ᠠᠴᠠ ᠪᠢ ᠶᠣᠬᠣᠸᠠ ᠶᠢᠨ ᠡᠮᠦᠨ᠎ᠡ ᠪᠠᠶᠠᠷ ᠲᠠᠢ ᠪᠠᠢᠬᠤ ᠪᠣᠯᠣᠨ᠎ᠠ᠃ 22 ᠪᠢ ᠡᠭᠦᠨ ᠡᠴᠡ ᠴᠤ ᠢᠯᠡᠭᠦᠦ ᠳᠣᠣᠷᠠᠳᠤ ᠪᠣᠯᠵᠤ᠂ ᠴᠢᠨᠦ 5 ᠨᠢᠳᠦᠨ ᠳᠦ ᠪᠠᠰᠤᠮᠵᠢᠯᠠᠭᠳᠠᠭᠰᠠᠨ ᠴᠤ᠂ ᠴᠢᠨᠦ ᠬᠡᠯᠡᠭᠰᠡᠨ ᠲᠡᠳᠡᠭᠡᠷ ᠰᠢᠪᠡᠭᠴᠢᠨ ᠳᠤ ᠬᠦᠨᠳᠦᠯᠡᠭᠳᠡᠬᠦ ᠪᠣᠯᠣᠨ᠎ᠠ》 ᠭᠡᠪᠡ᠃ 23 ᠰᠠᠦ᠋ᠯ ᠤᠨ ᠥᠬᠢᠨ ᠮᠢᠺᠠᠯ ᠨᠠᠰᠤᠨ ᠡᠴᠦᠰ ᠪᠣᠯᠲᠠᠯ᠎ᠠ ᠪᠠᠨ ᠦᠷ᠎ᠡ ᠬᠡᠦᠬᠡᠳ ᠦᠭᠡᠢ ᠪᠠᠢᠪᠠ᠃