1 2 3 4 5 6 7 8 9 10 11 12 13 14 15 16 17 18 19 20 21 22 23 24


ᠬᠣᠶᠠᠳᠤᠭᠠᠷ ᠰᠠᠮᠦ᠋ᠶᠧᠯ ᠠᠷᠪᠠᠨ ᠭᠤᠷᠪᠠ
 ᠠᠮᠨᠣᠨ ᠬᠢᠭᠡᠳ ᠲᠠᠮᠠᠷ

1 ᠬᠡᠰᠡᠭ ᠬᠤᠭᠤᠴᠠᠭ᠎ᠠ ᠥᠩᠭᠡᠷᠡᠪᠡ᠃ ᠳ᠋ᠠᠸᠢᠳ᠋ ᠤᠨ ᠬᠦᠦ ᠠᠪᠰᠠᠯᠣᠮ ᠳᠤ ᠲᠠᠮᠠᠷ ᠭᠡᠳᠡᠭ ᠦᠵᠡᠰᠬᠦᠯᠡᠩ ᠭᠤᠸ᠎ᠠ ᠥᠬᠢᠨ ᠳᠡᠭᠦᠦ ᠪᠠᠢᠭᠰᠠᠨ ᠪᠥᠭᠡᠳ ᠳ᠋ᠠᠸᠢᠳ᠋ ᠤᠨ ᠬᠦᠦ ᠠᠮᠨᠣᠨ ᠲᠡᠭᠦᠨ ᠳᠦ ᠳᠤᠷᠠᠯᠠᠵᠠᠢ᠃ 2 ᠲᠠᠮᠠᠷ ᠣᠩ᠋ᠭᠣᠨ ᠪᠠᠢᠭᠰᠠᠨ ᠪᠣᠯᠬᠣᠷ ᠲᠡᠭᠦᠨ ᠳᠦ ᠶᠠᠮᠠᠷ ᠨᠢᠭᠡ ᠶᠠᠭᠤᠮ᠎ᠠ ᠬᠢᠬᠦ ᠳᠦ ᠪᠡᠷᠬᠡ ᠰᠠᠨᠠᠭᠳᠠᠭᠰᠠᠨ ᠲᠤᠯᠠ ᠠᠮᠨᠣᠨ ᠥᠬᠢᠨ ᠳᠡᠭᠦᠦ ᠲᠠᠮᠠᠷ ᠠᠴᠠ ᠪᠠᠨ ᠪᠣᠯᠵᠤ ᠰᠡᠳᠬᠢᠯ ᠵᠣᠪᠠᠵᠤ ᠪᠡᠲᠡᠭᠢᠷᠡᠬᠦ ᠪᠣᠯᠪᠠ᠃ 3 ᠠᠮᠨᠣᠨ ᠳᠤ ᠶᠣᠨᠠᠳᠠᠪ ᠭᠡᠳᠡᠭ ᠨᠢᠭᠡᠨ ᠨᠠᠢᠵᠠ ᠪᠠᠢᠯ᠎ᠠ᠃ ᠲᠡᠷᠡ ᠪᠣᠯ ᠳ᠋ᠠᠸᠢᠳ᠋ ᠤᠨ ᠠᠬ᠎ᠠ ᠱᠢᠮᠧᠶ᠎ᠠ ᠶᠢᠨ ᠬᠦᠦ ᠪᠥᠭᠡᠳ ᠶᠡᠬᠡ ᠤᠬᠠᠭᠠᠯᠢᠭ ᠬᠥᠮᠦᠨ ᠪᠠᠢᠯ᠎ᠠ᠃ 4 ᠲᠡᠷᠡ ᠠᠮᠨᠣᠨ ᠳᠤ᠄ 《ᠬᠠᠭᠠᠨ ᠤ ᠬᠦᠦ ᠮᠢᠨᠢ᠂ ᠴᠢ ᠶᠠᠭᠠᠬᠢᠭᠠᠳ ᠡᠳᠦᠷ ᠡᠴᠡ ᠡᠳᠦᠷ ᠡᠢᠮᠦ ᠴᠣᠩᠬᠢᠭᠠᠷ ᠪᠣᠯᠣᠭᠠᠳ ᠪᠠᠢᠨ᠎ᠠ ᠪᠤᠢ︖ ᠴᠢ ᠨᠠᠳᠠ ᠳᠤ ᠬᠡᠯᠡᠬᠦ ᠦᠭᠡᠢ ᠤᠤ︖》 ᠭᠡᠬᠦ ᠳᠦ᠂ ᠠᠮᠨᠣᠨ ᠲᠡᠭᠦᠨ ᠳᠦ᠄ 《ᠪᠢ ᠳᠡᠭᠦᠦ ᠠᠪᠰᠠᠯᠣᠮ ᠤᠨ ᠢᠶᠠᠨ ᠥᠬᠢᠨ ᠳᠡᠭᠦᠦ ᠲᠠᠮᠠᠷ ᠲᠤ ᠳᠤᠷᠠᠯᠠᠵᠠᠢ》 ᠭᠡᠯ᠎ᠡ᠃ 5 ᠶᠣᠨᠠᠳᠠᠪ ᠲᠡᠭᠦᠨ ᠳᠦ᠄ 《ᠣᠷᠣᠨ ᠳᠠᠭᠠᠨ ᠬᠡᠪᠲᠡᠵᠦ᠂ ᠡᠪᠡᠳᠴᠢᠨ ᠲᠡᠢ ᠮᠡᠲᠦ ᠳᠦᠷᠢ ᠦᠵᠡᠭᠦᠯ᠃ ᠡᠴᠢᠭᠡ ᠴᠢᠨᠢ ᠴᠢᠮᠠᠶᠢ ᠡᠷᠭᠢᠬᠦ ᠪᠡᠷ ᠢᠷᠡᠪᠡᠯ ᠲᠡᠭᠦᠨ ᠳᠦ᠄ 〈ᠥᠬᠢᠨ ᠳᠡᠭᠦᠦ ᠲᠠᠮᠠᠷ ᠤᠨ ᠡ᠊ᠨᠳᠡ ᠢᠷᠡᠵᠦ ᠨᠠᠳᠠ ᠳᠤ ᠬᠣᠭᠣᠯᠠ ᠬᠢᠵᠦ ᠥᠭᠬᠦ ᠶᠢ ᠵᠥᠪᠰᠢᠶᠡᠷᠡᠭᠡᠴᠢ᠃ ᠲᠡᠷᠡ ᠮᠢᠨᠦ ᠨᠢᠳᠦᠨ ᠡᠮᠦᠨ᠎ᠡ ᠬᠣᠭᠣᠯᠠ ᠪᠠᠵᠠᠭᠠᠵᠤ᠂ ᠪᠢ ᠲᠡᠭᠦᠨ ᠢ ᠬᠠᠷᠠᠵᠤ ᠪᠠᠢᠭᠠᠳ ᠲᠡᠭᠦᠨ ᠦ ᠭᠠᠷ ᠠᠴᠠ ᠬᠣᠭᠣᠯᠠ ᠢᠳᠡᠬᠦ ᠶᠢ ᠬᠦᠰᠡᠵᠦ ᠪᠠᠢᠨ᠎ᠠ〉 ᠭᠡᠵᠦ ᠬᠡᠯᠡ》 ᠭᠡᠰᠡᠨ ᠳᠦ᠂ 6 ᠠᠮᠨᠣᠨ ᠬᠡᠪᠲᠡᠵᠦ᠂ ᠡᠪᠡᠳᠴᠢᠨ ᠲᠡᠢ ᠮᠡᠲᠦ ᠳᠦᠷᠢ ᠦᠵᠡᠭᠦᠯᠪᠡ᠃ ᠬᠠᠭᠠᠨ ᠲᠡᠭᠦᠨ ᠢ ᠡᠷᠭᠢᠬᠦ ᠪᠡᠷ ᠢᠷᠡᠬᠦ ᠳᠦ᠂ ᠠᠮᠨᠣᠨ ᠬᠠᠭᠠᠨ ᠳᠤ᠄ 《ᠥᠬᠢᠨ ᠳᠡᠭᠦᠦ ᠲᠠᠮᠠᠷ ᠤᠨ ᠡ᠊ᠨᠳᠡ ᠢᠷᠡᠬᠦ ᠶᠢ ᠵᠥᠪᠰᠢᠶᠡᠷᠡᠭᠡᠴᠢ᠂ ᠲᠡᠷᠡ ᠮᠢᠨᠦ ᠨᠢᠳᠦᠨ ᠡᠮᠦᠨ᠎ᠡ ᠬᠡᠳᠦᠨ ᠪᠣᠣᠪᠣ ᠬᠢᠵᠦ ᠥᠭᠭᠥᠭᠡᠳ ᠥᠪᠡᠷ ᠦᠨ ᠢᠶᠠᠨ ᠭᠠᠷ ᠢᠶᠠᠷ ᠨᠠᠳᠠ ᠳᠤ ᠢᠳᠡᠭᠦᠯᠬᠦ ᠶᠢ ᠨᠢ ᠪᠢ ᠬᠦᠰᠡᠵᠦ ᠪᠠᠢᠨ᠎ᠠ》 ᠭᠡᠪᠡ᠃

7 ᠳ᠋ᠠᠸᠢᠳ᠋ ᠣᠷᠳᠣᠨ ᠳᠠᠬᠢ ᠲᠠᠮᠠᠷ ᠲᠤ ᠦᠭᠡ ᠶᠠᠪᠤᠭᠤᠯᠵᠤ᠄ 《ᠠᠮᠨᠣᠨ ᠠᠬ᠎ᠠ ᠶᠢᠨ ᠢᠶᠠᠨ ᠭᠡᠷ ᠲᠦ ᠣᠴᠢᠵᠤ᠂ ᠲᠡᠭᠦᠨ ᠳᠦ ᠬᠣᠭᠣᠯᠠ ᠬᠢᠵᠦ ᠥᠭᠭᠥᠭᠲᠦᠨ》 ᠭᠡᠵᠦ ᠬᠡᠯᠡᠭᠦᠯᠪᠡ᠃ 8 ᠲᠠᠮᠠᠷ ᠠᠮᠨᠣᠨ ᠠᠬ᠎ᠠ ᠶᠢᠨ ᠢᠶᠠᠨ ᠭᠡᠷ ᠲᠦ ᠢᠷᠡᠬᠦ ᠳᠦ᠂ ᠲᠡᠷᠡ ᠬᠡᠪᠲᠡᠵᠦ ᠪᠠᠢᠯ᠎ᠠ᠃ ᠲᠠᠮᠠᠷ ᠭᠤᠯᠢᠷ ᠠᠪᠴᠤ ᠨᠤᠬᠤᠭᠠᠳ᠂ ᠨᠢᠳᠦᠨ ᠡᠮᠦᠨ᠎ᠡ ᠨᠢ ᠪᠣᠣᠪᠣ ᠬᠢᠵᠦ ᠵᠢᠩᠨᠡᠭᠰᠡᠨ ᠦ ᠳᠠᠷᠠᠭ᠎ᠠ᠂ 9 ᠨᠥᠭᠥᠭᠡ ᠲᠣᠭᠣᠭ᠎ᠠ ᠶᠢ ᠠᠪᠴᠤ᠂ ᠲᠡᠭᠦᠨ ᠦ ᠡᠮᠦᠨ᠎ᠡ ᠪᠣᠣᠪᠣ ᠶᠢ ᠭᠠᠷᠭᠠᠵᠤ ᠲᠠᠯᠪᠢᠭᠰᠠᠨ ᠪᠣᠯᠪᠠᠴᠤ ᠠᠮᠨᠣᠨ ᠢᠳᠡᠬᠦ ᠦᠭᠡᠢ ᠪᠠᠢᠪᠠ᠃ ᠠᠮᠨᠣᠨ᠄ 《ᠴᠥᠮ ᠢᠶᠡᠷ ᠢᠶᠠᠨ ᠡ᠊ᠨᠳᠡ ᠡᠴᠡ ᠭᠠᠷᠴᠠᠭ᠎ᠠ》 ᠭᠡᠰᠡᠨ ᠳᠦ᠂ ᠪᠦᠭᠦᠳᠡᠭᠡᠷ ᠢᠶᠡᠨ ᠥᠷᠥᠭᠡᠨ ᠡᠴᠡ ᠨᠢ ᠭᠠᠷᠪᠠ᠃ 10 ᠠᠮᠨᠣᠨ ᠲᠠᠮᠠᠷ ᠲᠤ᠄ 《ᠬᠣᠭᠣᠯᠠ ᠶᠢ ᠨᠠᠭᠠᠳᠤ ᠥᠷᠥᠭᠡᠨ ᠳᠦ ᠠᠪᠴᠢᠷᠠ᠃ ᠪᠢ ᠴᠢᠨᠦ ᠭᠠᠷ ᠠᠴᠠ ᠢᠳᠡᠶ᠎ᠡ》 ᠭᠡᠪᠡ᠃ ᠲᠠᠮᠠᠷ ᠬᠢᠭᠰᠡᠨ ᠪᠣᠣᠪᠣ ᠪᠠᠨ ᠠᠮᠨᠣᠨ ᠠᠬ᠎ᠠ ᠶᠢᠨ ᠢᠶᠠᠨ ᠥᠷᠥᠭᠡᠨ ᠳᠦ ᠠᠪᠴᠢᠷᠠᠭᠠᠳ 11 ᠢᠳᠡᠭᠦᠯᠬᠦ ᠭᠡᠵᠦ ᠲᠡᠭᠦᠨ ᠳᠦ ᠣᠢᠷᠠᠲᠤᠲᠠᠯ᠎ᠠ᠂ ᠲᠡᠷᠡ ᠲᠡᠭᠦᠨ ᠢ ᠪᠠᠷᠢᠨ᠄ 《ᠳᠡᠭᠦᠦ ᠮᠢᠨᠢ᠂ ᠨᠠᠳᠠ ᠲᠠᠢ ᠤᠨᠲᠠ》 ᠭᠡᠪᠡ᠃ 12 ᠲᠠᠮᠠᠷ᠄ 《ᠪᠣᠯᠬᠤ ᠦᠭᠡᠢ᠂ ᠠᠬ᠎ᠠ ᠮᠢᠨᠢ᠃ ᠨᠠᠮᠠᠶᠢ ᠪᠦᠦ ᠳᠣᠷᠣᠮᠵᠢᠯᠠᠭᠠᠴᠢ᠃ ᠡᠢᠮᠦ ᠶᠠᠪᠤᠳᠠᠯ ᠢᠰᠷᠧᠯ ᠳᠤ ᠪᠠᠢᠵᠤ ᠪᠣᠯᠣᠰᠢ ᠦᠭᠡᠢ᠃ ᠡᠢᠮᠦ ᠮᠤᠩ᠋ᠬᠠᠭ ᠬᠡᠷᠡᠭ ᠪᠦᠦ ᠦᠢᠯᠡᠳᠦᠭᠡᠴᠢ︕ 13 ᠪᠢ ᠡᠢᠮᠦ ᠢᠴᠢᠭᠦᠷᠢᠲᠡᠢ ᠪᠠᠷ ᠬᠠᠮᠢᠭ᠎ᠠ ᠣᠴᠢᠬᠤ ᠨᠢ ᠪᠤᠢ︖ ᠲᠠ ᠴᠤ ᠭᠡᠰᠡᠨ ᠢᠰᠷᠧᠯ ᠳᠤ ᠮᠤᠩ᠋ᠬᠠᠭ ᠨᠢᠭᠡᠨ ᠮᠡᠲᠦ ᠲᠣᠭᠠᠴᠠᠭᠳᠠᠨ᠎ᠠ ᠰᠢᠦ ᠳᠠ᠃ ᠣᠳᠣ ᠲᠠ ᠬᠠᠭᠠᠨ ᠳᠤ ᠬᠡᠯᠡᠬᠦ ᠦᠭᠡᠢ ᠤᠤ︖ ᠲᠡᠷᠡ ᠨᠠᠮᠠᠶᠢ ᠲᠠᠨ ᠳᠤ ᠥᠭᠬᠦ ᠡᠴᠡ ᠬᠠᠷᠠᠮᠯᠠᠬᠤ ᠦᠭᠡᠢ ᠶᠤᠮ》 ᠭᠡᠪᠡ᠃ 14 ᠭᠡᠪᠡᠴᠦ ᠠᠮᠨᠣᠨ ᠲᠡᠭᠦᠨ ᠦ ᠬᠢ ᠶᠢ ᠰᠣᠨᠣᠰᠬᠤ ᠳᠤᠷ᠎ᠠ ᠦᠭᠡᠢ ᠪᠠᠢᠯ᠎ᠠ᠃ ᠲᠡᠷᠡ ᠲᠠᠮᠠᠷ ᠠᠴᠠ ᠢᠯᠡᠭᠦᠦ ᠬᠦᠴᠦ ᠲᠠᠢ ᠪᠣᠯᠬᠣᠷ ᠲᠡᠭᠦᠨ ᠢ ᠬᠡᠪᠲᠡᠭᠦᠯᠵᠦ ᠬᠦᠴᠦᠷᠬᠡᠭᠯᠡᠵᠡᠢ᠃

15 ᠳᠠᠷᠠᠭ᠎ᠠ ᠨᠢ ᠠᠮᠨᠣᠨ ᠲᠡᠭᠦᠨ ᠢ ᠮᠠᠰᠢ ᠶᠡᠬᠡ ᠪᠡᠷ ᠵᠢᠭ᠍ᠰᠢᠨ ᠵᠢᠪᠡᠭᠦᠴᠡᠪᠡ᠃ ᠦᠨᠡᠨ ᠳᠡᠭᠡᠨ ᠲᠡᠷᠡ ᠵᠢᠭ᠍ᠰᠢᠯᠲᠡ ᠨᠢ ᠲᠡᠭᠦᠨ ᠢ ᠬᠠᠢᠷᠠᠯᠠᠵᠤ ᠪᠠᠢᠭᠰᠠᠨ ᠬᠠᠢᠷ᠎ᠠ ᠠᠴᠠ ᠨᠢ ᠴᠤ ᠢᠯᠡᠭᠦᠦ ᠬᠦᠴᠦ ᠲᠠᠢ ᠪᠠᠢᠪᠠ᠃ ᠠᠮᠨᠣᠨ ᠲᠡᠭᠦᠨ ᠳᠦ᠄ 《ᠪᠣᠰᠣᠭᠠᠳ᠂ ᠭᠠᠷ︕》 ᠭᠡᠪᠡ᠃ 16 ᠲᠠᠮᠠᠷ ᠲᠡᠭᠦᠨ ᠳᠦ᠄ 《ᠦᠭᠡᠢ᠂ ᠠᠬ᠎ᠠ ᠮᠢᠨᠢ ᠨᠠᠮᠠᠶᠢ ᠬᠥᠭᠡᠭᠡᠵᠦ ᠭᠠᠷᠭᠠᠬᠤ ᠴᠢᠨᠢ ᠰᠠᠶ᠋ᠢ ᠶᠢᠨ ᠦᠢᠯᠡᠳᠦᠭᠰᠡᠨ ᠶᠠᠪᠤᠳᠠᠯ ᠠᠴᠠ ᠴᠢᠨᠢ ᠢᠯᠡᠭᠦᠦ ᠪᠤᠵᠠᠷ ᠮᠠᠭᠤ ᠪᠠᠢᠨ᠎ᠠ ᠰᠢᠦ》 ᠭᠡᠰᠡᠨ ᠪᠣᠯᠪᠠᠴᠤ ᠲᠡᠷᠡ ᠰᠣᠨᠣᠰᠬᠤ ᠦᠭᠡᠢ ᠪᠠᠢᠯ᠎ᠠ᠃ 17 ᠠᠮᠨᠣᠨ ᠵᠠᠷᠤᠴᠠ ᠵᠠᠯᠠᠭᠤ ᠪᠠᠨ ᠳᠠᠭᠤᠳᠠᠨ᠄ 《ᠡᠨᠡ ᠡᠮ᠎ᠡ ᠶᠢ ᠡ᠊ᠨᠳᠡ ᠡᠴᠡ ᠬᠥᠭᠡᠭᠡᠵᠦ ᠭᠠᠷᠭᠠᠭᠠᠳ ᠡᠭᠦᠳᠡ ᠪᠡᠨ ᠲᠦᠭᠵᠢ》 ᠭᠡᠵᠦ ᠲᠤᠰᠢᠶᠠᠪᠠ᠃ 18 ᠲᠡᠷᠡ ᠦᠶ᠎ᠡ ᠳᠦ ᠲᠠᠮᠠᠷ ᠬᠠᠭᠠᠨ ᠤ ᠣᠩ᠋ᠭᠣᠨ ᠭᠦᠩᠵᠦ ᠶᠢᠨ ᠶᠣᠰᠣᠭᠠᠷ ᠮᠠᠩᠨᠤᠭ ᠳᠡᠪᠡᠯ ᠡᠮᠦᠰᠦᠭᠰᠡᠨ ᠪᠠᠢᠪᠠ᠃ ᠬᠠᠷᠢᠨ ᠠᠮᠨᠣᠨ ᠤ ᠵᠠᠷᠤᠴᠠ ᠲᠡᠭᠦᠨ ᠢ ᠬᠥᠭᠡᠭᠡᠵᠦ ᠭᠠᠷᠭᠠᠭᠠᠳ ᠡᠭᠦᠳᠡ ᠪᠡᠨ ᠲᠦᠭᠵᠢᠪᠡ᠃ 19 ᠲᠠᠮᠠᠷ ᠲᠣᠯᠣᠭᠠᠢ ᠳᠡᠭᠡᠷ᠎ᠡ ᠪᠡᠨ ᠦᠨᠡᠰᠦ ᠰᠠᠴᠤᠨ᠂ ᠮᠠᠩᠨᠤᠭ ᠳᠡᠪᠡᠯ ᠢᠶᠡᠨ ᠤᠷᠠᠵᠤ᠂ ᠲᠣᠯᠣᠭᠠᠢ ᠪᠠᠨ ᠲᠡᠪᠡᠷᠢᠨ᠂ ᠴᠢᠩᠭ᠍᠎ᠠ ᠪᠠᠷ ᠤᠬᠢᠯᠠᠭᠰᠠᠭᠠᠷ ᠶᠠᠪᠤᠪᠠ᠃
 ᠠᠪᠰᠠᠯᠣᠮ ᠥᠰᠢᠶ᠎ᠡ ᠠᠪᠤᠪᠠ

20 ᠠᠬ᠎ᠠ ᠠᠪᠰᠠᠯᠣᠮ ᠨᠢ ᠲᠡᠭᠦᠨ ᠳᠦ᠄ 《ᠠᠬ᠎ᠠ ᠠᠮᠨᠣᠨ ᠴᠢᠨᠢ ᠴᠢᠮ᠎ᠠ ᠲᠠᠢ ᠬᠠᠮᠲᠤ ᠪᠠᠢᠭᠰᠠᠨ ᠤᠤ︖ ᠬᠠᠷᠢᠨ ᠣᠳᠣ ᠳᠡᠭᠦᠦ ᠮᠢᠨᠢ᠂ ᠳᠠᠭᠤ ᠦᠭᠡᠢ ᠪᠠᠢ᠃ ᠲᠡᠷᠡ ᠴᠢᠨᠢ ᠴᠢᠨᠦ ᠠᠬ᠎ᠠ ᠰᠢᠦ ᠳᠠ᠃ ᠡᠨᠡ ᠶᠠᠪᠤᠳᠠᠯ ᠢ ᠰᠡᠳᠬᠢᠯ ᠳᠡᠭᠡᠨ ᠪᠦᠦ ᠬᠠᠳᠠᠭᠠᠯᠠ》 ᠭᠡᠪᠡ᠃ ᠡᠢᠨ ᠬᠦ ᠲᠠᠮᠠᠷ ᠠᠪᠰᠠᠯᠣᠮ ᠠᠬ᠎ᠠ ᠶᠢᠨ ᠢᠶᠠᠨ ᠭᠡᠷ ᠲᠦ ᠭᠠᠭᠴᠠᠭᠠᠷᠳᠠᠨ ᠰᠠᠭᠤᠵᠤ ᠪᠠᠢᠯ᠎ᠠ᠃ 21 ᠳ᠋ᠠᠸᠢᠳ᠋ ᠬᠠᠭᠠᠨ ᠡᠨᠡ ᠪᠦᠬᠦ ᠬᠡᠷᠡᠭ ᠢ ᠰᠣᠨᠣᠰᠣᠭᠠᠳ ᠶᠡᠬᠡᠳᠡ ᠠᠭᠤᠷᠯᠠᠭᠰᠠᠨ ᠪᠠᠢᠯ᠎ᠠ᠃ 22 ᠠᠪᠰᠠᠯᠣᠮ ᠠᠬ᠎ᠠ ᠠᠮᠨᠣᠨ ᠳᠠᠭᠠᠨ ᠰᠠᠢᠨ ᠮᠠᠭᠤ ᠶᠠᠭᠤ ᠴᠤ ᠶᠠᠷᠢᠭᠰᠠᠨ ᠦᠭᠡᠢ᠃ ᠭᠡᠪᠡᠴᠦ ᠥᠬᠢᠨ ᠳᠡᠭᠦᠦ ᠲᠠᠮᠠᠷ ᠢ ᠨᠢ ᠳᠣᠷᠣᠮᠵᠢᠯᠠᠭᠰᠠᠨ ᠤᠴᠢᠷ ᠲᠤ ᠲᠡᠷᠡ ᠠᠮᠨᠣᠨ ᠢ ᠵᠠᠨᠤᠵᠤ ᠪᠠᠢᠪᠠ᠃

23 ᠪᠦᠲᠦᠨ ᠬᠣᠶᠠᠷ ᠵᠢᠯ ᠥᠩᠭᠡᠷᠡᠭᠰᠡᠨ ᠦ ᠳᠠᠷᠠᠭ᠎ᠠ᠂ ᠡᠹᠷᠠᠢᠮ ᠤᠨ ᠣᠢᠷᠠᠯᠴᠠᠭ᠎ᠠ ᠪᠠᠯ ᠬᠠᠽᠣᠷ ᠲᠤ ᠠᠪᠰᠠᠯᠣᠮ ᠤᠨ ᠬᠣᠨᠢ ᠬᠢᠷᠭᠠᠭᠴᠢᠳ ᠴᠤᠭᠯᠠᠷᠠᠵᠠᠭᠠᠵᠠᠢ᠃ ᠠᠪᠰᠠᠯᠠᠤᠮ ᠬᠠᠭᠠᠨ ᠤ ᠪᠦᠬᠦ ᠬᠥᠪᠡᠭᠦᠨ ᠢ ᠤᠷᠢᠭᠰᠠᠨ ᠪᠥᠭᠡᠳ 24 ᠬᠠᠭᠠᠨ ᠳᠤ ᠪᠠᠷᠠᠯᠬᠠᠨ᠄ 《ᠬᠠᠷᠠ᠂ ᠲᠠᠨ ᠤ ᠵᠠᠷᠤᠴᠠ ᠪᠢ ᠬᠣᠨᠢ ᠬᠢᠷᠭᠠᠭᠴᠢᠳ ᠢᠶᠠᠨ ᠴᠤᠭᠯᠠᠭᠤᠯᠤᠭᠰᠠᠨ᠂ ᠬᠠᠭᠠᠨ ᠲᠠ ᠵᠠᠷᠤᠴᠠ ᠨᠠᠷ ᠢᠶᠠᠨ ᠳᠠᠭᠠᠭᠤᠯᠤᠨ ᠨᠠᠳᠠ ᠲᠠᠢ ᠬᠠᠮᠲᠤ ᠣᠴᠢᠨ᠎ᠠ ᠤᠤ︖》 ᠭᠡᠪᠡ᠃ 25 ᠬᠠᠭᠠᠨ ᠠᠪᠰᠠᠯᠣᠮ ᠳᠤ᠄ 《ᠦᠭᠡᠢ᠂ ᠬᠦᠦ ᠮᠢᠨᠢ᠂ ᠪᠢᠳᠡ ᠪᠦᠭᠦᠳᠡᠭᠡᠷ ᠢᠶᠡᠨ ᠶᠠᠪᠤᠬᠤ ᠬᠡᠷᠡᠭ ᠦᠭᠡᠢ᠃ ᠪᠢᠳᠡ ᠴᠢᠮ᠎ᠠ ᠳᠤ ᠳᠠᠷᠤᠮᠲᠠ ᠪᠣᠯᠬᠤ ᠨᠢ ᠡ》 ᠭᠡᠪᠡ᠃ ᠠᠪᠰᠠᠯᠣᠮ ᠱᠠᠯᠠᠭᠰᠠᠨ ᠪᠣᠯᠪᠠᠴᠤ ᠳ᠋ᠠᠸᠢᠳ᠋ ᠶᠠᠪᠤᠭᠰᠠᠨ ᠦᠭᠡᠢ᠂ ᠣᠷᠣᠨ ᠳᠤᠨᠢ ᠲᠡᠭᠦᠨ ᠢ ᠢᠷᠥᠭᠡᠪᠡ᠃ 26 ᠲᠡᠭᠡᠬᠦ ᠳᠦ ᠠᠪᠰᠠᠯᠣᠮ᠄ 《ᠲᠡᠭᠡᠪᠡᠯ ᠮᠢᠨᠦ ᠠᠬ᠎ᠠ ᠠᠮᠨᠣᠨ ᠤ ᠪᠢᠳᠡᠨ ᠲᠡᠢ ᠬᠠᠮᠲᠤ ᠶᠠᠪᠤᠬᠤ ᠶᠢ ᠵᠥᠪᠰᠢᠶᠡᠷᠡᠭᠡᠴᠢ》 ᠭᠡᠬᠦ ᠳᠦ᠂ ᠬᠠᠭᠠᠨ ᠲᠡᠭᠦᠨ ᠡᠴᠡ᠄ 《ᠶᠠᠭᠠᠬᠢᠭᠠᠳ ᠲᠡᠷᠡ ᠴᠢᠮ᠎ᠠ ᠲᠠᠢ ᠬᠠᠮᠲᠤ ᠶᠠᠪᠤᠬᠤ ᠶᠣᠰᠣᠲᠠᠢ ᠪᠢᠯᠡ︖》 ᠭᠡᠵᠦ ᠠᠰᠠᠭᠤᠪᠠ᠃ 27 ᠭᠡᠪᠡᠴᠦ ᠠᠪᠰᠠᠯᠣᠮ ᠱᠠᠯᠠᠭᠠᠳ ᠪᠠᠢᠬᠤᠯᠠᠷ ᠳ᠋ᠠᠸᠢᠳ᠋ ᠠᠮᠨᠣᠨ ᠪᠣᠯᠣᠨ ᠬᠠᠭᠠᠨ ᠤ ᠪᠦᠬᠦ ᠬᠥᠪᠡᠭᠦᠨ ᠢ ᠲᠡᠭᠦᠨ ᠲᠡᠢ ᠬᠠᠮᠲᠤ ᠶᠠᠪᠤᠭᠤᠯᠪᠠ᠃ 28 ᠠᠪᠰᠠᠯᠣᠮ ᠵᠠᠷᠤᠴᠠ ᠨᠠᠷ ᠲᠠᠭᠠᠨ ᠵᠠᠬᠢᠨ᠄ 《ᠠᠮᠨᠣᠨ ᠳᠠᠷᠠᠰᠤᠨ ᠳᠤ ᠬᠠᠯᠠᠮᠰᠢᠬᠤ ᠬᠦᠷᠲᠡᠯ᠎ᠡ ᠲᠠ ᠨᠠᠷ ᠠᠩ᠋ᠬᠠᠷᠴᠤ ᠪᠠᠢᠭᠠᠳ᠂ 〈ᠠᠮᠨᠣᠨ ᠢ ᠴᠣᠬᠢ〉 ᠭᠡᠵᠦ ᠨᠠᠮᠠᠶᠢ ᠬᠡᠯᠡᠮᠡᠭᠴᠡ ᠲᠡᠭᠦᠨ ᠢ ᠠᠯᠠᠭᠲᠤᠨ᠃ ᠪᠦᠦ ᠠᠶᠤᠵᠠᠭ᠎ᠠ᠃ ᠲᠡᠭᠡᠵᠦ ᠵᠠᠬᠢᠭᠰᠠᠨ ᠬᠥᠮᠦᠨ ᠨᠢ ᠪᠢ ᠪᠢᠰᠢ ᠤᠤ︖ ᠲᠤᠤᠱᠲᠠᠢ ᠪᠥᠭᠡᠳ ᠵᠣᠷᠢᠭᠲᠠᠢ ᠪᠠᠢ》 ᠭᠡᠪᠡ᠃ 29 ᠠᠪᠰᠠᠯᠣᠮ ᠤᠨ ᠵᠠᠷᠤᠴᠠ ᠨᠠᠷ ᠲᠤᠰᠢᠶᠠᠭᠰᠠᠨ ᠶᠣᠰᠣᠭᠠᠷ ᠨᠢ ᠠᠮᠨᠣᠨ ᠳᠤ ᠬᠢᠭᠰᠡᠨ ᠳᠦ᠂ ᠬᠠᠭᠠᠨ ᠤ ᠪᠦᠬᠦ ᠬᠥᠪᠡᠭᠦᠨ ᠪᠣᠰᠴᠤ᠂ ᠥᠪᠡᠷ ᠥᠪᠡᠷ ᠦᠨ ᠢᠶᠠᠨ ᠯᠠᠭᠤᠰᠠ ᠶᠢ ᠤᠨᠤᠨ ᠵᠢᠭᠤᠲᠠᠵᠠᠭᠠᠪᠠ᠃

30 ᠲᠡᠳᠡ ᠵᠠᠮ ᠳᠤ ᠶᠠᠪᠤᠵᠤ ᠪᠠᠢᠬᠤ ᠳᠤ᠂ ᠠᠪᠰᠠᠯᠣᠮ ᠬᠠᠭᠠᠨ ᠤ ᠪᠦᠬᠦ ᠬᠥᠪᠡᠭᠦᠨ ᠢ ᠬᠥᠨᠥᠭᠡᠵᠦ᠂ ᠲᠡᠳᠡᠨ ᠡᠴᠡ ᠨᠢᠭᠡ ᠶᠢ ᠨᠢ ᠴᠤ ᠠᠮᠢᠳᠤ ᠦᠯᠡᠳᠡᠭᠡᠭᠰᠡᠨ ᠦᠭᠡᠢ ᠭᠡᠬᠦ ᠮᠡᠳᠡᠭᠡ ᠳ᠋ᠠᠸᠢᠳ᠋ ᠲᠤ ᠬᠦᠷᠪᠡ᠃ 31 ᠬᠠᠭᠠᠨ ᠤᠬᠤᠰᠬᠢᠨ ᠪᠣᠰᠴᠤ᠂ ᠬᠤᠪᠴᠠᠰᠤ ᠪᠠᠨ ᠤᠷᠠᠨ ᠭᠠᠵᠠᠷ ᠲᠤ ᠡᠯᠢᠭᠡᠳᠡᠪᠡ᠃ ᠲᠡᠭᠦᠨ ᠦ ᠪᠦᠬᠦ ᠲᠦᠰᠢᠮᠡᠯ ᠴᠤ ᠬᠤᠪᠴᠠᠰᠤ ᠪᠠᠨ ᠤᠷᠠᠨ ᠵᠣᠭᠰᠣᠵᠤ ᠪᠠᠢᠪᠠ᠃ 32 ᠲᠡᠭᠡᠬᠦ ᠳᠦ ᠳ᠋ᠠᠸᠢᠳ᠋ ᠤᠨ ᠠᠬ᠎ᠠ ᠱᠢᠮᠧᠶ᠎ᠠ ᠶᠢᠨ ᠬᠦᠦ ᠶᠣᠨᠠᠳᠠᠪ᠄ 《ᠬᠠᠭᠠᠨ ᠤ ᠬᠥᠪᠡᠭᠦᠳ ᠪᠦᠭᠦᠳᠡ ᠠᠯᠠᠭᠳᠠᠪᠠ ᠭᠡᠵᠦ ᠡᠵᠡᠨᠲᠡᠨ ᠮᠢᠨᠢ ᠪᠦᠦ ᠪᠣᠳᠣ᠃ ᠭᠠᠭᠴᠠ ᠠᠮᠨᠣᠨ ᠠᠯᠠᠭᠳᠠᠭᠰᠠᠨ ᠪᠠᠢᠬ᠎ᠠ᠂ ᠲᠡᠷᠡ ᠥᠬᠢᠨ ᠳᠡᠭᠦᠦ ᠲᠠᠮᠠᠷ ᠢ ᠨᠢ ᠬᠦᠴᠦᠷᠬᠡᠭᠯᠡᠭᠰᠡᠨ ᠡᠳᠦᠷ ᠡᠴᠡ ᠬᠣᠢᠰᠢ ᠠᠪᠰᠠᠯᠣᠮ ᠲᠡᠢᠮᠦ ᠰᠠᠨᠠᠭ᠎ᠠ ᠲᠠᠢ ᠪᠠᠢᠭᠰᠠᠨ ᠶᠤᠮ᠃ 33 ᠣᠳᠣ ᠡᠵᠡᠨᠲᠡᠨ ᠮᠢᠨᠢ᠂ 〈ᠲᠠᠨ ᠤ ᠪᠦᠬᠦ ᠬᠥᠪᠡᠭᠦᠨ ᠠᠯᠠᠭᠳᠠᠪᠠ〉 ᠭᠡᠰᠡᠨ ᠮᠡᠳᠡᠭᠡ ᠶᠢ ᠵᠢᠷᠦᠬᠡᠨ ᠳᠡᠭᠡᠨ ᠪᠦᠦ ᠬᠠᠳᠠᠭᠠᠯᠠ᠃ ᠭᠠᠭᠴᠠ ᠠᠮᠨᠣᠨ ᠯᠠ ᠠᠯᠠᠭᠳᠠᠭᠰᠠᠨ ᠪᠠᠢᠬ᠎ᠠ》 ᠭᠡᠪᠡ᠃

34 ᠬᠠᠷᠢᠨ ᠠᠪᠰᠠᠯᠣᠮ ᠵᠢᠭᠤᠲᠠᠭᠰᠠᠨ ᠪᠠᠢᠯ᠎ᠠ᠃ ᠬᠠᠷᠠᠭᠤᠯ ᠵᠠᠯᠠᠭᠤ ᠨᠢᠳᠦ ᠡᠷᠭᠦᠲᠡᠯ᠎ᠡ᠂ ᠠᠷᠤ ᠶᠢᠨ ᠠᠭᠤᠯᠠ ᠶᠢᠨ ᠬᠠᠵᠠᠭᠤ ᠶᠢᠨ ᠵᠠᠮ ᠢᠶᠠᠷ ᠣᠯᠠᠨ ᠬᠥᠮᠦᠨ ᠢᠷᠡᠵᠦ ᠶᠠᠪᠤᠭ᠎ᠠ ᠨᠢ ᠬᠠᠷᠠᠭᠳᠠᠪᠠ᠃ 35 ᠶᠣᠨᠠᠳᠠᠪ ᠬᠠᠭᠠᠨ ᠳᠤ᠄ 《ᠬᠠᠷᠠ᠂ ᠬᠠᠭᠠᠨ ᠤ ᠬᠥᠪᠡᠭᠦᠳ ᠢᠷᠡᠴᠢᠬᠡᠭᠡᠳ ᠪᠠᠢᠨ᠎ᠠ︕ ᠶᠠᠭ ᠲᠠᠨ ᠤ ᠵᠠᠷᠤᠴᠠ ᠶᠢᠨ ᠬᠡᠯᠡᠭᠰᠡᠨ ᠶᠣᠰᠣᠭᠠᠷ ᠪᠣᠯᠵᠠᠢ》 ᠭᠡᠪᠡ᠃ 36 ᠲᠡᠷᠡ ᠲᠡᠢᠨ ᠬᠦ ᠬᠡᠯᠡᠵᠦ ᠳᠠᠭᠤᠰᠲᠠᠯ᠎ᠠ ᠬᠠᠭᠠᠨ ᠤ ᠬᠥᠪᠡᠭᠦᠳ ᠣᠷᠣᠵᠤ ᠢᠷᠡᠨ ᠣᠷᠢᠯᠠᠨ ᠤᠬᠢᠯᠠᠯᠳᠤᠪᠠ᠃ ᠮᠥᠨ ᠬᠠᠭᠠᠨ ᠪᠣᠯᠣᠨ ᠬᠠᠮᠤᠭ ᠲᠦᠰᠢᠮᠡᠯ ᠨᠢ ᠴᠤ ᠮᠠᠰᠢ ᠶᠡᠬᠡ ᠪᠡᠷ ᠴᠤᠷᠬᠢᠷᠠᠨ ᠤᠬᠢᠯᠠᠯᠳᠤᠪᠠ᠃

37 ᠠᠪᠰᠠᠯᠣᠮ ᠵᠢᠭᠤᠲᠠᠨ ᠭᠧᠱᠦ᠋ᠷ ᠤᠨ ᠬᠠᠭᠠᠨ ᠠᠮᠢᠾᠦ᠋ᠳ᠋ ᠤᠨ ᠬᠦᠦ ᠲᠠᠯᠮᠠᠢ ᠤᠷᠤᠭᠤ ᠣᠴᠢᠵᠠᠢ᠃ ᠳ᠋ᠠᠸᠢᠳ᠋ ᠬᠦᠦ ᠶᠢᠨ ᠢᠶᠠᠨ ᠬᠣᠢᠨ᠎ᠠ ᠠᠴᠠ ᠡᠳᠦᠷ ᠪᠦᠷᠢ ᠭᠠᠰᠢᠭᠤᠳᠠᠵᠤ ᠪᠠᠢᠯ᠎ᠠ᠃ 38 ᠠᠪᠰᠠᠯᠣᠮ ᠵᠢᠭᠤᠲᠠᠨ ᠭᠧᠱᠦ᠋ᠷ ᠲᠤ ᠣᠴᠢᠭᠠᠳ ᠲᠡᠨᠳᠡ ᠭᠤᠷᠪᠠᠨ ᠵᠢᠯ ᠪᠠᠢᠪᠠ᠃ 39 ᠳ᠋ᠠᠸᠢᠳ᠋ ᠬᠠᠭᠠᠨ ᠠᠪᠰᠠᠯᠣᠮ ᠤᠨ ᠬᠣᠢᠨ᠎ᠠ ᠠᠴᠠ ᠣᠴᠢᠬᠤ ᠶᠢ ᠡᠷᠡᠮᠡᠯᠵᠡᠪᠡ 12 ᠃ ᠤᠴᠢᠷ ᠨᠢ ᠳ᠋ᠠᠸᠢᠳ᠋ ᠠᠮᠨᠣᠨ ᠤ ᠨᠠᠰᠤ ᠪᠠᠷᠠᠭᠰᠠᠨ ᠲᠤᠬᠠᠢ ᠭᠠᠰᠢᠭᠤᠳᠠᠯ ᠢᠶᠠᠨ ᠳᠠᠭᠤᠰᠬᠠᠭᠰᠠᠨ ᠪᠠᠢᠯ᠎ᠠ᠃