ᠬᠣᠶᠠᠳᠤᠭᠠᠷ ᠰᠠᠮᠦ᠋ᠶᠧᠯ ᠠᠷᠪᠠ
ᠠᠮᠣᠨᠴᠤᠳ ᠲᠠᠢ ᠪᠠᠢᠯᠳᠤᠪᠠ
1 ᠬᠡᠰᠡᠭ ᠬᠤᠭᠤᠴᠠᠭᠠᠨ ᠤ ᠳᠠᠷᠠᠭ᠎ᠠ᠂ ᠠᠮᠣᠨᠴᠤᠳ ᠤᠨ ᠬᠠᠭᠠᠨ ᠨᠠᠰᠤ ᠪᠠᠷᠠᠵᠤ᠂ ᠬᠦᠦ ᠬᠠᠨᠦ᠋ᠨ ᠨᠢ ᠲᠡᠭᠦᠨ ᠦ ᠣᠷᠣᠨ ᠳᠤ ᠬᠠᠭᠠᠨ ᠪᠣᠯᠪᠠ᠃ 2 ᠳ᠋ᠠᠸᠢᠳ᠋᠄ 《ᠡᠴᠢᠭᠡ ᠨᠠᠬᠠᠱ ᠨᠢ ᠨᠠᠳᠠ ᠳᠤ ᠡᠨᠡᠷᠢᠯ ᠬᠠᠢᠷ᠎ᠠ ᠦᠵᠡᠭᠦᠯᠦᠭᠰᠡᠨ ᠦ ᠠᠳᠠᠯᠢ ᠪᠠᠷ ᠪᠢ ᠴᠤ ᠬᠦᠦ ᠬᠠᠨᠦ᠋ᠨ ᠳᠤᠨᠢ ᠡᠨᠡᠷᠢᠯ ᠬᠠᠢᠷ᠎ᠠ ᠦᠵᠡᠭᠦᠯᠦᠶ᠎ᠡ》 ᠭᠡᠳ᠂ ᠡᠴᠢᠭᠡ ᠶᠢᠨ ᠬᠢᠨᠢ ᠨᠠᠰᠤ ᠪᠠᠷᠠᠭᠰᠠᠨ ᠳᠤ ᠡᠮᠭᠡᠨᠢᠯ ᠢᠯᠡᠷᠬᠡᠶᠢᠯᠡᠬᠦ ᠪᠡᠷ ᠲᠦᠰᠢᠮᠡᠳ ᠢᠶᠡᠨ ᠢᠯᠡᠭᠡᠪᠡ᠃ ᠢᠩᠭᠢᠭᠡᠳ ᠳ᠋ᠠᠸᠢᠳ᠋ ᠤᠨ ᠲᠦᠰᠢᠮᠡᠳ ᠠᠮᠣᠨᠴᠤᠳ ᠤᠨ ᠨᠤᠲᠤᠭ ᠲᠤ ᠣᠴᠢᠯ᠎ᠠ᠃ 3 ᠬᠠᠷᠢᠨ ᠠᠮᠣᠨᠴᠤᠳ ᠤᠨ ᠨᠣᠶᠠᠳ ᠡᠵᠡᠨ ᠬᠠᠨᠦ᠋ᠨ ᠳᠠᠭᠠᠨ᠄ 《ᠳ᠋ᠠᠸᠢᠳ᠋ ᠡᠮᠭᠡᠨᠢᠯ ᠢᠯᠡᠷᠬᠡᠶᠢᠯᠡᠭᠴᠢᠳ ᠢ ᠢᠯᠡᠭᠡᠭᠰᠡᠨ ᠤᠴᠢᠷ ᠠᠴᠠ ᠲᠠᠨ ᠤ ᠡᠴᠢᠭᠡ ᠶᠢ ᠬᠦᠨᠳᠦᠯᠡᠵᠦ ᠪᠠᠢᠭ᠎ᠠ ᠭᠡᠵᠦ ᠲᠠ ᠦᠵᠡᠵᠦ ᠪᠠᠢᠨ᠎ᠠ ᠤᠤ︖ ᠳ᠋ᠠᠸᠢᠳ᠋ ᠡᠨᠡ ᠬᠣᠲᠠ ᠶᠢ ᠲᠠᠩᠨᠠᠨ ᠲᠤᠷᠰᠢᠵᠤ᠂ ᠰᠦᠢᠷᠡᠭᠦᠯᠬᠦ ᠭᠡᠵᠦ ᠲᠦᠰᠢᠮᠡᠳ ᠢᠶᠡᠨ ᠢᠯᠡᠭᠡᠭᠰᠡᠨ ᠪᠢᠰᠢ ᠤᠤ︖》 ᠭᠡᠪᠡ᠃ 4 ᠢᠩᠭᠢᠭᠡᠳ ᠬᠠᠨᠦ᠋ᠨ ᠳ᠋ᠠᠸᠢᠳ᠋ ᠤᠨ ᠲᠦᠰᠢᠮᠡᠳ ᠢ ᠪᠠᠷᠢᠪᠴᠢᠯᠠᠵᠤ᠂ ᠰᠠᠬᠠᠯ ᠤᠨ ᠬᠢᠨᠢ ᠲᠠᠯ᠎ᠠ ᠶᠢ ᠬᠤᠰᠤᠨ᠂ ᠡᠮᠦᠰᠦᠭᠰᠡᠨ ᠬᠤᠪᠴᠠᠰᠤᠨ ᠤ ᠬᠢᠨᠢ ᠬᠣᠷᠮᠣᠢ ᠠᠴᠠ ᠨᠢ ᠥᠭᠡᠵᠡᠭ ᠲᠤᠨᠢ ᠬᠦᠷᠲᠡᠯ᠎ᠡ ᠳᠠᠭᠠᠷᠢᠭᠠᠳ ᠬᠥᠭᠡᠭᠡᠵᠦ ᠶᠠᠪᠤᠭᠤᠯᠤᠭᠰᠠᠨ ᠪᠠᠢᠨ᠎ᠠ᠃ 5 ᠬᠥᠮᠦᠰ ᠳ᠋ᠠᠸᠢᠳ᠋ ᠲᠤ ᠡᠳᠡᠭᠡᠷ ᠢ ᠮᠡᠳᠡᠭᠦᠯᠬᠦ ᠳᠦ᠂ ᠬᠠᠭᠠᠨ ᠦᠯᠡᠮᠵᠢ ᠶᠡᠬᠡ ᠪᠡᠷ ᠳᠣᠷᠣᠮᠵᠢᠯᠠᠭᠳᠠᠭᠰᠠᠨ ᠨᠥᠭᠥᠭᠡ ᠡᠷᠡᠴᠦᠳ ᠢ ᠤᠭᠲᠤᠭᠤᠯᠬᠤ ᠪᠠᠷ ᠡᠯᠴᠢᠳ ᠢ ᠢᠯᠡᠭᠡᠨ᠄ 《ᠲᠠ ᠨᠠᠷ ᠶᠧᠷᠢᠺᠣ ᠳᠤ ᠪᠠᠢᠵᠤ ᠪᠠᠢᠭᠠᠳ ᠰᠠᠬᠠᠯ ᠢᠶᠠᠨ ᠤᠷᠭᠤᠵᠤ ᠭᠦᠢᠴᠡᠭᠰᠡᠨ ᠦ ᠳᠠᠷᠠᠭ᠎ᠠ ᠪᠤᠴᠠᠵᠤ ᠢᠷ᠎ᠡ》 ᠭᠡᠵᠦ ᠬᠡᠯᠡᠭᠦᠯᠪᠡ᠃
6 ᠠᠮᠣᠨᠴᠤᠳ ᠳ᠋ᠠᠸᠢᠳ᠋ ᠤᠨ ᠠᠭᠤᠷ ᠢ ᠬᠦᠷᠭᠡᠭᠰᠡᠨ ᠢᠶᠡᠨ ᠮᠡᠳᠡᠭᠡᠳ ᠬᠥᠮᠦᠨ ᠢᠯᠡᠭᠡᠨ ᠪᠧᠲ ᠷᠧᠬᠣᠪ ᠪᠣᠯᠣᠨ ᠽᠣᠪᠠ ᠶᠢᠨ ᠠᠷᠠᠮᠴᠤᠳ ᠠᠴᠠ ᠬᠣᠶᠠᠷ ᠲᠦᠮᠡᠨ ᠶᠠᠪᠠᠭᠠᠨ ᠴᠡᠷᠢᠭ᠂ ᠮᠠᠺᠠ ᠶᠢᠨ ᠬᠠᠭᠠᠨ ᠠᠴᠠ ᠮᠢᠩ᠋ᠭᠠᠨ ᠡᠷ᠎ᠡ᠂ ᠮᠥᠨ ᠲᠣᠪᠴᠤᠳ ᠠᠴᠠ ᠲᠦᠮᠡ ᠬᠣᠶᠠᠷ ᠮᠢᠩ᠋ᠭᠠᠨ ᠡᠷ᠎ᠡ ᠬᠥᠯᠥᠰᠥᠯᠡᠨ ᠠᠪᠤᠪᠠ᠃ 7 ᠳ᠋ᠠᠸᠢᠳ᠋ ᠡᠭᠦᠨ ᠢ ᠰᠣᠨᠣᠰᠣᠭᠠᠳ ᠶᠣᠶᠠᠪ ᠪᠣᠯᠣᠨ ᠳᠠᠢᠴᠢᠨ ᠴᠡᠷᠢᠭ ᠢᠶᠠᠨ ᠶᠠᠪᠤᠭᠤᠯᠪᠠ᠃ 8 ᠲᠡᠭᠡᠬᠦ ᠳᠦ ᠠᠮᠣᠨᠴᠤᠳ ᠭᠠᠷᠴᠤ ᠢᠷᠡᠭᠡᠳ ᠬᠣᠲᠠ ᠶᠢᠨ ᠬᠠᠭᠠᠯᠭᠠᠨ ᠤ ᠡᠮᠦᠨ᠎ᠡ ᠪᠠᠢᠯᠳᠤᠭᠠᠨ ᠤ ᠵᠢᠭᠰᠠᠭᠠᠯ ᠪᠡᠯᠡᠳᠦᠭᠰᠡᠨ ᠪᠠ ᠽᠣᠪᠠ ᠪᠣᠯᠣᠨ ᠷᠧᠬᠣᠪ ᠤᠨ ᠠᠷᠠᠮᠴᠤᠳ᠂ ᠮᠥᠨ ᠲᠣᠪᠴᠤᠳ ᠪᠣᠯᠣᠨ ᠮᠠᠺᠠᠴᠤᠳ ᠬᠡᠭᠡᠷ᠎ᠡ ᠲᠠᠯ᠎ᠠ ᠳᠤ ᠲᠤᠰ ᠲᠤᠰ ᠲᠠᠭᠠᠨ ᠪᠠᠢᠷᠢᠯᠠᠭᠰᠠᠨ ᠪᠠᠢᠯ᠎ᠠ᠃ 9 ᠶᠣᠶᠠᠪ ᠡᠮᠦᠨ᠎ᠡ ᠨᠢ ᠴᠤ᠂ ᠠᠷᠤ ᠳᠤᠨᠢ ᠴᠤ ᠪᠠᠢᠯᠳᠤᠭᠠᠨ ᠤ ᠵᠢᠭᠰᠠᠭᠠᠯ ᠪᠠᠢᠭ᠎ᠠ ᠶᠢ ᠦᠵᠡᠭᠡᠳ᠂ ᠢᠰᠷᠧᠯ ᠤᠨ ᠬᠠᠮᠤᠭ ᠴᠡᠷᠢᠭ ᠤᠨ ᠰᠢᠯᠢᠳᠡᠭ ᠡᠴᠡ ᠰᠢᠯᠢᠳᠡᠭ ᠢ ᠰᠢᠯᠢᠨ ᠠᠪᠴᠤ᠂ ᠠᠷᠠᠮᠴᠤᠳ ᠤᠨ ᠡᠰᠡᠷᠭᠦ ᠪᠠᠢᠷᠢᠯᠠᠭᠤᠯᠤᠭᠰᠠᠨ ᠪᠥᠭᠡᠳ 10 ᠦᠯᠡᠳᠡᠭᠰᠡᠨ ᠬᠦᠴᠦ ᠶᠢ ᠳᠡᠭᠦᠦ ᠠᠪᠢᠱᠠᠢ ᠶᠢᠨ ᠢᠶᠠᠨ ᠭᠠᠷ ᠲᠤ ᠳᠠᠭᠠᠭᠠᠯᠭᠠᠪᠠ᠃ ᠡᠢᠨ ᠬᠦ ᠲᠡᠳᠡ ᠠᠮᠣᠨᠴᠤᠳ ᠤᠨ ᠡᠰᠡᠷᠭᠦ ᠵᠢᠭᠰᠠᠵᠠᠢ᠃ 11 ᠶᠣᠶᠠᠪ᠄ 《ᠬᠡᠷᠪᠡ ᠠᠷᠠᠮᠴᠤᠳ ᠨᠠᠳᠠ ᠠᠴᠠ ᠬᠦᠴᠦ ᠲᠠᠢ ᠪᠣᠯ᠂ ᠴᠢ ᠨᠠᠳᠠ ᠳᠤ ᠲᠤᠰᠠᠯᠠ᠃ ᠬᠠᠷᠢᠨ ᠠᠮᠣᠨᠴᠤᠳ ᠴᠢᠮ᠎ᠠ ᠠᠴᠠ ᠬᠦᠴᠦᠲᠡᠢ ᠪᠣᠯ᠂ ᠪᠢ ᠴᠢᠮ᠎ᠠ ᠳᠤ ᠲᠤᠰᠠᠯᠠᠬᠤ ᠪᠠᠷ ᠢᠷᠡᠶ᠎ᠡ᠃ 12 ᠬᠦᠴᠦᠲᠡᠢ ᠪᠠᠢ᠂ ᠠᠷᠠᠳ ᠲᠦᠮᠡᠨ ᠪᠣᠯᠣᠨ ᠪᠤᠷᠬᠠᠨ ᠤ ᠪᠠᠨ ᠬᠣᠲᠠ ᠲᠣᠰᠬᠣᠨ ᠤ ᠲᠥᠯᠥᠭᠡ ᠬᠦᠴᠦ ᠪᠡᠨ ᠡᠷᠭᠦᠶ᠎ᠡ᠃ ᠶᠣᠬᠣᠸᠠ ᠰᠠᠢᠨ ᠭᠡᠵᠦ ᠦᠵᠡᠭᠰᠡᠨ ᠢᠶᠡᠨ ᠪᠡᠶᠡᠯᠡᠭᠦᠯᠦᠨ᠎ᠡ》 ᠭᠡᠪᠡ᠃ 13 ᠶᠣᠶᠠᠪ ᠴᠡᠷᠢᠭ ᠲᠠᠢ ᠪᠠᠨ ᠬᠠᠮᠲᠤ ᠠᠷᠠᠮᠴᠤᠳ ᠲᠠᠢ ᠲᠤᠯᠤᠯᠳᠤᠬᠤ ᠪᠠᠷ ᠣᠢᠷᠠᠲᠤᠬᠤ ᠳᠤ᠂ ᠠᠷᠠᠮᠴᠤᠳ ᠲᠡᠭᠦᠨ ᠦ ᠡᠮᠦᠨ᠎ᠡ ᠡᠴᠡ ᠵᠢᠭᠤᠲᠠᠵᠠᠭᠠᠪᠠ᠃ 14 ᠠᠷᠠᠮᠴᠤᠳ ᠤᠨ ᠵᠢᠭᠤᠲᠠᠬᠤ ᠶᠢ ᠬᠠᠷᠠᠭᠠᠳ ᠠᠮᠣᠨᠴᠤᠳ ᠴᠤ ᠠᠪᠢᠱᠠᠢ ᠶᠢᠨ ᠡᠮᠦᠨ᠎ᠡ ᠡᠴᠡ ᠵᠢᠭᠤᠲᠠᠨ᠂ ᠬᠣᠲᠠ ᠤᠷᠤᠭᠤ ᠪᠠᠨ ᠣᠷᠣᠵᠠᠢ᠃ ᠶᠣᠶᠠᠪ ᠠᠮᠣᠨᠴᠤᠳ ᠲᠠᠢ ᠳᠠᠢᠲᠤᠬᠤ ᠪᠠᠨ ᠪᠣᠯᠢᠭᠠᠳ ᠶᠧᠷᠦ᠋ᠰᠠᠯᠧᠮ ᠳᠤ ᠪᠤᠴᠠᠭᠰᠠᠨ ᠪᠠᠢᠯ᠎ᠠ᠃
15 ᠠᠷᠠᠮᠴᠤᠳ ᠢᠰᠷᠧᠯ ᠳᠤ ᠢᠯᠠᠭᠳᠠᠭᠰᠠᠨ ᠢᠶᠠᠨ ᠦᠵᠡᠭᠡᠳ ᠳᠠᠬᠢᠨ ᠬᠠᠮᠲᠤ ᠳᠠᠭᠠᠨ ᠴᠤᠭᠯᠠᠷᠠᠵᠠᠭᠠᠪᠠ᠃ 16 ᠬᠠᠳᠠᠳᠧᠽᠧᠷ ᠮᠥᠷᠡᠨ ᠦ ᠴᠢᠨᠠᠳᠤ ᠳᠠᠬᠢ ᠠᠷᠠᠮᠴᠤᠳ ᠢ ᠢᠷᠡᠭᠦᠯᠦᠭᠰᠡᠨ ᠳᠦ᠂ ᠲᠡᠳᠡ ᠾᠧᠯᠠᠮ ᠳᠤ ᠬᠦᠷᠴᠦ ᠢᠷᠡᠵᠡᠭᠡᠵᠡᠢ᠃ ᠤᠳᠤᠷᠢᠳᠤᠭᠴᠢ ᠨᠢ ᠬᠠᠳᠠᠳᠧᠽᠧᠷ ᠤᠨ ᠴᠡᠷᠢᠭ ᠤᠨ ᠵᠠᠩᠵᠤᠨ ᠱᠣᠪᠠᠺ ᠪᠠᠢᠪᠠ᠃ 17 ᠳ᠋ᠠᠸᠢᠳ᠋ ᠡᠨᠡ ᠲᠤᠬᠠᠢ ᠳᠤᠭᠤᠯᠤᠭᠠᠳ ᠬᠠᠮᠤᠭ ᠢᠰᠷᠧᠯ ᠢ ᠴᠤᠭᠯᠠᠭᠤᠯᠵᠤ᠂ ᠶᠣᠷᠳᠠᠨ ᠢ ᠭᠠᠲᠤᠯᠤᠨ ᠾᠧᠯᠠᠮ ᠳᠤ ᠬᠦᠷᠪᠡ᠃ ᠠᠷᠠᠮᠴᠤᠳ ᠳ᠋ᠠᠸᠢᠳ᠋ ᠤᠨ ᠬᠠᠷᠠᠯᠳᠤᠭ᠎ᠠ ᠪᠠᠢᠯᠳᠤᠭᠠᠨ ᠤ ᠵᠢᠭᠰᠠᠭᠠᠯ ᠪᠡᠯᠡᠳᠴᠦ ᠲᠡᠭᠦᠨ ᠲᠡᠢ ᠪᠠᠢᠯᠳᠤᠵᠤ ᠪᠠᠢᠭᠰᠠᠨ ᠢᠶᠠᠨ 18 ᠢᠰᠷᠧᠯ ᠤᠨ ᠡᠮᠦᠨ᠎ᠡ ᠡᠴᠡ ᠵᠢᠭᠤᠲᠠᠪᠠ᠃ ᠳ᠋ᠠᠸᠢᠳ᠋ ᠠᠷᠠᠮᠴᠤᠳ ᠤᠨ ᠳᠣᠯᠣᠭᠠᠨ ᠮᠢᠩ᠋ᠭᠠᠨ ᠲᠡᠷᠭᠡᠲᠦ ᠴᠡᠷᠢᠭ᠂ ᠳᠥᠷᠪᠡᠨ ᠲᠦᠮᠡᠨ ᠶᠠᠪᠠᠭᠠᠨ ᠴᠡᠷᠢᠭ ᠢ ᠤᠰᠠᠳᠬᠠᠵᠤ᠂ ᠴᠡᠷᠢᠭ ᠤᠨ ᠵᠠᠩᠵᠤᠨ ᠱᠣᠪᠠᠺ ᠢ ᠨᠢ ᠴᠤ ᠴᠣᠬᠢᠭᠰᠠᠨ ᠳᠤ᠂ ᠲᠡᠷᠡ ᠲᠡᠨᠳᠡ ᠪᠡᠨ ᠦᠬᠦᠪᠡ᠃ 19 ᠬᠠᠳᠠᠳᠧᠽᠧᠷ ᠤᠨ ᠬᠠᠷᠢᠶᠠᠲᠤ ᠪᠦᠬᠦ ᠬᠠᠭᠠᠨ ᠢᠰᠷᠧᠯ ᠳᠤ ᠪᠤᠲᠠ ᠴᠣᠬᠢᠭᠳᠠᠭᠰᠠᠨ ᠢᠶᠠᠨ ᠬᠠᠷᠠᠭᠠᠳ᠂ ᠢᠰᠷᠧᠯ ᠲᠠᠢ ᠨᠠᠢᠷᠠᠮᠳᠠᠯ ᠲᠣᠭᠲᠠᠭᠠᠨ᠂ ᠲᠡᠭᠦᠨ ᠦ ᠬᠠᠷᠢᠶᠠᠲᠤ ᠪᠣᠯᠣᠭᠰᠠᠨ ᠪᠠᠢᠨ᠎ᠠ᠃ ᠢᠩᠭᠢᠭᠡᠳ ᠠᠷᠠᠮᠴᠤᠳ ᠠᠮᠣᠨᠴᠤᠳ ᠲᠤ ᠲᠤᠰᠠᠯᠠᠬᠤ ᠠᠴᠠ ᠪᠠᠨ ᠠᠶᠤᠳᠠᠭ ᠪᠣᠯᠵᠠᠢ᠃