ᠬᠣᠶᠠᠳᠤᠭᠠᠷ ᠰᠠᠮᠦ᠋ᠶᠧᠯ ᠬᠣᠷᠢᠨ ᠬᠣᠶᠠᠷ
ᠳ᠋ᠠᠸᠢᠳ᠋ ᠤᠨ ᠢᠯᠠᠭᠤᠭᠰᠠᠨ ᠳᠠᠭᠤᠯᠠᠯ
1 ᠶᠣᠬᠣᠸᠠ ᠳ᠋ᠠᠸᠢᠳ᠋ ᠢ ᠬᠠᠮᠤᠭ ᠳᠠᠢᠰᠤᠨ ᠨᠤᠭᠤᠳ ᠤᠨ ᠰᠠᠪᠠᠷ ᠪᠣᠯᠣᠨ ᠰᠠᠦ᠋ᠯ ᠤᠨ ᠭᠠᠷ ᠠᠴᠠ ᠠᠪᠤᠷᠠᠭᠰᠠᠨ ᠲᠡᠷᠡ ᠡᠳᠦᠷ ᠳ᠋ᠠᠸᠢᠳ᠋ ᠡᠨᠡ ᠳᠠᠭᠤᠤ ᠶᠢ ᠶᠣᠬᠣᠸᠠ ᠳᠤ ᠳᠠᠭᠤᠯᠠᠪᠠ᠃ ᠲᠡᠷᠡ᠄
2 《ᠶᠣᠬᠣᠸᠠ ᠪᠣᠯ ᠮᠢᠨᠦ ᠬᠠᠳᠠ ᠮᠢᠨᠦ ᠴᠠᠢᠵᠠ᠂ ᠨᠠᠮᠠᠶᠢ ᠠᠪᠤᠷᠠᠭᠴᠢ᠃
3 ᠮᠢᠨᠦ ᠪᠤᠷᠬᠠᠨ ᠪᠣᠯ ᠮᠢᠨᠦ ᠬᠣᠷᠭᠣᠳᠠᠭᠤ ᠬᠠᠳᠠ ᠮᠢᠨᠦ ᠪᠠᠮᠪᠠᠢ ᠮᠢᠨᠦ ᠠᠪᠤᠷᠠᠯ ᠤᠨ ᠡᠪᠡᠷ᠂ ᠮᠢᠨᠦ ᠪᠡᠬᠢᠯᠡᠯᠲᠡ ᠮᠢᠨᠦ ᠬᠣᠷᠭᠣᠳᠠᠬᠤ ᠭᠠᠵᠠᠷ᠂ ᠮᠢᠨᠦ ᠠᠪᠤᠷᠠᠭᠴᠢ ᠲᠠ ᠨᠠᠮᠠᠶᠢ ᠪᠠᠯᠠᠮᠠᠳ ᠶᠠᠪᠤᠳᠠᠯ ᠠᠴᠠ ᠠᠪᠤᠷᠠᠭᠰᠠᠨ ᠪᠢᠯᠡ᠃
4 ᠲᠡᠷᠡ ᠮᠠᠭᠲᠠᠭᠳᠠᠭᠤᠰᠢᠲᠠᠢ ᠶᠣᠬᠣᠸᠠ ᠶᠢ ᠳᠠᠭᠤᠳᠠᠵᠤ ᠪᠢ ᠥᠰᠲᠡᠨ ᠨᠦᠭᠦᠳ ᠡᠴᠡ ᠪᠡᠨ ᠠᠪᠤᠷᠠᠭᠳᠠᠨ᠎ᠠ᠃
5 ᠦᠬᠦᠯ ᠦᠨ ᠳᠠᠪᠠᠯᠭᠠᠨ ᠨᠠᠮᠠᠶᠢ ᠬᠦᠷᠢᠶᠡᠯᠡᠨ ᠰᠦᠢᠷᠡᠯ ᠦᠨ ᠤᠷᠤᠰᠬᠠᠯ ᠨᠠᠮᠠᠶᠢ ᠰᠦᠷᠳᠡᠭᠦᠯᠪᠡ᠃
6 ᠦᠬᠦᠭᠰᠡᠳ ᠦᠨ ᠣᠷᠣᠨ ᠤ ᠬᠦᠯᠢᠶᠡᠰᠦ ᠨᠠᠮᠠᠶᠢ ᠬᠦᠯᠢᠵᠦ ᠦᠬᠦᠯ ᠦᠨ ᠤᠷᠠᠬ᠎ᠠ ᠨᠠᠮᠠᠶᠢ ᠤᠭᠲᠤᠪᠠ᠃
7 ᠪᠡᠷᠬᠡ ᠴᠠᠭ ᠲᠠᠭᠠᠨ ᠪᠢ ᠶᠣᠬᠣᠸᠠ ᠶᠢ ᠳᠠᠭᠤᠳᠠᠨ᠎ᠠ ᠪᠤᠷᠬᠠᠨ ᠢᠶᠠᠨ ᠳᠠᠭᠤᠳᠠᠪᠠᠯ ᠲᠡᠷᠡ ᠥᠪᠡᠷ ᠦᠨ ᠢᠶᠠᠨ ᠣᠷᠳᠣᠨ ᠠᠴᠠ ᠳᠠᠭᠤ ᠶᠢ ᠮᠢᠨᠢ ᠰᠣᠨᠣᠰᠣᠨ᠎ᠠ ᠮᠢᠨᠦ ᠬᠠᠰᠬᠢᠷᠤᠭᠠᠨ ᠲᠡᠭᠦᠨ ᠦ ᠰᠣᠨᠣᠷ ᠲᠤ ᠬᠦᠷᠦᠨ᠎ᠡ᠃
8 ᠭᠠᠵᠠᠷ ᠭᠠᠩ᠋ᠬᠤᠵᠤ ᠴᠡᠴᠡᠷᠡᠪᠡ ᠲᠩᠷᠢ ᠶᠢᠨ ᠰᠠᠭᠤᠷᠢ ᠬᠥᠳᠡᠯᠪᠡ ᠲᠡᠷᠡ ᠬᠢᠯᠢᠩᠨᠡᠬᠦ ᠳᠦ ᠭᠠᠩ᠋ᠬᠤᠵᠠᠭᠠᠪᠠ᠂
9 ᠬᠠᠮᠠᠷ ᠠᠴᠠ ᠨᠢ ᠤᠲᠤᠭ᠎ᠠ ᠠᠮᠠᠨ ᠠᠴᠠ ᠨᠢ ᠭᠠᠯ ᠭᠠᠷᠴᠤ ᠲᠡᠭᠦᠨ ᠡᠴᠡ ᠳᠥᠯᠥ ᠲᠠᠢ ᠨᠡᠭᠦᠷᠡᠰᠦ ᠭᠠᠷᠪᠠ᠂
10 ᠲᠡᠷᠡ ᠪᠡᠷ ᠲᠩᠷᠢ ᠶᠢ ᠪᠥᠬᠥᠢᠯᠭᠡᠨ ᠪᠠᠭᠤᠵᠤ ᠢᠷᠡᠪᠡ ᠬᠥᠯ ᠳᠣᠣᠷ᠎ᠠ ᠨᠢ ᠬᠠᠷᠠᠩ᠋ᠭᠤᠢ ᠡᠭᠦᠯᠡ ᠪᠠᠢᠪᠠ᠃
11 ᠲᠡᠷᠡ ᠺᠧᠷᠣᠪ ᠬᠥᠯᠭᠡᠯᠡᠨ ᠨᠢᠰᠪᠡ ᠲᠡᠷᠡ ᠰᠠᠯᠬᠢᠨ ᠤ ᠵᠢᠭᠦᠷ ᠳᠡᠭᠡᠷ᠎ᠡ ᠡᠯᠢᠨ ᠬᠠᠯᠢᠪᠠ
12 ᠲᠡᠷᠡ ᠬᠠᠷᠠᠩ᠋ᠭᠤᠢ ᠶᠢ ᠥᠪᠡᠷ ᠦᠨ ᠢᠶᠠᠨ ᠬᠥᠰᠢᠭᠡ ᠪᠣᠯᠭᠠᠵᠤ ᠤᠰᠤ ᠪᠠᠷ ᠬᠠᠷᠠᠩ᠋ᠭᠤᠢᠯᠠᠭᠰᠠᠨ ᠥᠳᠬᠡᠨ ᠡᠭᠦᠯᠡᠰ ᠢᠶᠡᠷ ᠥᠪᠡᠷ ᠢ ᠪᠠᠨ ᠬᠦᠷᠢᠶᠡᠯᠡᠪᠡ
13 ᠣᠷᠣᠰᠢᠬᠤᠢ ᠶᠢᠨ ᠬᠢᠨᠢ ᠭᠢᠯᠪᠠᠭᠠᠨ ᠠᠴᠠ ᠨᠡᠭᠦᠷᠡᠰᠦ ᠠᠰᠠᠨ ᠰᠢᠲᠠᠪᠠ
14 ᠶᠣᠬᠣᠸᠠ ᠲᠩᠷᠢ ᠡᠴᠡ ᠬᠦᠩᠭᠢᠨᠡᠪᠡ ᠬᠠᠮᠤᠭ ᠤᠨ ᠳᠡᠭᠡᠳᠦ ᠨᠢᠭᠡᠨ ᠨᠢ ᠳᠠᠭᠤ ᠪᠠᠨ ᠭᠠᠷᠭᠠᠪᠠ
15 ᠲᠡᠷᠡ ᠰᠤᠮᠤ ᠪᠠᠨ ᠬᠠᠷᠪᠤᠵᠤ ᠳᠠᠢᠰᠤᠨ ᠨᠤᠭᠤᠳ ᠢᠶᠠᠨ ᠪᠤᠲᠠᠷᠠᠭᠠᠪᠠ ᠠᠶᠤᠩ᠋ᠭ᠎ᠠ ᠪᠠᠷ ᠲᠡᠳᠡᠨ ᠢ ᠪᠤᠲᠠ ᠨᠢᠷᠭᠡᠪᠡ
16 ᠶᠣᠬᠣᠸᠠ ᠵᠢᠮᠡᠯᠡᠵᠦ᠂ ᠬᠠᠮᠠᠷ ᠤᠨ ᠠᠮᠢᠰᠬᠤᠯ ᠢᠶᠠᠨ ᠦᠯᠢᠶᠡᠬᠦ ᠳᠦ ᠲᠠᠩᠭᠢᠰ ᠤᠨ ᠢᠷᠤᠭᠠᠷ ᠦᠵᠡᠭᠳᠡᠵᠦ ᠶᠢᠷᠲᠢᠨᠴᠦ ᠶᠢᠨ ᠰᠠᠭᠤᠷᠢ ᠨᠤᠭᠤᠳ ᠢᠯᠡ ᠭᠠᠷᠪᠠ᠃
17 ᠲᠡᠷᠡ ᠳᠡᠭᠡᠷ᠎ᠡ ᠡᠴᠡ ᠮᠤᠲᠤᠷ ᠢᠶᠠᠨ ᠰᠤᠩ᠋ᠭᠠᠵᠤ ᠨᠠᠮᠠᠶᠢ ᠠᠪᠴᠤ ᠶᠡᠬᠡ ᠤᠰᠤᠨ ᠠᠴᠠ ᠲᠠᠲᠠᠨ ᠭᠠᠷᠭᠠᠨ᠎ᠠ᠃
18 ᠨᠠᠮᠠᠶᠢ ᠬᠦᠴᠦᠲᠦ ᠳᠠᠢᠰᠤᠨ ᠠᠴᠠ ᠮᠢᠨᠢ ᠨᠠᠳᠠ ᠠᠴᠠ ᠬᠦᠴᠦᠷᠬᠡᠭ ᠥᠰᠲᠡᠨ ᠨᠦᠭᠦᠳ ᠡᠴᠡ ᠮᠢᠨᠢ ᠠᠪᠤᠷᠠᠭᠰᠠᠨ
19 ᠶᠠᠳᠠᠷᠠᠭᠰᠠᠨ ᠡᠳᠦᠷ ᠤᠳ ᠲᠤ ᠮᠢᠨᠢ ᠲᠡᠳᠡ ᠨᠠᠳᠠ ᠤᠷᠤᠭᠤ ᠳᠠᠭᠠᠷᠢᠭᠰᠠᠨ ᠪᠣᠯᠪᠠᠴᠤ ᠶᠣᠬᠣᠸᠠ ᠮᠢᠨᠦ ᠲᠦᠰᠢᠭ ᠪᠠᠢᠪᠠ᠃
20 ᠠᠭᠤᠵᠢᠮ ᠭᠠᠵᠠᠷ ᠤᠷᠤᠭᠤ ᠨᠠᠮᠠᠶᠢ ᠠᠪᠴᠢᠷᠠᠵᠤ ᠲᠠᠭᠠᠯᠠᠭᠰᠠᠨ ᠤᠴᠢᠷ ᠠᠴᠠ ᠨᠠᠮᠠᠶᠢ ᠠᠪᠤᠷᠠᠪᠠ᠃
21 ᠵᠥᠪᠲᠦ ᠪᠠᠢᠳᠠᠯ ᠤᠨ ᠮᠢᠨᠢ ᠳᠠᠭᠠᠤ ᠶᠣᠬᠣᠸᠠ ᠨᠠᠮᠠᠶᠢ ᠱᠠᠩᠨᠠᠵᠤ ᠴᠡᠪᠡᠷ ᠭᠠᠷ ᠤᠨ ᠮᠢᠨᠢ ᠳᠠᠭᠠᠤ ᠨᠠᠳᠠ ᠳᠤ ᠬᠠᠷᠢᠭᠤᠯᠤᠨ᠎ᠠ᠃
22 ᠤᠴᠢᠷ ᠨᠢ ᠪᠢ ᠶᠣᠬᠣᠸᠠ ᠶᠢᠨ ᠵᠠᠮ ᠢᠶᠠᠷ ᠯᠠ ᠶᠠᠪᠤᠪᠠ ᠪᠤᠷᠤᠭᠤ ᠶᠢ ᠬᠢᠬᠦ ᠪᠡᠷ ᠪᠤᠷᠬᠠᠨ ᠠᠴᠠ ᠪᠠᠨ ᠭᠠᠵᠢᠭ᠎ᠠ ᠦᠭᠡᠢ
23 ᠲᠡᠭᠦᠨ ᠦ ᠪᠦᠬᠦ ᠵᠢᠷᠤᠮ ᠮᠢᠨᠦ ᠡᠮᠦᠨ᠎ᠡ ᠪᠠᠢᠨ᠎ᠠ ᠲᠡᠭᠦᠨ ᠦ ᠲᠣᠭᠲᠠᠭᠠᠯ ᠢ ᠪᠢ ᠥᠪᠡᠷ ᠡᠴᠡ ᠪᠡᠨ ᠵᠠᠢᠯᠠᠭᠤᠯᠬᠤ ᠦᠭᠡᠢ᠃
24 ᠪᠢ ᠲᠡᠭᠦᠨ ᠦ ᠡᠮᠦᠨ᠎ᠡ ᠪᠤᠷᠤᠭᠤ ᠦᠭᠡᠢ ᠪᠠᠢᠭᠰᠠᠭᠠᠷ ᠪᠡᠶ᠎ᠡ ᠪᠡᠨ ᠨᠢᠭᠦᠯ ᠡᠴᠡ ᠬᠠᠮᠠᠭᠠᠯᠠᠭᠰᠠᠨ᠃
25 ᠶᠣᠬᠣᠸᠠ ᠥᠪᠡᠷ ᠦᠨ ᠬᠢᠨᠢ ᠮᠡᠯᠮᠡᠢ ᠶᠢᠨ ᠡᠮᠦᠨ᠎ᠡ ᠵᠥᠪ ᠪᠠᠢᠭᠰᠠᠨ ᠤ ᠮᠢᠨᠢ ᠳᠠᠭᠠᠤ ᠴᠡᠪᠡᠷ ᠪᠠᠢᠭᠰᠠᠨ ᠤ ᠮᠢᠨᠢ ᠳᠠᠭᠠᠤ ᠨᠠᠳᠠ ᠳᠤ ᠬᠠᠷᠢᠭᠤᠯᠤᠭᠰᠠᠨ᠃
26 ᠲᠠ ᠦᠨᠡᠨᠴᠢ ᠬᠥᠮᠦᠨ ᠳᠦ ᠦᠨᠡᠨᠴᠢ ᠥ ᠦᠭᠡᠢ ᠬᠥᠮᠦᠨ ᠳᠦ ᠥ ᠦᠭᠡᠢ᠃
27 ᠴᠡᠪᠡᠷ ᠬᠥᠮᠦᠨ ᠳᠦ ᠴᠡᠪᠡᠷ ᠪᠠᠢᠵᠤ ᠭᠤᠢᠪᠢᠭᠤᠯᠤᠭᠴᠢ ᠬᠥᠮᠦᠨ ᠡᠴᠡ ᠬᠠᠵᠠᠢᠨᠠ᠃
28 ᠳᠠᠷᠤᠤ ᠠᠷᠠᠳ ᠢ ᠠᠪᠤᠷᠠᠨ᠎ᠠ ᠲᠠᠨ ᠤ ᠮᠡᠯᠮᠡᠢ ᠳᠡᠭᠡᠷᠡᠩᠭᠦᠢ ᠬᠥᠮᠦᠰ ᠦᠨ ᠳᠡᠭᠡᠷ᠎ᠡ ᠪᠠᠢᠵᠤ᠂ ᠲᠡᠳᠡᠨ ᠢ ᠳᠣᠷᠣᠭᠰᠢᠯᠠᠭᠤᠯᠤᠨ᠎ᠠ᠃
29 ᠶᠣᠬᠣᠸᠠ᠂ ᠲᠠ ᠯᠠ ᠮᠢᠨᠦ ᠳ᠋ᠧᠩ ᠶᠣᠬᠣᠸᠠ ᠬᠠᠷᠠᠩ᠋ᠭᠤᠢ ᠶᠢ ᠮᠢᠨᠢ ᠭᠡᠷᠡᠯᠲᠦᠭᠦᠯᠦᠨ᠎ᠡ᠃
30 ᠲᠠᠨ ᠤ ᠬᠦᠴᠦ ᠪᠡᠷ ᠪᠢ ᠴᠡᠷᠢᠭ ᠤᠨ ᠡᠰᠡᠷᠭᠦ ᠭᠦᠶᠦᠵᠦ ᠪᠤᠷᠬᠠᠨ ᠤ ᠪᠠᠨ ᠬᠦᠴᠦ ᠪᠡᠷ ᠬᠡᠷᠡᠮ ᠳᠠᠪᠠᠵᠤ ᠴᠢᠳᠠᠨ᠎ᠠ᠃
31 ᠪᠤᠷᠬᠠᠨ ᠤ ᠵᠠᠮ ᠲᠡᠭᠦᠰ ᠶᠣᠬᠣᠸᠠ ᠶᠢᠨ ᠦᠭᠡ ᠢᠲᠡᠭᠡᠮᠵᠢᠲᠠᠢ ᠥᠪᠡᠷ ᠦᠨ ᠬᠢᠨᠢ ᠳᠣᠲᠣᠷ᠎ᠠ ᠬᠣᠷᠭᠣᠳᠠᠳᠠᠭ ᠪᠦᠬᠦᠨ ᠳᠦ ᠲᠡᠷᠡ ᠪᠠᠮᠪᠠᠢ ᠶᠤᠮ᠃
32 ᠶᠣᠬᠣᠸᠠ ᠠᠴᠠ ᠥᠭᠡᠷ᠎ᠡ ᠬᠡᠨ ᠨᠢ ᠪᠤᠷᠬᠠᠨ ᠶᠤᠮ ᠪᠤᠢ︖ ᠪᠢᠳᠡᠨ ᠦ ᠪᠤᠷᠬᠠᠨ ᠠᠴᠠ ᠥᠭᠡᠷ᠎ᠡ ᠬᠡᠨ ᠨᠢ ᠬᠠᠳᠠ ᠶᠤᠮ ᠪᠤᠢ︖
33 ᠡᠨᠡ ᠪᠤᠷᠬᠠᠨ ᠯᠠ ᠨᠠᠮᠠᠶᠢ ᠬᠦᠴᠦ ᠴᠢᠳᠠᠯ ᠢᠶᠠᠷ ᠵᠡᠪᠰᠡᠭᠯᠡᠵᠦ ᠵᠠᠮ ᠢ ᠮᠢᠨᠢ ᠲᠡᠭᠦᠰ ᠪᠣᠯᠭᠠᠳᠠᠭ᠃
34 ᠬᠥᠯ ᠢ ᠮᠢᠨᠢ ᠰᠣᠭᠣ ᠶᠢᠨ ᠬᠢ ᠰᠢᠭ᠋ ᠪᠣᠯᠭᠠᠵᠤ ᠮᠢᠨᠦ ᠥᠨᠳᠥᠷᠯᠢᠭ ᠤᠳ ᠳᠡᠭᠡᠷ᠎ᠡ ᠨᠠᠮᠠᠶᠢ ᠲᠠᠯᠪᠢᠳᠠᠭ᠃
35 ᠲᠡᠷᠡ ᠭᠠᠷ ᠢ ᠮᠢᠨᠢ ᠲᠤᠯᠤᠯᠳᠤᠭᠠᠨ ᠳᠤ ᠳᠠᠰᠬᠠᠵᠤ ᠪᠠᠢᠨ᠎ᠠ ᠱᠤᠤ ᠮᠢᠨᠢ ᠬᠦᠷᠡᠯ ᠨᠤᠮᠤ ᠶᠢ ᠲᠠᠬᠢᠢᠯᠭᠠᠵᠤ ᠴᠢᠳᠠᠨ᠎ᠠ᠃
36 ᠲᠠ ᠠᠪᠤᠷᠠᠯ ᠤᠨ ᠢᠶᠠᠨ 17 ᠪᠠᠮᠪᠠᠢ ᠶᠢ ᠨᠠᠳᠠ ᠳᠤ ᠰᠣᠶᠣᠷᠬᠠᠭᠰᠠᠨ ᠪᠥᠭᠡᠳ ᠥᠪᠡᠷ ᠦᠨ ᠲᠠᠨᠢ ᠳᠥᠯᠭᠡᠨ ᠪᠠᠢᠳᠠᠯ ᠨᠠᠮᠠᠶᠢ ᠠᠭᠤᠤ ᠪᠣᠯᠭᠠᠨ᠎ᠠ᠃
37 ᠲᠠ ᠬᠥᠯ ᠳᠣᠣᠷᠠᠬᠢ ᠵᠠᠮ ᠢ ᠮᠢᠨᠢ ᠥᠷᠭᠡᠳᠬᠡᠵᠦ ᠪᠠᠢᠨ᠎ᠠ ᠬᠥᠯ ᠮᠢᠨᠢ ᠬᠠᠯᠲᠤᠷᠢᠭ᠎ᠠ ᠦᠭᠡᠢ᠃
38 ᠪᠢ ᠳᠠᠢᠰᠤᠨ ᠨᠤᠭᠤᠳ ᠢᠶᠠᠨ ᠨᠡᠬᠡᠨ ᠬᠥᠭᠡᠭᠡᠵᠦ᠂ ᠤᠰᠠᠳᠬᠠᠭᠰᠠᠨ ᠲᠡᠳᠡᠨ ᠢ ᠰᠥᠨᠥᠭᠡᠬᠦ ᠡᠴᠡ ᠨᠠᠰᠢ ᠡᠷᠭᠢᠭᠰᠡᠨ ᠦᠭᠡᠢ᠃
39 ᠪᠢ ᠲᠡᠳᠡᠨ ᠢ ᠪᠤᠲᠠ ᠴᠣᠬᠢᠭᠰᠠᠨ ᠳᠤ᠂ ᠲᠡᠳᠡ ᠪᠣᠰᠴᠤ ᠴᠢᠳᠠᠭᠰᠠᠨ ᠦᠭᠡᠢ ᠬᠥᠯ ᠳᠣᠣᠷ᠎ᠠ ᠮᠢᠨᠢ ᠤᠨᠠᠭᠰᠠᠨ ᠪᠠᠢᠪᠠ᠃
40 ᠲᠠ ᠨᠠᠮᠠᠶᠢ ᠲᠤᠯᠤᠯᠳᠤᠭᠠᠨ ᠳᠤ ᠬᠦᠴᠦ ᠴᠢᠳᠠᠯ ᠢᠶᠠᠷ ᠵᠡᠪᠰᠡᠭᠯᠡᠵᠦ ᠮᠢᠨᠦ ᠡᠰᠡᠷᠭᠦ ᠪᠣᠰᠣᠭᠴᠢᠳ ᠢ ᠮᠢᠨᠦ ᠳᠣᠣᠷ᠎ᠠ ᠪᠥᠬᠥᠢᠯᠭᠡᠪᠡ᠃
41 ᠲᠠ ᠳᠠᠢᠰᠤᠨ ᠨᠤᠭᠤᠳ ᠤᠨ ᠮᠢᠨᠢ ᠨᠢᠷᠤᠭᠤ ᠶᠢ ᠬᠠᠷᠠᠭᠤᠯᠤᠭᠰᠠᠨ ᠪᠢ ᠥᠰᠲᠡᠨ ᠨᠦᠭᠦᠳ ᠢᠶᠡᠨ ᠤᠰᠠᠳᠬᠠᠯᠠ᠃
42 ᠲᠡᠳᠡ ᠬᠠᠰᠬᠢᠷᠤᠭᠰᠠᠨ ᠪᠣᠯᠪᠠᠴᠤ ᠠᠪᠤᠷᠠᠭᠴᠢ ᠠᠯᠠᠭ᠎ᠠ ᠶᠣᠬᠣᠸᠠ ᠤᠷᠤᠭᠤ ᠬᠠᠰᠬᠢᠷᠤᠭᠰᠠᠨ ᠴᠤ ᠲᠡᠷᠡ ᠬᠠᠷᠢᠭᠤᠯᠤᠭ᠎ᠠ ᠦᠭᠡᠢ᠃
43 ᠪᠢ ᠲᠡᠳᠡᠨ ᠢ ᠭᠠᠵᠠᠷ ᠤᠨ ᠲᠣᠭᠣᠰᠣ ᠮᠡᠲᠦ ᠨᠣᠨᠳᠠᠭᠯᠠᠨ ᠭᠤᠳᠤᠮᠵᠢᠨ ᠤ ᠰᠢᠪᠠᠬᠠᠢ ᠮᠡᠲᠦ ᠨᠤᠬᠤᠴᠢᠨ ᠳᠡᠪᠰᠡᠯᠡᠨᠡ᠃
44 ᠲᠠ ᠨᠠᠮᠠᠶᠢ ᠠᠷᠠᠳ ᠲᠦᠮᠡᠨ ᠦ ᠮᠢᠨᠢ ᠬᠡᠷᠡᠭᠦᠯ ᠡᠴᠡ ᠭᠡᠲᠦᠯᠭᠡᠵᠦ᠂ ᠨᠠᠮᠠᠶᠢ ᠬᠠᠮᠠᠭᠠᠯᠠᠨ ᠦᠨᠳᠦᠰᠦᠲᠡᠨ ᠨᠦᠭᠦᠳ ᠦᠨ ᠲᠡᠷᠢᠭᠦᠨ ᠪᠣᠯᠭᠠᠨ᠎ᠠ ᠮᠢᠨᠦ ᠮᠡᠳᠡᠳᠡᠭ ᠦᠭᠡᠢ ᠠᠷᠠᠳ ᠲᠦᠮᠡᠨ ᠨᠠᠳᠠ ᠳᠤ ᠦᠢᠯᠡᠴᠢᠯᠡᠨ᠎ᠡ᠂
45 ᠬᠠᠷᠢᠴᠤᠳ ᠨᠠᠳᠠ ᠳᠤ ᠪᠥᠬᠥᠢᠨ᠎ᠡ ᠮᠢᠨᠦ ᠬᠢ ᠶᠢ ᠰᠣᠨᠣᠰᠣᠩ᠋ᠭᠤᠲᠠ ᠳᠠᠭᠠᠨ᠎ᠠ᠂
46 ᠬᠠᠷᠢᠴᠤᠳ ᠵᠣᠷᠢᠭ ᠠᠯᠳᠠᠨ ᠰᠢᠯᠲᠦᠭᠡᠨ ᠡᠴᠡ ᠪᠡᠨ ᠴᠡᠴᠡᠷᠡᠨ ᠭᠠᠷᠤᠨ᠎ᠠ᠃
47 ᠶᠣᠬᠣᠸᠠ ᠠᠮᠢᠳᠤ︕ ᠳᠡᠭᠡᠳᠦᠯᠡᠭᠳᠡᠬᠦ ᠪᠣᠯᠲᠤᠭᠠᠢ᠂ ᠬᠠᠳᠠ ᠮᠢᠨᠢ︕ ᠡᠷᠭᠦᠮᠵᠢᠯᠡᠭᠳᠡᠬᠦ ᠪᠣᠯᠲᠤᠭᠠᠢ᠂ ᠮᠢᠨᠦ ᠠᠪᠤᠷᠠᠯ ᠤᠨ ᠬᠠᠳᠠ ᠪᠣᠯᠬᠤ ᠪᠤᠷᠬᠠᠨ᠂
48 ᠮᠢᠨᠦ ᠲᠥᠯᠥᠭᠡ ᠥᠰᠢᠶ᠎ᠡ ᠠᠪᠴᠤ ᠮᠢᠨᠦ ᠳᠣᠣᠷ᠎ᠠ ᠦᠨᠳᠦᠰᠦᠲᠡᠨ ᠨᠦᠭᠦᠳ ᠢ ᠪᠥᠬᠥᠢᠯᠭᠡᠨ
49 ᠨᠠᠮᠠᠶᠢ ᠳᠠᠢᠰᠤᠨ ᠨᠤᠭᠤᠳ ᠠᠴᠠ ᠮᠢᠨᠢ ᠭᠠᠷᠭᠠᠵᠤ ᠠᠪᠳᠠᠭ ᠪᠤᠷᠬᠠᠨ︕ ᠲᠠ ᠨᠠᠮᠠᠶᠢ ᠡᠰᠡᠷᠭᠦᠴᠡᠭᠴᠢᠳ ᠤᠨ ᠮᠢᠨᠢ ᠳᠡᠭᠡᠷ᠎ᠡ ᠡᠷᠭᠦᠮᠵᠢᠯᠡᠵᠦ ᠬᠠᠷᠭᠢᠰ ᠬᠥᠮᠦᠨ ᠡᠴᠡ ᠭᠡᠲᠦᠯᠭᠡᠨ᠎ᠡ᠂
50 ᠲᠡᠢᠮᠦ ᠡᠴᠡ ᠦᠨᠳᠦᠰᠦᠲᠡᠨ ᠨᠦᠭᠦᠳ ᠦᠨ ᠳᠤᠮᠳᠠ ᠪᠢ ᠶᠣᠬᠣᠸᠠ ᠲᠠᠨ ᠳᠤ ᠲᠠᠯᠠᠷᠬᠠᠨ ᠲᠠᠨ ᠤ ᠨᠡᠷ᠎ᠡ ᠳᠦ ᠮᠠᠭᠲᠠᠭᠠᠯ ᠡᠷᠭᠦᠨ᠎ᠡ᠃
51 ᠲᠡᠷᠡ ᠥᠪᠡᠷ ᠦᠨ ᠢᠶᠠᠨ ᠪᠣᠰᠬᠠᠭᠰᠠᠨ ᠬᠠᠭᠠᠨ ᠳᠤ ᠶᠡᠬᠡ ᠢᠯᠠᠯᠲᠠ ᠶᠢ ᠥᠭᠳᠡᠭ ᠪᠥᠭᠡᠳ ᠥᠪᠡᠷ ᠦᠨ ᠢᠶᠠᠨ ᠲᠣᠰᠣᠯᠠᠭᠰᠠᠨ ᠨᠢᠭᠡᠨ ᠳᠦ ᠳ᠋ᠠᠸᠢᠳ᠋ ᠪᠣᠯᠣᠨ ᠲᠡᠭᠦᠨ ᠦ ᠦᠷ᠎ᠡ ᠤᠳᠤᠮ ᠳᠤ ᠬᠠᠢᠷ᠎ᠠ ᠡᠨᠡᠷᠢᠯ ᠬᠢᠭᠡᠳ ᠥᠷᠥᠰᠢᠶᠡᠯ ᠢᠶᠡᠨ ᠥᠨᠢ ᠮᠥᠩᠬᠡ ᠦᠵᠡᠭᠦᠯᠳᠡᠭ᠃