1 2 3 4 5 6 7 8 9 10 11 12 13 14 15 16 17 18 19 20 21 22 23 24 25 26 27 28


ᠮᠠᠲ᠋ᠠᠢ ᠨᠢᠭᠡ
 ᠢᠰᠦ᠋ᠰ ᠾᠷᠢᠰᠲ᠋ᠣᠰ ᠤᠨ ᠭᠡᠷ ᠦᠨ ᠴᠠᠳᠢᠭ

1 ᠠᠪᠷᠠᠬᠠᠮ ᠤᠨ ᠤᠳᠤᠮ᠂ ᠳ᠋ᠠᠸᠢᠳ᠋ ᠤᠨ ᠤᠳᠤᠮ᠂ ᠢᠰᠦ᠋ᠰ 1 ᠾᠷᠢᠰᠲ᠋ᠣᠰ 2  ᠤᠨ ᠭᠡᠷ ᠦᠨ ᠴᠠᠳᠢᠭ᠄

2 ᠠᠪᠷᠠᠬᠠᠮ ᠤᠨ ᠬᠦᠦ ᠢᠰᠠᠺ 3 ᠂ ᠢᠰᠠᠺ ᠤᠨ ᠬᠦᠦ ᠶᠠᠺᠣᠪ᠂ ᠶᠠᠺᠣᠪ ᠤᠨ ᠬᠦᠦ ᠶᠦᠳᠠ ᠪᠣᠯᠣᠨ ᠲᠡᠭᠦᠨ ᠦ ᠠᠬ᠎ᠠ ᠳᠡᠭᠦᠦ ᠨᠠᠷ᠂ 3 ᠶᠦᠳᠠ ᠲᠠᠮᠠᠷ ᠬᠣᠶᠠᠷ ᠤᠨ ᠬᠦᠦ ᠫᠧᠷᠧᠽ ᠪᠣᠯᠣᠨ ᠽᠧᠷᠠ᠂ ᠫᠧᠷᠧᠽ ᠤᠨ ᠬᠦᠦ ᠾᠧᠽᠷᠣᠨ᠂ ᠾᠧᠽᠷᠣᠨ ᠤ ᠬᠦᠦ ᠷᠠᠮ᠂ 4 ᠷᠠᠮ ᠤᠨ ᠬᠦᠦ ᠠᠮᠢᠨᠠᠳᠠᠪ᠂ ᠠᠮᠢᠨᠠᠳᠠᠪ ᠤᠨ ᠬᠦᠦ ᠨᠠᠾᠱᠣᠨ᠂ ᠨᠠᠾᠱᠣᠨ ᠤ ᠬᠦᠦ ᠰᠠᠯᠮᠣᠨ᠂ 5 ᠰᠠᠯᠮᠣᠨ ᠷᠠᠬᠠᠪ ᠬᠣᠶᠠᠷ ᠤᠨ ᠬᠦᠦ ᠪᠣᠶᠠᠽ᠂ ᠪᠣᠶᠠᠽ ᠷᠦᠲ ᠬᠣᠶᠠᠷ ᠤᠨ ᠬᠦᠦ ᠣᠪᠧᠳ᠋᠂ ᠣᠪᠧᠳ᠋ ᠤᠨ ᠬᠦᠦ ᠢᠱᠠᠢ᠂ 6 ᠢᠱᠠᠢ ᠶᠢᠨ ᠬᠦᠦ ᠳ᠋ᠠᠸᠢᠳ᠋ ᠬᠠᠭᠠᠨ᠃

7 ᠰᠣᠯᠣᠮᠣᠨ ᠤ ᠬᠦᠦ ᠷᠧᠬᠣᠪᠣᠶᠠᠮ᠂ ᠷᠧᠬᠣᠪᠣᠶᠠᠮ ᠤᠨ ᠬᠦᠦ ᠠᠪᠢᠶᠠ᠂ ᠠᠪᠢᠶᠠ ᠶᠢᠨ ᠬᠦᠦ ᠠᠰᠠ᠂ 8 ᠠᠰᠠ ᠶᠢᠨ ᠬᠦᠦ ᠶᠣᠱᠠᠹᠠᠲ᠂ ᠶᠣᠱᠠᠹᠠᠲ ᠤᠨ ᠬᠦᠦ ᠶᠣᠷᠠᠮ᠂ ᠶᠣᠷᠠᠮ ᠤᠨ ᠬᠦᠦ ᠦᠽᠢᠶ᠎ᠠ᠂ 9 ᠦᠽᠢᠶ᠎ᠠ ᠶᠢᠨ ᠬᠦᠦ ᠶᠣᠲ᠋ᠠᠮ᠂ ᠶᠣᠲ᠋ᠠᠮ ᠤᠨ ᠬᠦᠦ ᠠᠬᠠᠽ᠂ ᠠᠬᠠᠽ ᠤᠨ ᠬᠦᠦ ᠾᠧᠽᠧᠺᠢᠶ᠎ᠠ᠂ 10 ᠾᠧᠽᠧᠺᠢᠶ᠎ᠠ ᠶᠢᠨ ᠬᠦᠦ ᠮᠠᠨᠠᠰᠧ᠂ ᠮᠠᠨᠠᠰᠧ ᠶᠢᠨ ᠬᠦᠦ ᠠᠮᠣ᠋᠂ ᠠᠮᠣ᠋ ᠶᠢᠨ ᠬᠦᠦ ᠶᠣᠰᠢᠶ᠎ᠠ᠂ 11 ᠪᠠᠪᠢᠯᠣᠨ ᠳᠤ ᠴᠥᠯᠡᠭᠳᠡᠬᠦ ᠦᠶ᠎ᠡ ᠳᠦ ᠶᠣᠰᠢᠶ᠎ᠠ ᠠᠴᠠ ᠶᠧᠬᠣᠨᠢᠶ᠎ᠠ ᠪᠣᠯᠣᠨ ᠲᠡᠭᠦᠨ ᠦ ᠠᠬ᠎ᠠ ᠳᠡᠭᠦᠦ ᠨᠠᠷ ᠲᠥᠷᠥᠵᠡᠢ᠃

12 ᠪᠠᠪᠢᠯᠣᠨ ᠳᠤ ᠴᠥᠯᠡᠭᠳᠡᠭᠰᠡᠨ ᠦ ᠳᠠᠷᠠᠭ᠎ᠠ᠂ ᠶᠧᠬᠣᠨᠢᠶ᠎ᠠ ᠶᠢᠨ ᠬᠦᠦ ᠱᠠᠯᠲ᠋ᠢᠶᠧᠯ᠂ ᠱᠠᠯᠲ᠋ᠢᠶᠧᠯ ᠤᠨ ᠬᠦᠦ ᠽᠣᠷᠣᠪᠠᠪᠧᠯ᠂ 13 ᠽᠣᠷᠣᠪᠠᠪᠧᠯ ᠤᠨ ᠬᠦᠦ ᠠᠪᠢᠦ᠋ᠳ᠋᠂ ᠠᠪᠢᠦ᠋ᠳ᠋ ᠤᠨ ᠬᠦᠦ ᠧᠯᠢᠶᠠᠺᠢᠮ᠂ ᠧᠯᠢᠶᠠᠺᠢᠮ ᠤᠨ ᠬᠦᠦ ᠠᠽᠣᠷ᠂ 14 ᠠᠽᠣᠷ ᠤᠨ ᠬᠦᠦ ᠽᠠᠳᠣᠺ᠂ ᠽᠠᠳᠣᠺ ᠤᠨ ᠬᠦᠦ ᠠᠬᠢᠮ᠂ ᠠᠬᠢᠮ ᠤᠨ ᠬᠦᠦ ᠧᠯᠢᠦ᠋ᠳ᠋᠂ 15 ᠧᠯᠢᠦ᠋ᠳ᠋ ᠤᠨ ᠬᠦᠦ ᠧᠯᠧᠽᠠᠷ᠂ ᠧᠯᠧᠽᠠᠷ ᠤᠨ ᠬᠦᠦ ᠮᠠᠲ᠋ᠠ᠂ ᠮᠠᠲ᠋ᠠ ᠶᠢᠨ ᠬᠦᠦ ᠶᠠᠺᠣᠪ ᠲᠥᠷᠥᠪᠡ᠃ 16 ᠶᠠᠺᠣᠪ ᠤᠨ ᠬᠦᠦ ᠶᠣᠰᠧᠹ ᠪᠣᠯ ᠮᠠᠷᠢᠶᠠ ᠶᠢᠨ ᠨᠥᠬᠥᠷ ᠪᠥᠭᠡᠳ ᠮᠠᠷᠢᠶᠠ ᠠᠴᠠ ᠾᠷᠢᠰᠲ᠋ᠣᠰ ᠭᠡᠭᠳᠡᠳᠡᠭ ᠢᠰᠦ᠋ᠰ ᠲᠥᠷᠥᠪᠡ᠃

17 ᠡᠢᠨ ᠬᠦ ᠠᠪᠷᠠᠬᠠᠮ ᠠᠴᠠ ᠳ᠋ᠠᠸᠢᠳ᠋ ᠬᠦᠷᠲᠡᠯ᠎ᠡ ᠨᠡᠢᠲᠡ ᠠᠷᠪᠠᠨ ᠳᠥᠷᠪᠡᠨ ᠦᠶ᠎ᠡ᠂ ᠳ᠋ᠠᠸᠢᠳ᠋ ᠠᠴᠠ ᠪᠠᠪᠢᠯᠣᠨ ᠳᠤ ᠴᠥᠯᠡᠭᠳᠡᠬᠦ ᠬᠦᠷᠲᠡᠯ᠎ᠡ ᠠᠷᠪᠠᠨ ᠳᠥᠷᠪᠡᠨ ᠦᠶ᠎ᠡ᠂ ᠪᠠᠪᠢᠯᠣᠨ ᠳᠤ ᠴᠥᠯᠡᠭᠳᠡᠭᠰᠡᠨ ᠡᠴᠡ ᠾᠷᠢᠰᠲ᠋ᠣᠰ ᠬᠦᠷᠲᠡᠯ᠎ᠡ ᠠᠷᠪᠠᠨ ᠳᠥᠷᠪᠡᠨ ᠦᠶ᠎ᠡ ᠶᠤᠮ᠃
 ᠢᠰᠦ᠋ᠰ ᠮᠡᠨᠳᠦᠯᠡᠭᠰᠡᠨ ᠨᠢ

18 ᠢᠰᠦ᠋ᠰ ᠾᠷᠢᠰᠲ᠋ᠣᠰ ᠤᠨ ᠮᠡᠨᠳᠦᠯᠡᠭᠰᠡᠨ ᠨᠢ ᠡᠢᠮᠦ ᠪᠠᠢᠨ᠎ᠠ᠄ ᠲᠡᠭᠦᠨ ᠦ ᠡᠬᠡ ᠮᠠᠷᠢᠶᠠ ᠶᠣᠰᠧᠹ ᠲᠠᠢ ᠰᠦᠢ ᠲᠠᠯᠪᠢᠭᠰᠠᠨ ᠤ ᠳᠠᠷᠠᠭ᠎ᠠ᠂ ᠬᠠᠮᠲᠤ ᠰᠠᠭᠤᠬᠤ ᠠᠴᠠ ᠪᠠᠨ ᠡᠮᠦᠨ᠎ᠡ ᠠᠷᠢᠭᠤᠨ ᠰᠦᠨᠡᠰᠦ ᠪᠡᠷ ᠵᠢᠷᠮᠦᠰᠦᠯᠡᠭᠰᠡᠨ ᠨᠢ ᠮᠡᠳᠡᠭᠳᠡᠵᠡᠢ᠃ 19 ᠨᠥᠬᠥᠷ ᠶᠣᠰᠧᠹ ᠨᠢ ᠵᠥᠪᠲᠦ ᠪᠣᠯᠬᠣᠷ ᠲᠡᠭᠦᠨ ᠢ ᠣᠯᠠᠨ ᠤ ᠰᠢᠪᠰᠢᠭ ᠪᠣᠯᠭᠠᠬᠤ ᠶᠢ ᠦᠯᠦ ᠬᠦᠰᠡᠨ᠂ ᠨᠢᠭᠤᠴᠠ ᠪᠠᠷ ᠪᠠᠢᠴᠢᠬᠠᠬᠤ ᠰᠠᠨᠠᠭ᠎ᠠ ᠲᠠᠢ ᠪᠠᠢᠵᠠᠢ᠃ 20 ᠬᠠᠷᠢᠨ ᠡᠢᠮᠦᠷᠬᠦ ᠪᠣᠳᠣᠯ ᠲᠥᠷᠥᠵᠦ ᠪᠠᠢᠬᠤ ᠳᠤ᠂ ᠡᠵᠡᠨ ᠦ ᠡᠯᠴᠢ ᠵᠡᠭᠦᠳᠦᠨ ᠳᠦᠨᠢ ᠦᠵᠡᠭᠳᠡᠵᠦ᠄ 《ᠳ᠋ᠠᠸᠢᠳ᠋ ᠤᠨ ᠤᠳᠤᠮ ᠶᠣᠰᠧᠹ ᠡ᠂ ᠮᠠᠷᠢᠶᠠ ᠶᠢ ᠡᠬᠡᠨᠡᠷ ᠢᠶᠡᠨ ᠪᠣᠯᠭᠠᠵᠤ ᠠᠪᠬᠤ ᠠᠴᠠ ᠪᠦᠦ ᠠᠶᠤ᠃ ᠤᠴᠢᠷ ᠨᠢ ᠲᠡᠷᠡ ᠠᠷᠢᠭᠤᠨ ᠰᠦᠨᠡᠰᠦ ᠪᠡᠷ ᠵᠢᠷᠮᠦᠰᠦᠯᠡᠭᠰᠡᠨ ᠶᠤᠮ᠃ 21 ᠲᠡᠭᠦᠨ ᠡᠴᠡ ᠬᠦᠦ ᠲᠥᠷᠥᠨ᠎ᠡ᠂ ᠲᠡᠭᠦᠨ ᠢ ᠢᠰᠦ᠋ᠰ ᠭᠡᠵᠦ ᠨᠡᠷᠡᠯᠡ᠃ ᠤᠴᠢᠷ ᠨᠢ ᠲᠡᠷᠡ ᠠᠷᠠᠳ ᠲᠦᠮᠡᠨ ᠢᠶᠡᠨ ᠭᠡᠮ ᠨᠢᠭᠦᠯ ᠡᠴᠡ ᠨᠢ ᠠᠪᠤᠷᠠᠬᠤ ᠪᠣᠯᠣᠨ᠎ᠠ》 ᠭᠡᠯ᠎ᠡ᠃ 22 ᠲᠣᠬᠢᠶᠠᠯᠳᠤᠭᠰᠠᠨ ᠡᠨᠡ ᠪᠦᠬᠦᠨ ᠨᠢ ᠡᠵᠡᠨ ᠡᠰᠢ ᠦᠵᠡᠭᠦᠯᠦᠭᠴᠢ ᠪᠠᠷ ᠳᠠᠮᠵᠢᠭᠤᠯᠤᠨ᠄ 23 《ᠠᠩ᠋ᠬᠠᠷᠤᠭᠲᠤᠨ᠂ ᠣᠩ᠋ᠭᠣᠨ ᠪᠦᠰᠡᠭᠦᠢ ᠵᠢᠷᠮᠦᠰᠦᠯᠡᠵᠦ ᠬᠦᠦ ᠲᠥᠷᠥᠭᠦᠯᠦᠨ᠎ᠡ᠂ ᠲᠡᠳᠡ ᠲᠡᠭᠦᠨ ᠢ ᠢᠮᠠᠨᠦ᠋ᠶᠧᠯ (ᠣᠷᠴᠢᠭᠤᠯᠪᠠᠯ 〈ᠪᠤᠷᠬᠠᠨ ᠪᠢᠳᠡᠨ ᠲᠡᠢ ᠬᠠᠮᠲᠤ〉 ᠭᠡᠰᠡᠨ ᠤᠳᠬ᠎ᠠ ᠲᠠᠢ) ᠭᠡᠵᠦ ᠨᠡᠷᠡᠯᠡᠨ᠎ᠡ》 ᠬᠡᠮᠡᠨ ᠬᠡᠯᠡᠭᠰᠡᠨ ᠢᠶᠡᠨ ᠪᠡᠶᠡᠯᠡᠭᠦᠯᠬᠦ ᠶᠢᠨ ᠲᠤᠯᠠᠳᠠ ᠶᠤᠮ᠃ 24 ᠶᠣᠰᠧᠹ ᠨᠣᠢᠷ ᠠᠴᠠ ᠪᠠᠨ ᠰᠡᠷᠢᠭᠡᠳ᠂ ᠡᠵᠡᠨ ᠦ ᠡᠯᠴᠢ ᠶᠢᠨ ᠵᠠᠬᠢᠭᠰᠠᠨ ᠶᠣᠰᠣᠭᠠᠷ ᠮᠠᠷᠢᠶᠠ ᠶᠢ ᠡᠬᠡᠨᠡᠷ ᠢᠶᠡᠨ ᠪᠣᠯᠭᠠᠵᠤ ᠠᠪᠤᠭᠰᠠᠨ ᠪᠥᠭᠡᠳ 25 ᠲᠡᠷᠡ ᠬᠦᠦ ᠲᠥᠷᠥᠲᠡᠯ᠎ᠡ ᠨᠢ ᠲᠡᠭᠦᠨ ᠳᠦ ᠣᠢᠷᠠᠲᠤᠭᠰᠠᠨ ᠦᠭᠡᠢ᠃ ᠶᠣᠰᠧᠹ ᠬᠦᠦ ᠶᠢ ᠢᠰᠦ᠋ᠰ ᠭᠡᠵᠦ ᠨᠡᠷᠡᠯᠡᠪᠡ᠃