ᠬᠣᠶᠠᠳᠤᠭᠠᠷ ᠰᠠᠮᠦ᠋ᠶᠧᠯ ᠬᠣᠷᠢ
ᠱᠧᠪᠠ ᠶᠢᠨ ᠤᠷᠪᠠᠯᠭᠠᠨ
1 ᠲᠡᠷᠡ ᠴᠠᠭ ᠲᠤ ᠪᠢᠨᠶᠠᠮᠢᠨ ᠬᠥᠮᠦᠨ ᠪᠢᠺᠷᠢ ᠶᠢᠨ ᠬᠥᠪᠡᠭᠦᠨ ᠱᠧᠪᠠ ᠭᠡᠭᠴᠢ ᠨᠢᠭᠡᠨ ᠬᠡᠷᠡᠭ ᠥᠲᠥᠭᠡᠭᠴᠢ ᠲᠡᠨᠳᠡ ᠪᠠᠢᠵᠠᠢ᠃ ᠲᠡᠷᠡ ᠪᠦᠷᠢᠶ᠎ᠡ ᠦᠯᠢᠶᠡᠨ᠄ 《ᠳ᠋ᠠᠸᠢᠳ᠋ ᠠᠴᠠ ᠣᠯᠬᠤ ᠬᠤᠪᠢ ᠭᠡᠵᠦ ᠪᠢᠳᠡᠨ ᠳᠦ ᠪᠠᠢᠬᠤ ᠦᠭᠡᠢ᠂ ᠢᠱᠠᠢ ᠶᠢᠨ ᠬᠥᠪᠡᠭᠦᠨ ᠡᠴᠡ ᠠᠪᠬᠤ ᠥᠪ ᠪᠢᠳᠡᠨ ᠳᠦ ᠪᠠᠢᠬᠤ ᠦᠭᠡᠢ᠂ ᠢᠰᠷᠧᠯ ᠡ᠂ ᠬᠥᠮᠦᠨ ᠪᠦᠷᠢ ᠥᠪᠡᠷ ᠥᠪᠡᠷ ᠦᠨ ᠢᠶᠠᠨ ᠭᠡᠷ ᠤᠷᠤᠭᠤ ᠪᠤᠴᠠᠵᠠᠭᠠ》 ᠭᠡᠬᠦ ᠳᠦ᠂ 2 ᠢᠰᠷᠧᠯᠴᠦᠳ ᠪᠦᠭᠦᠳᠡᠭᠡᠷ ᠳ᠋ᠠᠸᠢᠳ᠋ ᠢ ᠳᠠᠭᠠᠬᠤ ᠪᠠᠨ ᠪᠣᠯᠢᠵᠤ᠂ ᠪᠢᠺᠷᠢ ᠶᠢᠨ ᠬᠥᠪᠡᠭᠦᠨ ᠱᠧᠪᠠ ᠶᠢ ᠳᠠᠭᠠᠪᠠ᠃ ᠭᠡᠪᠡᠴᠦ ᠶᠦᠳᠠᠴᠤᠳ ᠶᠣᠷᠳᠠᠨ ᠠᠴᠠ ᠶᠧᠷᠦ᠋ᠰᠠᠯᠧᠮ ᠬᠦᠷᠲᠡᠯ᠎ᠡ ᠬᠠᠭᠠᠨ ᠢᠶᠠᠨ ᠲᠤᠤᠱᠲᠠᠢ ᠳᠠᠭᠠᠪᠠ᠃
3 ᠳ᠋ᠠᠸᠢᠳ᠋ ᠶᠧᠷᠦ᠋ᠰᠠᠯᠧᠮ ᠳᠠᠬᠢ ᠣᠷᠳᠣᠨ ᠳᠠᠭᠠᠨ ᠪᠤᠴᠠᠵᠤ ᠢᠷᠡᠪᠡ᠃ ᠬᠠᠭᠠᠨ ᠣᠷᠳᠣᠨ ᠢᠶᠠᠨ ᠰᠠᠬᠢᠭᠤᠯᠬᠤ ᠪᠠᠷ ᠦᠯᠡᠳᠡᠭᠡᠭᠰᠡᠨ ᠠᠷᠪᠠᠨ ᠲᠠᠲᠠᠪᠤᠷᠢ ᠪᠠᠨ ᠬᠠᠷᠠᠭᠤᠯ ᠲᠠᠢ ᠪᠠᠢᠰᠢᠩ ᠳᠤ ᠪᠠᠢᠯᠭᠠᠵᠤ ᠲᠡᠳᠬᠦᠳᠡᠭ ᠪᠣᠯᠪᠠᠴᠤ ᠥᠪᠡᠷ ᠢᠶᠡᠨ ᠲᠡᠳᠡᠨ ᠳᠡᠭᠡᠷ᠎ᠡ ᠣᠷᠣᠳᠠᠭ ᠦᠭᠡᠢ ᠪᠠᠢᠯ᠎ᠠ᠃ ᠡᠢᠨ ᠬᠦ ᠲᠡᠳᠡ ᠪᠡᠯᠪᠡᠰᠦᠨ ᠡᠮᠡᠭᠲᠡᠢ ᠮᠡᠲᠦ ᠠᠮᠢᠳᠤᠷᠠᠵᠤ᠂ ᠨᠠᠰᠤ ᠪᠠᠷᠠᠲᠠᠯ᠎ᠠ ᠪᠠᠨ ᠬᠠᠭᠠᠭᠳᠠᠮᠠᠯ ᠪᠠᠢᠪᠠ᠃
4 ᠬᠠᠭᠠᠨ ᠠᠮᠠᠰᠠ ᠳᠤ᠄ 《ᠭᠤᠷᠪᠠᠨ ᠬᠣᠨᠣᠭ ᠤᠨ ᠳᠣᠲᠣᠷ᠎ᠠ ᠶᠦᠳᠠ ᠶᠢᠨ ᠴᠡᠷᠢᠭ ᠤᠳ ᠢ ᠨᠠᠳᠠ ᠤᠷᠤᠭᠤ ᠳᠠᠭᠤᠳᠠᠨ ᠴᠤᠭᠯᠠᠭᠤᠯᠵᠤ᠂ ᠴᠢ ᠥᠪᠡᠷ ᠢᠶᠡᠨ ᠴᠤ ᠡ᠊ᠨᠳᠡ ᠬᠦᠷᠦᠭᠡᠳ ᠢᠷ᠎ᠡ》 ᠭᠡᠬᠦ ᠳᠦ᠂ 5 ᠠᠮᠠᠰᠠ ᠶᠦᠳᠠ ᠶᠢᠨ ᠴᠡᠷᠢᠭ ᠤᠳ ᠢ ᠳᠠᠭᠤᠳᠠᠬᠤ ᠪᠠᠷ ᠶᠠᠪᠤᠭᠰᠠᠨ ᠪᠣᠯᠪᠠᠴᠤ ᠬᠠᠭᠠᠨ ᠤ ᠲᠣᠭᠲᠠᠭᠠᠭᠰᠠᠨ ᠬᠤᠭᠤᠴᠠᠭᠠᠨ ᠠᠴᠠ ᠬᠡᠲᠦᠷᠡᠭᠦᠯᠵᠦ ᠤᠳᠠᠭᠠᠰᠢᠷᠠᠭᠤᠯᠪᠠ᠃ 6 ᠡᠢᠮᠦ ᠡᠴᠡ ᠳ᠋ᠠᠸᠢᠳ᠋ ᠠᠪᠢᠱᠠᠢ ᠳᠤ᠄ 《ᠣᠳᠣ ᠪᠢᠳᠡᠨ ᠳᠦ ᠪᠢᠺᠷᠢ ᠶᠢᠨ ᠬᠥᠪᠡᠭᠦᠨ ᠱᠧᠪᠠ ᠠᠪᠰᠠᠯᠣᠮ ᠠᠴᠠ ᠢᠯᠡᠭᠦᠦ ᠭᠠᠢ ᠪᠣᠯᠵᠤ ᠪᠠᠢᠨ᠎ᠠ᠃ ᠴᠢ ᠮᠢᠨᠦ ᠴᠡᠷᠢᠭ ᠢ ᠳᠠᠭᠠᠭᠤᠯᠵᠤ᠂ ᠲᠡᠭᠦᠨ ᠢ ᠬᠥᠭᠡᠭᠡ᠃ ᠡᠰᠡ ᠲᠡᠭᠡᠪᠡᠯ ᠲᠡᠷᠡ ᠪᠡᠬᠢᠯᠡᠯᠲᠡᠲᠦ ᠬᠣᠲᠠ ᠨᠤᠭᠤᠳ ᠢ ᠣᠯᠵᠤ᠂ ᠪᠢᠳᠡᠨ ᠦ ᠬᠠᠷᠠᠭᠠᠨ ᠠᠴᠠ ᠵᠢᠭᠤᠲᠠᠴᠢᠬᠠᠬᠤ ᠪᠤᠢ》 ᠭᠡᠰᠡᠨ ᠳᠦ᠂ 7 ᠶᠣᠶᠠᠪ ᠤᠨ ᠬᠠᠷᠢᠶ᠎ᠠ ᠬᠥᠮᠦᠰ᠂ ᠺᠧᠷᠧᠲ᠋ᠴᠦᠳ᠂ ᠫᠧᠯᠧᠲ᠋ᠴᠦᠳ ᠦᠨ ᠳᠠᠢᠴᠢᠳ ᠪᠦᠭᠦᠳᠡᠭᠡᠷ ᠢᠶᠡᠨ ᠠᠪᠢᠱᠠᠢ ᠶᠢ ᠳᠠᠭᠠᠵᠤ᠂ ᠶᠧᠷᠦ᠋ᠰᠠᠯᠧᠮ ᠡᠴᠡ ᠬᠥᠳᠡᠯᠦᠨ ᠪᠢᠺᠷᠢ ᠶᠢᠨ ᠬᠥᠪᠡᠭᠦᠨ ᠱᠧᠪᠠ ᠶᠢ ᠬᠥᠭᠡᠭᠡᠪᠡ᠃ 8 ᠲᠡᠳᠡ ᠭᠢᠪᠧᠶᠣᠨ ᠳᠠᠬᠢ ᠨᠢᠭᠡᠨ ᠪᠤᠯᠤ ᠴᠢᠯᠠᠭᠤᠨ ᠤ ᠳᠡᠷᠭᠡᠳᠡ ᠬᠦᠷᠦᠭᠰᠡᠨ ᠦᠶ᠎ᠡ ᠳᠦ᠂ ᠠᠮᠠᠰᠠ ᠲᠡᠳᠡᠨ ᠤᠷᠤᠭᠤ ᠢᠷᠡᠪᠡ᠃ ᠶᠣᠶᠠᠪ ᠴᠡᠷᠢᠭ ᠤᠨ ᠬᠤᠪᠴᠠᠰᠤ ᠲᠠᠢ ᠪᠠᠢᠯ᠎ᠠ᠃ ᠲᠡᠷᠡ ᠲᠠᠰᠢᠶᠠᠨ ᠳᠠᠭᠠᠨ ᠬᠤᠢ ᠲᠠᠢ ᠢᠯᠳᠦ ᠵᠡᠭᠦᠭᠰᠡᠨ ᠪᠥᠭᠡᠳ ᠤᠷᠤᠭᠰᠢ ᠪᠠᠨ ᠠᠯᠬᠤᠬᠤ ᠳᠠᠭᠠᠨ ᠲᠡᠭᠦᠨ ᠢᠶᠡᠨ ᠤᠨᠠᠭᠠᠵᠠᠢ᠃ 9 ᠶᠣᠶᠠᠪ ᠠᠮᠠᠰᠠ ᠳᠤ᠄ 《ᠳᠡᠭᠦᠦ ᠮᠢᠨᠢ᠂ ᠠᠮᠤᠷ ᠪᠠᠢᠨ᠎ᠠ ᠤᠤ︖》 ᠭᠡᠵᠦ ᠬᠡᠯᠡᠭᠡᠳ᠂ ᠲᠡᠭᠦᠨ ᠢ ᠦᠨᠦᠰᠬᠦ ᠪᠡᠷ ᠪᠠᠷᠠᠭᠤᠨ ᠭᠠᠷ ᠢᠶᠠᠷ ᠢᠶᠠᠨ ᠰᠠᠬᠠᠯ ᠢ ᠨᠢ ᠠᠳᠬᠤᠬᠤ ᠳᠤ᠂ 10 ᠠᠮᠠᠰᠠ ᠶᠣᠶᠠᠪ ᠤᠨ ᠭᠠᠷ ᠲᠤ ᠪᠠᠢᠭ᠎ᠠ ᠢᠯᠳᠦ ᠶᠢ ᠠᠩᠵᠠᠭᠠᠷᠠᠭᠰᠠᠨ ᠦᠭᠡᠢ᠃ ᠶᠣᠶᠠᠪ ᠲᠡᠭᠦᠨ ᠦ ᠬᠡᠪᠡᠯᠢ ᠤᠷᠤᠭᠤ ᠳᠦᠷᠦᠭᠰᠡᠨ ᠳᠦ᠂ ᠭᠡᠳᠡᠰᠦ ᠳᠣᠲᠣᠷ ᠨᠢ ᠭᠠᠵᠠᠷ ᠲᠤ ᠭᠣᠭᠣᠵᠢᠵᠤ᠂ ᠳᠠᠬᠢᠨ ᠳᠦᠷᠦᠭᠡ ᠦᠭᠡᠢ ᠪᠠᠢᠬᠤ ᠳᠤ ᠲᠡᠷᠡ ᠦᠬᠦᠪᠡ᠃
11 ᠶᠣᠶᠠᠪ ᠢ ᠳᠠᠭᠠᠳᠠᠭ ᠵᠠᠯᠠᠭᠤᠰ ᠤᠨ ᠨᠢᠭᠡ ᠨᠢ ᠠᠮᠠᠰᠠ ᠶᠢᠨ ᠳᠡᠷᠭᠡᠳᠡ ᠵᠣᠭᠰᠣᠭᠠᠳ᠄ 《ᠶᠣᠶᠠᠪ ᠢ ᠬᠦᠷᠢᠶᠡᠯᠡᠳᠡᠭ᠂ ᠳ᠋ᠠᠸᠢᠳ᠋ ᠤᠨ ᠲᠠᠯ᠎ᠠ ᠳᠤ ᠪᠠᠢᠭ᠎ᠠ ᠬᠥᠮᠦᠨ ᠪᠣᠯᠭᠠᠨ ᠶᠣᠶᠠᠪ ᠢ ᠳᠠᠭᠠᠭᠲᠤᠨ》 ᠭᠡᠪᠡ᠃ 12 ᠬᠠᠷᠢᠨ ᠵᠠᠮ ᠤᠨ ᠭᠣᠣᠯ ᠳᠤ ᠴᠢᠰᠤᠨ ᠳᠠᠭᠠᠨ ᠬᠤᠳᠬᠤᠯᠳᠤᠨ ᠬᠡᠪᠲᠡᠵᠦ ᠪᠤᠢ ᠠᠮᠠᠰᠠ ᠶᠢᠨ ᠬᠠᠵᠠᠭᠤ ᠪᠠᠷ ᠥᠩᠭᠡᠷᠡᠬᠦ ᠬᠥᠮᠦᠨ ᠪᠣᠯᠭᠠᠨ ᠵᠣᠭᠰᠣᠵᠤ ᠪᠠᠢᠪᠠ᠃ ᠲᠡᠷᠡ ᠵᠠᠯᠠᠭᠤ ᠬᠠᠵᠠᠭᠤ ᠪᠠᠷ ᠥᠩᠭᠡᠷᠡᠬᠦ ᠬᠥᠮᠦᠨ ᠪᠣᠯᠭᠠᠨ ᠤ ᠵᠣᠭᠰᠣᠵᠤ ᠪᠠᠢᠬᠤ ᠶᠢ ᠬᠠᠷᠠᠭᠠᠳ ᠠᠮᠠᠰᠠ ᠶᠢ ᠵᠠᠮ ᠤᠨ ᠭᠣᠣᠯ ᠠᠴᠠ ᠲᠠᠯᠠᠪᠠᠢ ᠤᠷᠤᠭᠤ ᠠᠪᠠᠴᠢᠵᠤ ᠲᠡᠭᠦᠨ ᠢ ᠬᠤᠪᠴᠠᠰᠤ ᠪᠠᠷ ᠪᠦᠲᠡᠭᠡᠪᠡ᠃ 13 ᠠᠮᠠᠰᠠ ᠶᠢ ᠵᠠᠮ ᠠᠴᠠ ᠬᠣᠯᠠᠳᠠᠭᠤᠯᠤᠮᠠᠭᠴᠠ᠂ ᠬᠥᠮᠦᠰ ᠪᠦᠭᠦᠳᠡᠭᠡᠷ ᠢᠶᠡᠨ ᠶᠣᠶᠠᠪ ᠢ ᠳᠠᠭᠠᠨ ᠪᠢᠺᠷᠢ ᠶᠢᠨ ᠬᠥᠪᠡᠭᠦᠨ ᠱᠧᠪᠠ ᠶᠢ ᠬᠥᠭᠡᠭᠡᠬᠦ ᠪᠡᠷ ᠶᠠᠪᠤᠪᠠ᠃
14 ᠱᠧᠪᠠ ᠢᠰᠷᠧᠯ ᠤᠨ ᠪᠦᠬᠦ ᠣᠪᠣᠭ ᠠᠢᠮᠠᠭ ᠤᠳ ᠢᠶᠠᠷ ᠳᠠᠮᠵᠢᠨ ᠪᠧᠲ ᠮᠠᠺᠠ ᠶᠢᠨ ᠠᠪᠧᠯ ᠳᠤ ᠬᠦᠷᠬᠦ ᠳᠦ᠂ ᠪᠧᠷᠢᠴᠤᠳ ᠴᠤᠭᠯᠠᠷᠠᠵᠤ ᠲᠡᠭᠦᠨ ᠢ ᠳᠠᠭᠠᠯ᠎ᠠ᠃ 15 ᠶᠣᠶᠠᠪ ᠤᠨ ᠴᠡᠷᠢᠭ ᠤᠳ ᠢᠷᠡᠵᠦ ᠱᠧᠪᠠ ᠶᠢ ᠪᠧᠲ ᠮᠠᠺᠠ ᠶᠢᠨ ᠠᠪᠧᠯ ᠳᠤ ᠪᠦᠰᠡᠯᠡᠨ ᠠᠪᠤᠭᠰᠠᠨ ᠪᠠᠢᠨ᠎ᠠ᠃ ᠲᠡᠳᠡ ᠬᠣᠲᠠ ᠶᠢᠨ ᠬᠡᠷᠡᠮ ᠦᠨ ᠬᠠᠷᠠᠯᠳᠤᠭ᠎ᠠ ᠳᠠᠯᠠᠩ ᠪᠣᠰᠬᠠᠪᠠ᠃ ᠶᠣᠶᠠᠪ ᠲᠠᠢ ᠬᠠᠮᠲᠤ ᠪᠤᠢ ᠴᠡᠷᠢᠭ ᠤᠳ ᠪᠦᠭᠦᠳᠡᠭᠡᠷ ᠬᠡᠷᠡᠮ ᠢ ᠡᠪᠳᠡᠯᠡᠨ ᠨᠤᠷᠠᠭᠠᠵᠤ ᠪᠠᠢᠬᠤ ᠳᠤ᠂ 16 ᠲᠡᠷᠡ ᠬᠣᠲᠠ ᠠᠴᠠ ᠨᠢᠭᠡᠨ ᠤᠬᠠᠭᠠᠯᠢᠭ ᠡᠮᠡᠭᠲᠡᠢ ᠴᠢᠩᠭ᠍᠎ᠠ ᠳᠠᠭᠤ ᠪᠠᠷ᠄ 《ᠰᠣᠨᠣᠰᠣᠭᠠᠴᠢ᠂ ᠰᠣᠨᠣᠰᠣᠭᠠᠴᠢ᠂ ᠲᠠ ᠨᠠᠷ ᠶᠣᠶᠠᠪ ᠲᠤ᠄ 〈ᠡ᠊ᠨᠳᠡ ᠢᠷᠡᠭᠡᠷᠡᠢ〉 ᠭᠡᠵᠦ ᠬᠡᠯᠡᠭᠡᠴᠢ᠂ ᠪᠢ ᠲᠡᠭᠦᠨ ᠲᠡᠢ ᠶᠠᠷᠢᠬᠤ ᠶᠠᠭᠤᠮ᠎ᠠ ᠪᠤᠢ》 ᠭᠡᠪᠡ᠃ 17 ᠶᠣᠶᠠᠪ ᠲᠡᠭᠦᠨ ᠤᠷᠤᠭᠤ ᠣᠢᠷᠠᠲᠤᠬᠤ ᠳᠤ᠂ ᠲᠡᠷᠡ ᠡᠮᠡᠭᠲᠡᠢ᠄ 《ᠲᠠ ᠶᠣᠶᠠᠪ ᠮᠥᠨ ᠤᠤ︖》 ᠭᠡᠵᠦ ᠠᠰᠠᠭᠤᠪᠠ᠃ ᠲᠡᠷᠡ᠄ 《ᠪᠢ ᠪᠠᠢᠨ᠎ᠠ》 ᠭᠡᠬᠦ ᠳᠦ᠂ ᠡᠮᠡᠭᠲᠡᠢ᠄ 《ᠰᠢᠪᠡᠭᠴᠢᠨ ᠮᠢᠨᠦ ᠦᠭᠡ ᠶᠢ ᠰᠣᠨᠣᠰᠣᠭᠠᠴᠢ》 ᠭᠡᠬᠦ ᠳᠦᠨᠢ᠂ 《ᠰᠣᠨᠣᠰᠴᠤ ᠪᠠᠢᠨ᠎ᠠ》 ᠭᠡᠪᠡ᠃ 18 ᠲᠡᠷᠡ ᠡᠮᠡᠭᠲᠡᠢ ᠡᠢᠨ ᠬᠦ ᠶᠠᠷᠢᠪᠠ᠄ 《ᠤᠷᠢᠳᠤ ᠶᠢᠨ ᠬᠥᠮᠦᠰ᠄ 〈ᠠᠰᠠᠭᠤᠶ᠎ᠠ ᠭᠡᠪᠡᠯ ᠠᠪᠧᠯ ᠳᠤ ᠬᠦᠷᠴᠦ ᠠᠰᠠᠭᠤ〉 ᠭᠡᠳ ᠰᠢᠢᠳᠳᠡᠭ ᠪᠠᠢᠪᠠ᠃ 19 ᠮᠠᠨ ᠤ ᠬᠢᠨ ᠢᠰᠷᠧᠯ ᠳᠤ ᠠᠮᠤᠷ ᠠᠮᠤᠭᠤᠯᠠᠩ᠂ ᠦᠨᠡᠨᠴᠢ ᠰᠢᠳᠤᠷᠭᠤ ᠠᠮᠢᠳᠤᠷᠠᠵᠤ ᠪᠠᠢᠬᠤ ᠳᠤ᠂ ᠲᠠ ᠢᠰᠷᠧᠯ ᠤᠨ ᠡᠬᠡ ᠪᠣᠯᠬᠤ ᠡᠨᠡ ᠬᠣᠲᠠ ᠶᠢ ᠤᠰᠠᠳᠬᠠᠬᠤ ᠭᠡᠵᠦ ᠪᠠᠢᠨ᠎ᠠ᠃ ᠲᠠ ᠶᠠᠭᠤᠨ ᠤ ᠤᠴᠢᠷ ᠠᠴᠠ ᠶᠣᠬᠣᠸᠠ ᠶᠢᠨ ᠥᠪ ᠢ ᠵᠠᠯᠭᠢᠬᠤ ᠨᠢ ᠪᠤᠢ︖》 ᠭᠡᠪᠡ᠃ 20 ᠶᠣᠶᠠᠪ ᠬᠠᠷᠢᠭᠤ ᠳᠤᠨᠢ᠄ 《ᠶᠠᠭᠠᠬᠢᠯ᠎ᠠ ᠭᠡᠵᠢ︖ ᠵᠠᠯᠭᠢᠬᠤ ᠤᠰᠠᠳᠬᠠᠬᠤ ᠨᠢ ᠨᠠᠳᠠ ᠠᠴᠠ ᠬᠣᠯᠠ ᠪᠠᠢᠭ︕ 21 ᠣᠭᠲᠣ ᠲᠡᠢᠮᠦ ᠪᠢᠰᠢ᠂ ᠬᠠᠷᠢᠨ ᠡᠹᠷᠠᠢᠮ ᠤᠨ ᠠᠭᠤᠯᠠᠷᠬᠠᠭ ᠨᠤᠲᠤᠭ ᠤᠨ ᠪᠢᠺᠷᠢ ᠶᠢᠨ ᠬᠥᠪᠡᠭᠦᠨ ᠱᠧᠪᠠ ᠳ᠋ᠠᠸᠢᠳ᠋ ᠬᠠᠭᠠᠨ ᠤ ᠡᠰᠡᠷᠭᠦ ᠭᠠᠷ ᠢᠶᠠᠨ ᠳᠠᠯᠠᠢᠭᠰᠠᠨ ᠶᠤᠮ᠃ ᠭᠠᠭᠴᠠ ᠬᠦ ᠲᠡᠷᠡ ᠬᠥᠮᠦᠨ ᠢ ᠲᠤᠰᠢᠶᠠᠵᠤ ᠥᠭᠪᠡᠯ᠂ ᠪᠢ ᠡᠨᠡ ᠬᠣᠲᠠ ᠠᠴᠠ ᠬᠣᠯᠠᠳᠠᠨ᠎ᠠ》 ᠭᠡᠬᠦ ᠳᠦ᠂ ᠲᠡᠷᠡ ᠡᠮᠡᠭᠲᠡᠢ ᠶᠣᠶᠠᠪ ᠲᠤ᠄ 《ᠵᠠ᠂ ᠲᠡᠭᠦᠨ ᠦ ᠲᠣᠯᠣᠭᠠᠢ ᠶᠢ ᠬᠡᠷᠡᠮ ᠳᠡᠭᠡᠷ᠎ᠡ ᠡᠴᠡ ᠲᠠᠨ ᠤᠷᠤᠭᠤ ᠰᠢᠳᠡᠵᠦ ᠥᠭᠭᠥᠶ᠎ᠡ》 ᠭᠡᠯᠡ᠃ 22 ᠲᠡᠷᠡ ᠡᠮᠡᠭᠲᠡᠢ ᠪᠤᠴᠠᠵᠤ ᠪᠦᠬᠦ ᠬᠣᠲᠠ ᠶᠢᠨ ᠬᠢᠨ ᠲᠠᠢ ᠤᠬᠠᠭᠠᠯᠢᠭ ᠢᠶᠠᠷ ᠶᠠᠷᠢᠭᠰᠠᠨ ᠳᠤ᠂ ᠲᠡᠳᠡ ᠪᠢᠺᠷᠢ ᠶᠢᠨ ᠬᠥᠪᠡᠭᠦᠨ ᠱᠧᠪᠠ ᠶᠢᠨ ᠲᠣᠯᠣᠭᠠᠢ ᠶᠢ ᠣᠭᠲᠣᠯᠵᠤ᠂ ᠶᠣᠶᠠᠪ ᠤᠷᠤᠭᠤ ᠰᠢᠳᠡᠪᠡ᠃ ᠶᠣᠶᠠᠪ ᠪᠦᠷᠢᠶ᠎ᠡ ᠦᠯᠢᠶᠡᠬᠦ ᠳᠦ᠂ ᠲᠡᠭᠦᠨ ᠦ ᠬᠠᠷᠢᠶ᠎ᠠ ᠬᠥᠮᠦᠰ ᠬᠣᠲᠠ ᠠᠴᠠ ᠲᠠᠷᠬᠠᠨ ᠶᠠᠪᠤᠵᠤ᠂ ᠥᠪᠡᠷ ᠥᠪᠡᠷ ᠦᠨ ᠢᠶᠠᠨ ᠭᠡᠷ ᠤᠷᠤᠭᠤ ᠪᠤᠴᠠᠵᠠᠭᠠᠪᠠ᠃ ᠶᠣᠶᠠᠪ ᠴᠤ ᠶᠧᠷᠦ᠋ᠰᠠᠯᠧᠮ ᠳᠠᠬᠢ ᠬᠠᠭᠠᠨ ᠤᠷᠤᠭᠤ ᠪᠤᠴᠠᠭᠰᠠᠨ ᠪᠠᠢᠨ᠎ᠠ᠃
ᠳ᠋ᠠᠸᠢᠳ᠋ ᠤᠨ ᠲᠦᠰᠢᠮᠡᠳ
23 ᠢᠰᠷᠧᠯ ᠤᠨ ᠪᠦᠬᠦ ᠴᠡᠷᠢᠭ ᠤᠨ ᠵᠠᠩᠵᠤᠨ ᠨᠢ ᠶᠣᠶᠠᠪ᠂ ᠺᠧᠷᠧᠲ᠋ᠴᠦᠳ ᠪᠣᠯᠣᠨ ᠫᠧᠯᠧᠲ᠋ᠴᠦᠳ ᠦᠨ ᠤᠳᠤᠷᠢᠳᠤᠭᠴᠢ ᠨᠢ ᠶᠧᠬᠣᠷᠠᠢᠳᠠ ᠶᠢᠨ ᠬᠥᠪᠡᠭᠦᠨ ᠪᠧᠨᠠᠢᠶ᠎ᠠ᠂ 24 ᠠᠯᠪᠠᠳᠠᠯᠭ᠎ᠠ ᠶᠢᠨ ᠠᠵᠢᠯ ᠬᠢᠨᠠᠭᠴᠢ ᠨᠢ ᠠᠳᠣᠷᠠᠮ᠂ ᠰᠤᠳᠤᠷᠴᠢ ᠨᠢ ᠠᠾᠢᠯᠦ᠋ᠳ᠋ ᠤᠨ ᠬᠥᠪᠡᠭᠦᠨ ᠶᠧᠬᠣᠱᠠᠹᠠᠲ᠂ 25 ᠪᠢᠴᠢᠭᠡᠴᠢ ᠨᠢ ᠱᠧᠸᠠ᠂ ᠲᠠᠬᠢᠯᠴᠢ ᠨᠢ ᠽᠠᠳᠣᠺ᠂ ᠠᠪᠢᠶᠠᠲ᠋ᠠᠷ ᠨᠠᠷ᠂ 26 ᠳ᠋ᠠᠸᠢᠳ᠋ ᠤᠨ ᠲᠠᠬᠢᠯᠴᠢ ᠨᠢ ᠶᠠᠢᠷ ᠬᠥᠮᠦᠨ ᠢᠷ᠎ᠠ ᠪᠠᠢᠪᠠ᠃