ᠬᠣᠶᠠᠳᠤᠭᠠᠷ ᠰᠠᠮᠦ᠋ᠶᠧᠯ ᠬᠣᠷᠢᠨ ᠨᠢᠭᠡ
ᠭᠢᠪᠧᠶᠣᠨᠴᠤᠳ ᠤᠨ ᠬᠠᠷᠠᠭᠤᠰᠤᠯ ᠢ ᠳᠡᠢᠯᠪᠡ
1 ᠳ᠋ᠠᠸᠢᠳ᠋ ᠤᠨ ᠦᠶ᠎ᠡ ᠳᠦ ᠭᠤᠷᠪᠠᠨ ᠵᠢᠯ ᠳᠠᠷᠠᠭᠠᠯᠠᠨ ᠥᠯᠥᠰᠬᠥᠯᠡᠩ ᠪᠣᠯᠣᠭᠰᠠᠨ ᠪᠠᠢᠨ᠎ᠠ᠃ ᠳ᠋ᠠᠸᠢᠳ᠋ ᠶᠣᠬᠣᠸᠠ ᠠᠴᠠ ᠠᠰᠠᠭᠤᠬᠤ ᠳᠤ᠂ ᠶᠣᠬᠣᠸᠠ᠄ 《ᠭᠢᠪᠧᠶᠣᠨᠴᠤᠳ ᠢ ᠠᠯᠠᠵᠤ ᠴᠢᠰᠤ ᠤᠷᠤᠰᠬᠠᠭᠰᠠᠨ ᠰᠠᠦ᠋ᠯ ᠪᠣᠯᠣᠨ ᠲᠡᠭᠦᠨ ᠦ ᠭᠡᠷ ᠡᠴᠡ ᠪᠣᠯᠣᠭᠰᠠᠨ ᠶᠤᠮ》 ᠭᠡᠪᠡ᠃ 2 ᠬᠠᠭᠠᠨ ᠭᠢᠪᠧᠶᠣᠨᠴᠤᠳ ᠢ ᠳᠠᠭᠤᠳᠠᠨ ᠲᠡᠳᠡᠨ ᠲᠡᠢ ᠶᠠᠷᠢᠪᠠ᠃ ᠭᠢᠪᠧᠶᠣᠨᠴᠤᠳ ᠪᠣᠯ ᠢᠰᠷᠧᠯ ᠤᠨ ᠦᠷ᠎ᠡ ᠤᠳᠤᠮ ᠪᠢᠰᠢ᠂ ᠬᠠᠷᠢᠨ ᠠᠮᠣᠷᠢᠴᠤᠳ ᠠᠴᠠ ᠦᠯᠡᠳᠡᠭᠰᠡᠨ ᠬᠥᠮᠦᠰ ᠪᠢᠯᠡ᠃ ᠢᠰᠷᠧᠯᠴᠦᠳ ᠲᠡᠳᠡᠨ ᠢ ᠬᠠᠮᠠᠭᠠᠯᠠᠬᠤ ᠪᠠᠷ ᠲᠠᠩ᠋ᠭᠠᠷᠢᠭᠯᠠᠭᠰᠠᠨ ᠪᠣᠯᠪᠠᠴᠤ ᠰᠠᠦ᠋ᠯ ᠢᠰᠷᠧᠯᠴᠦᠳ᠂ ᠶᠦᠳᠠᠴᠤᠳ ᠤᠨ ᠲᠥᠯᠥᠭᠡ ᠯᠠ ᠭᠡᠬᠦ ᠬᠠᠯᠠᠭᠤᠨ ᠰᠡᠳᠬᠢᠯ ᠡᠴᠡ ᠪᠡᠨ ᠪᠣᠯᠵᠤ᠂ ᠲᠡᠳᠡᠨ ᠢ ᠤᠰᠠᠳᠬᠠᠬᠤ ᠪᠠᠷ ᠰᠠᠨᠠᠭᠠᠷᠬᠠᠵᠤ ᠪᠠᠢᠪᠠ᠃ 3 ᠳ᠋ᠠᠸᠢᠳ᠋ ᠭᠢᠪᠧᠶᠣᠨᠴᠤᠳ ᠠᠴᠠ᠄ 《ᠪᠢ ᠲᠠ ᠨᠠᠷ ᠤᠨ ᠲᠥᠯᠥᠭᠡ ᠶᠠᠭᠤ ᠬᠢᠵᠦ ᠥᠭᠬᠦ ᠪᠤᠢ︖ ᠪᠢ ᠶᠠᠭᠤ ᠪᠠᠷ ᠵᠣᠯᠢᠶᠠᠰᠤ ᠪᠣᠯᠭᠠᠪᠠᠯ ᠲᠠ ᠨᠠᠷ ᠶᠣᠬᠣᠸᠠ ᠶᠢᠨ ᠥᠪ ᠢ ᠢᠷᠥᠭᠡᠬᠦ ᠪᠤᠢ︖》 ᠭᠡᠵᠦ ᠠᠰᠠᠭᠤᠬᠤ ᠳᠤ᠂ 4 ᠭᠢᠪᠧᠶᠣᠨᠴᠤᠳ ᠲᠡᠭᠦᠨ ᠳᠦ᠄ 《ᠰᠠᠦ᠋ᠯ ᠪᠠ ᠲᠡᠭᠦᠨ ᠦ ᠭᠡᠷ ᠡᠴᠡ ᠠᠯᠲᠠ ᠮᠥᠩᠭᠥ ᠱᠠᠭᠠᠷᠳᠠᠬᠤ ᠡᠷᠬᠡ ᠴᠤ᠂ ᠢᠰᠷᠧᠯ ᠤᠨ ᠬᠡᠨ ᠨᠢᠭᠡᠨ ᠢ ᠴᠠᠭᠠᠵᠠᠯᠠᠬᠤ ᠡᠷᠬᠡ ᠴᠤ ᠪᠢᠳᠡᠨ ᠳᠦ ᠪᠠᠢᠬᠤ ᠦᠭᠡᠢ》 ᠭᠡᠪᠡ᠃ ᠳ᠋ᠠᠸᠢᠳ᠋᠄ 《ᠲᠠ ᠨᠠᠷ ᠶᠠᠭᠤ ᠬᠡᠯᠡᠭᠰᠡᠨ ᠴᠤ ᠪᠢ ᠬᠢᠵᠦ ᠥᠭᠭᠥᠨ᠎ᠡ》 ᠭᠡᠪᠡ᠃ 5 ᠲᠡᠳᠡ ᠬᠠᠭᠠᠨ ᠳᠤ᠄ 《ᠪᠢᠳᠡᠨ ᠢ ᠬᠢᠳᠤᠭᠰᠠᠨ ᠬᠥᠮᠦᠨ᠂ ᠪᠢᠳᠡᠨ ᠢ ᠢᠰᠷᠧᠯ ᠤᠨ ᠨᠤᠲᠤᠭ ᠳᠡᠪᠢᠰᠬᠡᠷ ᠡᠴᠡ ᠦᠯᠡᠳᠡᠭᠡᠯ ᠦᠭᠡᠢ ᠤᠰᠠᠳᠬᠠᠬᠤ ᠪᠠᠷ ᠲᠥᠯᠥᠪᠯᠡᠭᠰᠡᠨ ᠬᠥᠮᠦᠨ ᠦ 6 ᠬᠥᠪᠡᠭᠦᠳ ᠡᠴᠡ ᠳᠣᠯᠣᠭᠠᠨ ᠬᠥᠮᠦᠨ ᠢ ᠪᠢᠳᠡᠨ ᠳᠦ ᠲᠤᠰᠢᠶᠠᠵᠤ ᠥᠭ᠃ ᠶᠣᠬᠣᠸᠠ ᠳᠤ ᠰᠣᠩ᠋ᠭᠣᠭᠳᠠᠭᠰᠠᠨ ᠰᠠᠦ᠋ᠯ ᠤᠨ ᠭᠢᠪᠧᠶ᠎ᠠ ᠳᠤ᠂ ᠪᠢᠳᠡ ᠶᠣᠬᠣᠸᠠ ᠶᠢᠨ ᠡᠮᠦᠨ᠎ᠡ ᠲᠡᠳᠡᠨ ᠢ ᠳᠡᠭᠦᠵᠢᠯᠡᠶᠡ》 ᠭᠡᠬᠦ ᠳᠦ᠂ ᠬᠠᠭᠠᠨ᠄ 《ᠲᠤᠰᠢᠶᠠᠵᠤ ᠥᠭᠭᠥᠶ᠎ᠡ》 ᠭᠡᠪᠡ᠃
7 ᠭᠡᠪᠡᠴᠦ ᠬᠠᠭᠠᠨ ᠰᠠᠦ᠋ᠯ ᠤᠨ ᠬᠦᠦ ᠶᠣᠨᠠᠲ᠋ᠠᠨ ᠤ ᠬᠥᠪᠡᠭᠦᠨ ᠮᠧᠹᠢᠪᠣᠱᠧᠲ ᠢ ᠦᠯᠡᠳᠡᠭᠡᠪᠡ᠃ ᠡᠨᠡ ᠨᠢ ᠶᠣᠬᠣᠸᠠ ᠶᠢᠨ ᠡᠮᠦᠨ᠎ᠡ ᠲᠠᠯᠪᠢᠭᠰᠠᠨ ᠳ᠋ᠠᠸᠢᠳ᠋ ᠪᠣᠯᠣᠨ ᠶᠣᠨᠠᠲ᠋ᠠᠨ ᠤ ᠬᠣᠭᠣᠷᠣᠨᠳᠣᠬᠢ ᠲᠠᠩ᠋ᠭᠠᠷᠢᠭ ᠤᠨ ᠤᠴᠢᠷ ᠢᠶᠠᠷ ᠶᠤᠮ᠃ 8 ᠣᠷᠣᠨ ᠳᠤᠨᠢ ᠬᠠᠭᠠᠨ ᠠᠢᠶᠠ ᠶᠢᠨ ᠥᠬᠢᠨ ᠷᠢᠽᠫᠠ ᠶᠢᠨ ᠰᠠᠦ᠋ᠯ ᠳᠤ ᠲᠥᠷᠥᠭᠦᠯᠵᠦ ᠥᠭᠭᠥᠭᠰᠡᠨ ᠬᠣᠶᠠᠷ ᠬᠥᠪᠡᠭᠦᠨ ᠠᠷᠮᠣᠨᠢ ᠪᠠ ᠮᠧᠹᠢᠪᠣᠱᠧᠲ ᠢ᠂ ᠮᠥᠨ ᠰᠠᠦ᠋ᠯ ᠤᠨ ᠥᠬᠢᠨ ᠮᠧᠷᠠᠪ ᠤᠨ ᠮᠧᠬᠣᠯᠠᠲ ᠬᠥᠮᠦᠨ ᠪᠠᠷᠽᠢᠯᠠᠢ ᠶᠢᠨ ᠬᠥᠪᠡᠭᠦᠨ ᠠᠳ᠋ᠷᠢᠶᠧᠯ ᠳᠤ ᠲᠥᠷᠥᠭᠦᠯᠵᠦ ᠥᠭᠭᠥᠭᠰᠡᠨ ᠲᠠᠪᠤᠨ ᠬᠥᠪᠡᠭᠦᠨ ᠢ ᠠᠪᠴᠤ᠂ 9 ᠭᠢᠪᠧᠶᠣᠨᠴᠤᠳ ᠤᠨ ᠭᠠᠷ ᠲᠤ ᠲᠤᠰᠢᠶᠠᠪᠠ᠃ ᠭᠢᠪᠧᠶᠣᠨᠴᠤᠳ ᠲᠡᠳᠡᠨ ᠢ ᠶᠣᠬᠣᠸᠠ ᠶᠢᠨ ᠡᠮᠦᠨ᠎ᠡ ᠠᠭᠤᠯᠠᠨ ᠳᠡᠭᠡᠷ᠎ᠡ ᠳᠡᠭᠦᠵᠢᠯᠡᠭᠰᠡᠨ ᠳᠦ᠂ ᠲᠡᠷᠡ ᠳᠣᠯᠣᠭᠠᠨ ᠬᠥᠮᠦᠨ ᠬᠠᠮᠲᠤ ᠳᠠᠭᠠᠨ ᠦᠬᠦᠪᠡ᠃ ᠲᠡᠳᠡ ᠤᠷᠭᠤᠴᠠ ᠬᠤᠷᠢᠶᠠᠬᠤ ᠦᠶ᠎ᠡ ᠳᠦ᠂ ᠠᠷᠪᠠᠢ ᠬᠤᠷᠢᠶᠠᠬᠤ ᠡᠬᠢᠨ ᠤ ᠡᠳᠦᠷ ᠤᠳ ᠲᠤ ᠴᠠᠭᠠᠵᠠᠯᠠᠭᠤᠯᠵᠠᠢ᠃
10 ᠠᠢᠶᠠ ᠶᠢᠨ ᠥᠬᠢᠨ ᠷᠢᠽᠫᠠ ᠲᠠᠭᠠᠷ ᠠᠪᠴᠢᠷᠠᠵᠤ ᠬᠠᠳᠠᠨ ᠳᠡᠭᠡᠷ᠎ᠡ ᠳᠡᠪᠢᠰᠦᠨ ᠰᠠᠭᠤᠭᠠᠳ᠂ ᠤᠷᠭᠤᠴᠠ ᠬᠤᠷᠢᠶᠠᠬᠤ ᠠᠴᠠ ᠡᠬᠢᠯᠡᠨ ᠲᠡᠳᠡᠨ ᠳᠡᠭᠡᠷ᠎ᠡ ᠲᠩᠷᠢ ᠡᠴᠡ ᠪᠣᠷᠣᠭᠠᠨ ᠣᠷᠣᠬᠤ ᠬᠦᠷᠲᠡᠯ᠎ᠡ᠂ ᠡᠳᠦᠷ ᠨᠢ ᠲᠩᠷᠢ ᠶᠢᠨ ᠰᠢᠪᠠᠭᠤ ᠶᠢ᠂ ᠰᠥᠨᠢ ᠨᠢ ᠬᠡᠭᠡᠷ᠎ᠡ ᠶᠢᠨ ᠠᠷᠢᠶᠠᠲᠠᠨ ᠢ ᠥᠷᠭᠥᠭᠡᠨ ᠲᠡᠳᠡᠨ ᠦ ᠴᠣᠭᠴᠠᠰ ᠲᠤ ᠣᠢᠷᠠᠲᠤᠭᠤᠯᠤᠭᠰᠠᠨ ᠦᠭᠡᠢ᠃ 11 ᠰᠠᠦ᠋ᠯ ᠤᠨ ᠲᠠᠲᠠᠪᠤᠷᠢ ᠡᠮ᠎ᠡ᠂ ᠠᠢᠶᠠ ᠶᠢᠨ ᠥᠬᠢᠨ ᠷᠢᠽᠫᠠ ᠶᠢᠨ ᠶᠠᠭᠤ ᠬᠢᠭᠰᠡᠨ ᠢ ᠬᠡᠨ ᠨᠢᠭᠡ ᠨᠢ ᠳ᠋ᠠᠸᠢᠳ᠋ ᠲᠤ ᠳᠤᠭᠤᠯᠭᠠᠭᠰᠠᠨ ᠳᠤ᠂ 12 ᠲᠡᠷᠡ ᠶᠠᠪᠧᠱ ᠭᠢᠯᠧᠶᠠᠳ᠋ ᠲᠤ ᠣᠴᠢᠵᠤ ᠲᠡᠨᠳᠡᠬᠢ ᠶᠢᠨ ᠨᠣᠶᠠᠳ ᠠᠴᠠ ᠰᠠᠦ᠋ᠯ ᠪᠣᠯᠣᠨ ᠲᠡᠭᠦᠨ ᠦ ᠬᠥᠪᠡᠭᠦᠨ ᠶᠣᠨᠠᠲ᠋ᠠᠨ ᠤ ᠶᠠᠰᠤ ᠶᠢ ᠠᠪᠤᠪᠠ᠃ ᠹᠢᠯᠢᠰᠲ᠋ᠴᠦᠳ ᠰᠠᠦ᠋ᠯ ᠢ ᠭᠢᠯᠪᠣᠶ᠎ᠠ ᠳᠤ ᠠᠯᠠᠭᠰᠠᠨ ᠤ ᠪᠠᠨ ᠳᠠᠷᠠᠭ᠎ᠠ ᠲᠡᠭᠦᠨ ᠢ ᠪᠧᠲ ᠱᠠᠨ ᠤ ᠲᠠᠯᠠᠪᠠᠢ ᠳᠤ ᠶᠣᠨᠠᠲ᠋ᠠᠨ ᠲᠠᠢ ᠬᠠᠮᠲᠤ ᠳᠡᠭᠦᠵᠢᠯᠡᠵᠦ ᠲᠠᠯᠪᠢᠭᠰᠠᠨ ᠳᠤ᠂ ᠶᠠᠪᠧᠱ ᠭᠢᠯᠧᠶᠠᠳ᠋ᠴᠤᠳ ᠬᠤᠯᠠᠭᠠᠢᠯᠠᠨ ᠠᠪᠴᠢᠷᠠᠭᠰᠠᠨ ᠶᠤᠮ᠃ 13 ᠳ᠋ᠠᠸᠢᠳ᠋ ᠰᠠᠦ᠋ᠯ ᠪᠣᠯᠣᠨ ᠲᠡᠭᠦᠨ ᠦ ᠬᠥᠪᠡᠭᠦᠨ ᠶᠣᠨᠠᠲ᠋ᠠᠨ ᠤ ᠶᠠᠰᠤ ᠶᠢ ᠲᠡᠨᠳᠡ ᠡᠴᠡ ᠠᠪᠴᠢᠷᠠᠭᠰᠠᠨ ᠳᠤ᠂ ᠬᠥᠮᠦᠰ ᠳᠡᠭᠦᠵᠢᠯᠡᠭᠦᠯᠦᠨ ᠠᠯᠠᠭᠳᠠᠭᠰᠠᠨ ᠬᠥᠮᠦᠰ ᠦᠨ ᠶᠠᠰᠤ ᠶᠢ ᠴᠤ ᠴᠤᠭᠯᠠᠭᠤᠯᠪᠠ᠃ 14 ᠲᠡᠳᠡ ᠰᠠᠦ᠋ᠯ ᠪᠣᠯᠣᠨ ᠬᠥᠪᠡᠭᠦᠨ ᠶᠣᠨᠠᠲ᠋ᠠᠨ ᠤ ᠬᠢᠨᠢ ᠶᠠᠰᠤ ᠶᠢ ᠪᠢᠨᠶᠠᠮᠢᠨ ᠤ ᠨᠤᠲᠤᠭ ᠤᠨ ᠽᠧᠯᠠ ᠳᠠᠬᠢ ᠰᠠᠦ᠋ᠯ ᠤᠨ ᠡᠴᠢᠭᠡ ᠺᠢᠱ ᠤᠨ ᠪᠤᠯᠠᠰᠢᠨ ᠳᠤ ᠣᠷᠣᠰᠢᠭᠤᠯᠤᠨ ᠬᠠᠭᠠᠨ ᠤ ᠵᠠᠬᠢᠭᠰᠠᠨ ᠪᠦᠬᠦᠨ ᠢ ᠭᠦᠢᠴᠡᠳᠬᠡᠪᠡ᠃ ᠲᠡᠭᠦᠨ ᠦ ᠳᠠᠷᠠᠭ᠎ᠠ ᠪᠠᠷ ᠪᠤᠷᠬᠠᠨ ᠲᠡᠷᠡ ᠭᠠᠵᠠᠷ ᠤᠨ ᠲᠥᠯᠥᠭᠡᠬᠢ ᠭᠤᠶᠤᠯᠲᠠ ᠶᠢ ᠰᠣᠨᠣᠰᠣᠭᠰᠠᠨ ᠪᠠᠢᠯ᠎ᠠ᠃
ᠹᠢᠯᠢᠰᠲ᠋ᠴᠦᠳ ᠲᠡᠢ ᠳᠠᠬᠢᠨ ᠳᠠᠢᠲᠤᠪᠠ
15 ᠹᠢᠯᠢᠰᠲ᠋ᠴᠦᠳ ᠳᠠᠬᠢᠨ ᠢᠰᠷᠧᠯ ᠤᠨ ᠡᠰᠡᠷᠭᠦ ᠳᠠᠢᠨ ᠥᠳᠥᠭᠡᠪᠡ᠃ ᠳ᠋ᠠᠸᠢᠳ᠋ ᠵᠠᠷᠤᠴᠠ ᠨᠠᠷ ᠲᠠᠢ ᠪᠠᠨ ᠬᠠᠮᠲᠤ ᠶᠠᠪᠤᠵᠤ᠂ ᠹᠢᠯᠢᠰᠲ᠋ᠴᠦᠳ ᠲᠡᠢ ᠲᠤᠯᠤᠯᠳᠤᠵᠠᠢ᠃ ᠳ᠋ᠠᠸᠢᠳ᠋ ᠶᠠᠳᠠᠷᠠᠵᠤ ᠲᠤᠢᠯᠳᠠᠬᠤ ᠳᠤ᠂ 16 ᠠᠪᠤᠷᠭᠤ ᠪᠡᠶᠡᠲᠡᠨ ᠦ ᠤᠳᠤᠮ ᠪᠣᠯᠬᠤ ᠢᠰᠢᠪᠢ ᠪᠧᠨᠣᠪ ᠭᠡᠭᠴᠢ ᠬᠥᠮᠦᠨ ᠳ᠋ᠠᠸᠢᠳ᠋ ᠢ ᠠᠯᠠᠬᠤ ᠭᠡᠵᠦ ᠪᠠᠢᠯ᠎ᠠ᠃ ᠲᠡᠭᠦᠨ ᠦ ᠵᠢᠳᠠ ᠭᠤᠷᠪᠠᠨ ᠵᠠᠭᠤᠨ ᠱᠧᠺᠧᠯ 15 ᠬᠦᠨᠳᠦ ᠬᠦᠷᠡᠯ ᠪᠥᠭᠡᠳ ᠲᠡᠷᠡ ᠰᠢᠨᠡᠬᠡᠨ ᠰᠡᠯᠡᠮ᠎ᠡ ᠵᠡᠭᠦᠭᠰᠡᠨ ᠪᠠᠢᠪᠠ᠃ 17 ᠲᠡᠭᠡᠲᠡᠯ᠎ᠡ ᠽᠧᠷᠣᠢᠶ᠎ᠠ ᠶᠢᠨ ᠬᠥᠪᠡᠭᠦᠨ ᠠᠪᠢᠱᠠᠢ ᠳ᠋ᠠᠸᠢᠳ᠋ ᠲᠤ ᠲᠤᠰᠠᠯᠠᠬᠤ ᠪᠠᠷ ᠢᠷᠡᠭᠡᠳ ᠨᠥᠭᠥᠭᠡ ᠹᠢᠯᠢᠰᠲ ᠬᠥᠮᠦᠨ ᠢ ᠴᠣᠬᠢᠵᠤ ᠠᠯᠠᠪᠠ᠃ ᠲᠡᠷᠡ ᠦᠶ᠎ᠡ ᠳᠦ ᠳ᠋ᠠᠸᠢᠳ᠋ ᠤᠨ ᠬᠠᠷᠢᠶ᠎ᠠ ᠴᠡᠷᠢᠭ ᠤᠳ ᠲᠡᠭᠦᠨ ᠳᠦ᠄ 《ᠲᠠ ᠳᠠᠬᠢᠨ ᠪᠢᠳᠡᠨ ᠲᠡᠢ ᠬᠠᠮᠲᠤ ᠲᠤᠯᠤᠯᠳᠤᠭᠠᠨ ᠳᠤ ᠭᠠᠷᠬᠤ ᠬᠡᠷᠡᠭ ᠦᠭᠡᠢ᠂ ᠲᠡᠢᠨ ᠬᠦ ᠢᠰᠷᠧᠯ ᠤᠨ ᠭᠡᠷᠡᠯ ᠢ ᠪᠦᠦ ᠤᠨᠲᠠᠷᠠᠭ᠎ᠠ》 ᠭᠡᠵᠦ ᠲᠠᠩ᠋ᠭᠠᠷᠢᠭᠯᠠᠪᠠ᠃
18 ᠡᠭᠦᠨ ᠦ ᠳᠠᠷᠠᠭ᠎ᠠ᠂ ᠭᠣᠪ ᠲᠤ ᠹᠢᠯᠢᠰᠲ᠋ᠴᠦᠳ ᠲᠡᠢ ᠲᠤᠯᠤᠯᠳᠤᠬᠤ ᠪᠣᠯᠵᠠᠢ᠃ ᠲᠡᠭᠡᠬᠦ ᠳᠦ᠂ ᠺᠦᠱ ᠬᠥᠮᠦᠨ ᠰᠢᠪᠧᠺᠠᠢ ᠠᠪᠤᠷᠭᠤ ᠪᠡᠶᠡᠲᠡᠳ 16 ᠤᠨ ᠤᠳᠤᠮ ᠪᠣᠯᠬᠤ ᠰᠠᠹ ᠢ ᠠᠯᠠᠪᠠ᠃ 19 ᠭᠣᠪ ᠲᠤ ᠹᠢᠯᠢᠰᠲ᠋ᠴᠦᠳ ᠲᠡᠢ ᠳᠠᠬᠢᠨ ᠲᠤᠯᠤᠯᠳᠤᠬᠤ ᠳᠤ᠂ ᠪᠧᠲ᠋ᠯᠧᠾᠧᠮ ᠤᠨ ᠶᠠᠢᠷ ᠤᠨ ᠬᠥᠪᠡᠭᠦᠨ ᠡᠯᠬᠠᠨᠠᠨ ᠭᠢᠲ ᠬᠥᠮᠦᠨ ᠭᠣᠯᠢᠶᠠᠲ ᠤᠨ ᠳᠡᠭᠦᠦ ᠶᠢ ᠠᠯᠠᠪᠠ᠃ ᠲᠡᠭᠦᠨ ᠦ ᠵᠢᠳᠠᠨ ᠤ ᠡᠰᠢ ᠨᠢ ᠡᠭᠡᠷᠡᠦᠯ ᠦᠨ ᠲᠡᠩᠬᠡᠯᠢᠭ ᠮᠡᠲᠦ ᠠᠵᠢ᠃ 20 ᠪᠠᠰᠠ ᠭᠠᠲ ᠲᠤ ᠳᠠᠬᠢᠨ ᠲᠤᠯᠤᠯᠳᠤᠭᠠᠨ ᠪᠣᠯᠪᠠ᠃ ᠲᠡᠨᠳᠡ ᠭᠠᠷ ᠬᠥᠯ ᠦᠨ ᠬᠢᠨᠢ ᠬᠤᠷᠤᠭᠤ ᠨᠢ ᠵᠢᠷᠭᠤᠭ᠎ᠠ᠂ ᠪᠦᠭᠦᠳᠡ ᠬᠣᠷᠢᠨ ᠳᠥᠷᠪᠡᠨ ᠬᠤᠷᠤᠭᠤ ᠲᠠᠢ ᠦᠯᠡᠮᠵᠢ ᠲᠣᠮᠣ ᠡᠷ᠎ᠡ ᠪᠠᠢᠯ᠎ᠠ᠃ ᠲᠡᠷᠡ ᠴᠤ ᠮᠥᠨ ᠠᠪᠤᠷᠭᠤ ᠪᠡᠶᠡᠲᠡᠨ ᠦ ᠤᠳᠤᠮ ᠠᠵᠢ᠃ 21 ᠲᠡᠷᠡ ᠢᠰᠷᠧᠯ ᠢ ᠳᠣᠷᠣᠮᠵᠢᠯᠠᠭᠰᠠᠨ ᠳᠤ᠂ ᠳ᠋ᠠᠸᠢᠳ᠋ ᠤᠨ ᠠᠬ᠎ᠠ ᠱᠢᠮᠧᠶ᠎ᠠ ᠶᠢᠨ ᠬᠥᠪᠡᠭᠦᠨ ᠶᠣᠨᠠᠲ᠋ᠠᠨ ᠲᠡᠭᠦᠨ ᠢ ᠠᠯᠠᠪᠠ᠃ 22 ᠲᠡᠢᠨ ᠬᠦ ᠭᠠᠲ ᠲᠤ ᠪᠠᠢᠭᠰᠠᠨ ᠠᠪᠤᠷᠭᠤ ᠪᠡᠶᠡᠲᠡᠳ ᠦᠨ ᠤᠳᠤᠮ ᠪᠣᠯᠬᠤ ᠡᠨᠡ ᠳᠥᠷᠪᠡ ᠨᠢ ᠳ᠋ᠠᠸᠢᠳ᠋ ᠪᠣᠯᠣᠨ ᠲᠡᠭᠦᠨ ᠦ ᠬᠠᠷᠢᠶ᠎ᠠ ᠬᠥᠮᠦᠰ ᠦᠨ ᠭᠠᠷ ᠲᠤ ᠰᠥᠨᠥᠭᠰᠡᠨ ᠪᠠᠢᠯ᠎ᠠ᠃