1 2 3 4 5 6 7 8 9 10 11 12 13 14 15 16 17 18 19 20 21 22 23 24 25 26 27 28


ᠮᠠᠲ᠋ᠠᠢ ᠵᠢᠷᠭᠤᠭ᠎ᠠ
 ᠥᠭᠯᠢᠭᠡ ᠪᠠ ᠳᠠᠭᠠᠳᠬᠠᠯ ᠤᠨ ᠲᠤᠬᠠᠢ

1 ᠬᠥᠮᠦᠰ ᠲᠦ ᠦᠵᠡᠭᠦᠯᠬᠦ ᠭᠡᠵᠦ ᠲᠡᠳᠡᠨ ᠦ ᠡᠮᠦᠨ᠎ᠡ 〈ᠵᠥᠪ ᠦᠢᠯᠡ〉 ᠬᠢᠬᠦ ᠡᠴᠡ ᠪᠣᠯᠭᠣᠮᠵᠢᠯᠠ᠂ ᠡᠰᠡ ᠲᠡᠭᠡᠪᠡᠯ ᠲᠩᠷᠢ ᠳᠠᠬᠢ ᠡᠴᠢᠭᠡ ᠶᠢᠨ ᠴᠢᠨᠢ ᠱᠠᠩᠨᠠᠯ ᠲᠠ ᠨᠠᠷ ᠲᠤ ᠪᠠᠢᠬᠤ ᠦᠭᠡᠢ᠃

2 ᠴᠢ ᠥᠭᠯᠢᠭᠡ ᠥᠭᠬᠦ ᠳᠡᠭᠡᠨ ᠪᠢᠲᠡᠭᠡᠢ ᠬᠣᠶᠠᠷ ᠨᠢᠭᠤᠷᠲᠠᠨ ᠮᠡᠲᠦ ᠥᠪᠡᠷ ᠦᠨ ᠢᠶᠠᠨ ᠡᠮᠦᠨ᠎ᠡ ᠪᠦᠷᠢᠶ᠎ᠡ ᠦᠯᠢᠶᠡᠯᠭᠡ᠂ ᠲᠡᠳᠡ ᠬᠥᠮᠦᠰ ᠲᠦ ᠮᠠᠭᠲᠠᠭᠳᠠᠭᠠᠰᠠᠢ ᠭᠡᠵᠦ ᠬᠤᠷᠠᠯ ᠤᠨ ᠲᠠᠩᠬᠢᠮ ᠪᠤᠶᠤ ᠭᠤᠳᠤᠮᠵᠢᠨ ᠳᠤ ᠪᠦᠷᠢᠶ᠎ᠡ ᠦᠯᠢᠶᠡᠯᠭᠡᠳᠡᠭ᠃ ᠲᠠ ᠨᠠᠷ ᠲᠤ ᠪᠠᠲᠤᠲᠠᠢ ᠬᠡᠯᠡᠶ᠎ᠡ᠂ ᠲᠡᠳᠡ ᠱᠠᠩᠨᠠᠯ ᠢᠶᠠᠨ ᠭᠦᠢᠴᠡᠳ ᠠᠪᠤᠭᠰᠠᠨ ᠶᠤᠮ᠃ 3 ᠬᠠᠷᠢᠨ ᠴᠢ ᠥᠭᠯᠢᠭᠡ ᠥᠭᠬᠦ ᠳᠦ᠂ ᠪᠠᠷᠠᠭᠤᠨ ᠭᠠᠷ ᠤᠨ ᠴᠢᠨᠢ ᠶᠠᠭᠤ ᠬᠢᠵᠦ ᠪᠤᠢ ᠶᠢ ᠵᠡᠭᠦᠨ ᠭᠠᠷ ᠴᠢᠨᠢ ᠪᠦᠦ ᠮᠡᠳᠡᠭ᠃ 4 ᠡᠢᠨ ᠬᠦ ᠥᠭᠯᠢᠭᠡ ᠴᠢᠨᠢ ᠳᠠᠯᠳᠠ ᠪᠠᠢᠬᠤ ᠪᠥᠭᠡᠳ ᠳᠠᠯᠳᠠ ᠠᠴᠠ ᠬᠠᠷᠠᠭᠴᠢ ᠴᠢᠨᠦ ᠡᠴᠢᠭᠡ ᠴᠢᠮ᠎ᠠ ᠶᠢ ᠱᠠᠩᠨᠠᠨ᠎ᠠ᠃

5 ᠮᠥᠨ ᠲᠠ ᠨᠠᠷ ᠳᠠᠭᠠᠳᠬᠠᠬᠤ ᠳᠠᠭᠠᠨ ᠬᠣᠶᠠᠷ ᠨᠢᠭᠤᠷᠲᠠᠨ ᠮᠡᠲᠦ ᠪᠣᠯᠣᠭᠤᠵᠠᠢ᠂ ᠲᠡᠳᠡ ᠬᠥᠮᠦᠰ ᠲᠦ ᠦᠵᠡᠭᠳᠡᠭᠡᠰᠡᠢ ᠭᠡᠵᠦ ᠬᠤᠷᠠᠯ ᠤᠨ ᠲᠠᠩᠬᠢᠮ ᠪᠣᠯᠣᠨ ᠵᠠᠮ ᠤᠨ ᠠᠭᠤᠯᠵᠠᠷ ᠲᠤ ᠵᠣᠭᠰᠣᠭᠠᠳ ᠳᠠᠭᠠᠳᠬᠠᠬᠤ ᠳᠤᠷᠠᠲᠠᠢ ᠪᠠᠢᠳᠠᠭ᠃ ᠲᠠ ᠨᠠᠷ ᠲᠤ ᠪᠠᠲᠤᠲᠠᠢ ᠬᠡᠯᠡᠶ᠎ᠡ᠂ ᠲᠡᠳᠡ ᠱᠠᠩᠨᠠᠯ ᠢᠶᠠᠨ ᠭᠦᠢᠴᠡᠳ ᠠᠪᠤᠭᠰᠠᠨ ᠶᠤᠮ᠃ 6 ᠬᠠᠷᠢᠨ ᠴᠢ ᠳᠠᠭᠠᠳᠬᠠᠬᠤ ᠳᠠᠭᠠᠨ ᠥᠷᠥᠭᠡᠨ ᠳᠡᠭᠡᠨ ᠣᠷᠣᠵᠤ ᠡᠭᠦᠳᠡ ᠪᠡᠨ ᠬᠠᠭᠠᠭᠠᠳ᠂ ᠳᠠᠯᠳᠠ ᠪᠠᠢᠭ᠎ᠠ ᠡᠴᠢᠭᠡ ᠳᠡᠭᠡᠨ ᠳᠠᠭᠠᠳᠬ᠎ᠠ᠃ ᠳᠠᠯᠳᠠ ᠠᠴᠠ ᠬᠠᠷᠠᠭᠴᠢ ᠴᠢᠨᠦ ᠡᠴᠢᠭᠡ ᠴᠢᠮ᠎ᠠ ᠶᠢ ᠭᠦᠢᠴᠡᠳ ᠱᠠᠩᠨᠠᠨ᠎ᠠ᠃

7 ᠳᠠᠭᠠᠳᠬᠠᠬᠤ ᠳᠠᠭᠠᠨ ᠪᠢᠲᠡᠭᠡᠢ ᠬᠠᠷᠢᠴᠤᠳ ᠰᠢᠭ᠋ ᠨᠤᠷᠱᠢ᠂ ᠦᠭᠡ ᠣᠯᠠᠨ ᠪᠣᠯ ᠰᠣᠨᠣᠰᠣᠨ᠎ᠠ ᠭᠡᠵᠦ ᠲᠡᠳᠡ ᠪᠣᠳᠣᠳᠠᠭ᠃ 8 ᠲᠡᠳᠡᠨ ᠢ ᠪᠦᠦ ᠳᠠᠭᠤᠷᠢᠶᠠ᠃ ᠲᠠ ᠨᠠᠷ ᠤᠨ ᠡᠴᠢᠭᠡ ᠲᠠ ᠨᠠᠷ ᠲᠤ ᠶᠠᠭᠤ ᠬᠡᠷᠡᠭ ᠲᠡᠢ ᠶᠢ ᠭᠤᠶᠤᠬᠤ ᠠᠴᠠ ᠴᠢᠨᠢ ᠡᠮᠦᠨ᠎ᠡ ᠮᠡᠳᠡᠳᠡᠭ᠃
9 ᠲᠡᠢᠮᠦ ᠡᠴᠡ ᠲᠠ ᠨᠠᠷ ᠢᠩᠭᠢᠵᠦ ᠳᠠᠭᠠᠳᠬᠠᠭᠠᠷᠠᠢ᠄ 〈ᠲᠩᠷᠢ ᠳᠠᠬᠢ ᠪᠢᠳᠡᠨ ᠦ ᠠᠪᠤ ᠡ ᠲᠠᠨ ᠤ ᠨᠡᠷ᠎ᠡ ᠠᠷᠢᠭᠤᠨ ᠢᠶᠠᠷ ᠬᠦᠨᠳᠦᠯᠡᠭᠳᠡᠬᠦ ᠪᠣᠯᠲᠤᠭᠠᠢ᠃
10 ᠲᠠᠨ ᠤ ᠬᠠᠭᠠᠨᠴᠢᠯᠠᠯ ᠢᠷᠡᠬᠦ ᠪᠣᠯᠲᠤᠭᠠᠢ ᠲᠠᠨ ᠤ ᠰᠠᠨᠠᠭ᠎ᠠ ᠲᠩᠷᠢ ᠳᠡᠭᠡᠷ᠎ᠡ ᠪᠡᠶᠡᠯᠡᠭᠳᠡᠭᠰᠡᠨ ᠮᠡᠲᠦ ᠭᠠᠵᠠᠷ ᠳᠡᠭᠡᠷ᠎ᠡ ᠴᠤ ᠪᠡᠶᠡᠯᠡᠭᠳᠡᠬᠦ ᠪᠣᠯᠲᠤᠭᠠᠢ᠃
11 ᠪᠢᠳᠡᠨ ᠦ ᠡᠳᠦᠷ ᠲᠤᠲᠤᠮ ᠤᠨ ᠬᠦᠨᠡᠰᠦ ᠶᠢ ᠥᠨᠥᠳᠥᠷ ᠰᠣᠶᠣᠷᠬᠠᠭᠠᠴᠢ
12 ᠪᠢᠳᠡ ᠭᠡᠮ ᠨᠢᠭᠦᠯᠲᠡᠨ 8  ᠢᠶᠠᠨ ᠠᠭᠤᠴᠢᠯᠠᠭᠰᠠᠨ ᠮᠡᠲᠦ ᠪᠢᠳᠡᠨ ᠦ ᠭᠡᠮ ᠨᠢᠭᠦᠯ 9 ᠢ ᠠᠭᠤᠴᠢᠯᠠᠭᠠᠴᠢ᠃
13 ᠪᠢᠳᠡᠨ ᠢ ᠲᠡᠩᠰᠡᠯᠲᠡ ᠳᠦ ᠣᠷᠣᠬᠤ ᠠᠴᠠ ᠵᠠᠢᠯᠠᠭᠤᠯᠤᠨ ᠮᠠᠭᠤ 10 ᠡᠴᠡ ᠭᠡᠲᠦᠯᠭᠡᠭᠡᠴᠢ᠃ [ᠤᠴᠢᠷ ᠨᠢ ᠬᠠᠭᠠᠨᠴᠢᠯᠠᠯ᠂ ᠬᠦᠴᠦ ᠴᠢᠳᠠᠯ᠂ ᠠᠯᠳᠠᠷ ᠰᠤᠤ ᠮᠥᠩᠬᠡᠳᠡ ᠲᠠᠨ ᠤ ᠬᠢ᠂ ᠠᠮᠧᠨ︕]〉
14 ᠬᠡᠷᠪᠡ ᠲᠠ ᠨᠠᠷ ᠬᠥᠮᠦᠨ ᠦ ᠪᠤᠷᠤᠭᠤ ᠶᠢ ᠠᠭᠤᠴᠢᠯᠠᠪᠠᠯ᠂ ᠲᠠ ᠨᠠᠷ ᠤᠨ ᠲᠩᠷᠢᠯᠢᠭ ᠡᠴᠢᠭᠡ ᠴᠤ ᠲᠠ ᠨᠠᠷ ᠢ ᠠᠭᠤᠴᠢᠯᠠᠨ᠎ᠠ᠃ 15 ᠬᠠᠷᠢᠨ ᠲᠠ ᠨᠠᠷ ᠬᠥᠮᠦᠨ ᠢ ᠠᠭᠤᠴᠢᠯᠠᠬᠤ ᠦᠭᠡᠢ ᠪᠣᠯ ᠲᠠ ᠨᠠᠷ ᠤᠨ ᠡᠴᠢᠭᠡ ᠴᠤ ᠲᠠ ᠨᠠᠷ ᠢ ᠠᠭᠤᠴᠢᠯᠠᠬᠤ ᠦᠭᠡᠢ᠃
 ᠪᠠᠴᠠᠭ ᠪᠠ ᠵᠢᠩᠬᠢᠨᠢ ᠡᠷᠳᠡᠨᠢᠰ ᠤᠨ ᠲᠤᠬᠠᠢ

16 ᠲᠠ ᠨᠠᠷ ᠪᠠᠴᠠᠭ ᠪᠠᠷᠢᠬᠤ ᠳᠠᠭᠠᠨ ᠪᠢᠲᠡᠭᠡᠢ ᠬᠣᠶᠠᠷ ᠨᠢᠭᠤᠷᠲᠠᠨ ᠰᠢᠭ᠋ ᠭᠤᠨᠢᠭᠲᠠᠢ ᠴᠢᠷᠠᠢᠯᠠ᠃ ᠲᠡᠳᠡ ᠪᠠᠴᠠᠭ ᠪᠠᠷᠢᠵᠤ ᠪᠠᠢᠬᠤ ᠳᠠᠭᠠᠨ ᠬᠥᠮᠦᠰ ᠲᠦ ᠦᠵᠡᠭᠦᠯᠬᠦ ᠭᠡᠵᠦ ᠮᠠᠭᠤᠬᠠᠢ ᠴᠢᠷᠠᠢ ᠭᠠᠷᠭᠠᠳᠠᠭ᠃ ᠴᠢᠮ᠎ᠠ ᠳᠤ ᠪᠠᠲᠤᠲᠠᠢ ᠬᠡᠯᠡᠶ᠎ᠡ᠂ ᠲᠡᠳᠡ ᠱᠠᠩᠨᠠᠯ ᠢᠶᠠᠨ ᠭᠦᠢᠴᠡᠳ ᠠᠪᠤᠭᠰᠠᠨ ᠶᠤᠮ᠃ 17 ᠬᠠᠷᠢᠨ ᠴᠢ ᠪᠠᠴᠠᠭ ᠪᠠᠷᠢᠬᠤ ᠳᠠᠭᠠᠨ ᠲᠣᠯᠣᠭᠠᠢ ᠪᠠᠨ ᠲᠣᠰᠣᠯᠠᠵᠤ᠂ ᠨᠢᠭᠤᠷ ᠢᠶᠠᠨ ᠤᠬᠢᠶᠠ᠃ 18 ᠲᠡᠭᠡᠭᠡᠳ ᠪᠠᠴᠠᠭ ᠪᠠᠷᠢᠬᠤ ᠪᠠᠨ ᠬᠥᠮᠦᠰ ᠲᠦ ᠦᠵᠡᠭᠦᠯᠬᠦ ᠪᠢᠰᠢ᠂ ᠳᠠᠯᠳᠠ ᠠᠴᠠ ᠬᠠᠷᠠᠭᠴᠢ ᠡᠴᠢᠭᠡ ᠳᠡᠭᠡᠨ ᠯᠠ ᠦᠵᠡᠭᠦᠯᠦᠨ᠎ᠡ᠃ ᠳᠠᠯᠳᠠ ᠠᠴᠠ ᠬᠠᠷᠠᠭᠴᠢ ᠴᠢᠨᠦ ᠡᠴᠢᠭᠡ ᠴᠢᠮᠠᠶᠢ ᠱᠠᠩᠨᠠᠨ᠎ᠠ᠃

19 ᠭᠠᠵᠠᠷ ᠳᠡᠭᠡᠷ᠎ᠡ ᠥᠪᠡᠷᠰᠡᠳ ᠲᠡᠭᠡᠨ ᠡᠳ᠋ ᠡᠷᠳᠡᠨᠢᠰ ᠪᠦᠦ ᠬᠤᠷᠢᠶᠠ᠃ ᠲᠡᠨᠳᠡ ᠬᠣᠷᠣᠬᠠᠢ ᠢᠳᠡᠵᠦ᠂ ᠵᠢᠪᠡᠷᠡᠵᠦ᠂ ᠬᠤᠯᠠᠭᠠᠢᠴᠢ ᠨᠦᠬᠡᠯᠡᠵᠦ ᠬᠤᠯᠠᠭᠠᠢᠯᠠᠨ᠎ᠠ᠃ 20 ᠬᠠᠷᠢᠨ ᠲᠩᠷᠢ ᠳᠤ ᠥᠪᠡᠷᠰᠡᠳ ᠲᠡᠭᠡᠨ ᠡᠳ᠋ ᠡᠷᠳᠡᠨᠢᠰ ᠢ ᠬᠤᠷᠢᠶᠠ᠃ ᠲᠡᠨᠳᠡ ᠬᠣᠷᠣᠬᠠᠢ ᠢᠳᠡᠬᠦ ᠦᠭᠡᠢ᠂ ᠵᠢᠪᠡᠷᠡᠬᠦ ᠦᠭᠡᠢ᠂ ᠬᠤᠯᠠᠭᠠᠢᠴᠢ ᠨᠦᠬᠡᠯᠡᠵᠦ ᠬᠤᠯᠠᠭᠠᠢᠯᠠᠬᠤ ᠦᠭᠡᠢ᠃ 21 ᠡᠳ᠋ ᠡᠷᠳᠡᠨᠢᠰ ᠴᠢᠨᠢ ᠬᠠᠮᠢᠭ᠎ᠠ ᠪᠠᠢᠪᠠᠯ᠂ ᠰᠡᠳᠬᠢᠯ ᠴᠢᠨᠢ ᠴᠤ ᠲᠡᠨᠳᠡ ᠪᠠᠢᠬᠤ ᠪᠣᠯᠣᠨ᠎ᠠ᠃

22 ᠨᠢᠳᠦ ᠪᠣᠯ ᠪᠡᠶ᠎ᠡ ᠶᠢᠨ ᠳ᠋ᠧᠩ ᠮᠥᠨ᠂ ᠨᠢᠳᠦ ᠴᠢᠨᠢ ᠡᠷᠡᠭᠦᠯ 11 ᠪᠣᠯ ᠪᠦᠬᠦ ᠪᠡᠶ᠎ᠡ ᠴᠢᠨᠢ ᠭᠡᠷᠡᠯ ᠲᠡᠢ᠃ 23 ᠬᠠᠷᠢᠨ ᠨᠢᠳᠦ ᠴᠢᠨᠢ ᠮᠠᠭᠤ 12 ᠪᠣᠯ᠂ ᠪᠦᠲᠦᠨ ᠪᠡᠶ᠎ᠡ ᠴᠢᠨᠢ ᠬᠠᠪ ᠬᠠᠷᠠᠩ᠋ᠭᠤᠢ ᠪᠣᠯᠣᠨ᠎ᠠ᠂ ᠳᠣᠲᠣᠷᠠᠬᠢ ᠭᠡᠷᠡᠯ ᠴᠢᠨᠢ ᠬᠠᠷᠠᠩ᠋ᠭᠤᠢ ᠪᠣᠯ ᠲᠡᠷᠡ ᠬᠠᠷᠠᠩ᠋ᠭᠤᠢ ᠨᠢ ᠬᠡᠴᠢᠨᠡᠨ ᠶᠡᠬᠡ ᠠᠵᠢ︕

24 ᠬᠡᠨ ᠴᠤ ᠬᠣᠶᠠᠷ ᠡᠵᠡᠨ ᠳᠦ ᠵᠠᠷᠤᠭᠳᠠᠵᠤ ᠴᠢᠳᠠᠬᠤ ᠦᠭᠡᠢ᠃ ᠤᠴᠢᠷ ᠨᠢ ᠨᠢᠭᠡ ᠶᠢ ᠨᠢ ᠦᠵᠡᠨ ᠶᠠᠳᠠᠵᠤ᠂ ᠨᠥᠭᠥᠭᠡ ᠶᠢ ᠨᠢ ᠬᠠᠢᠷᠠᠯᠠᠬᠤ᠂ ᠡᠰᠡᠪᠡᠯ ᠨᠢᠭᠡ ᠶᠢ ᠨᠢ ᠬᠦᠨᠳᠦᠯᠡᠵᠦ᠂ ᠨᠥᠭᠥᠭᠡ ᠶᠢ ᠨᠢ ᠬᠥᠩᠭᠡᠪᠴᠢᠯᠡᠬᠦ ᠪᠣᠯᠣᠨ᠎ᠠ᠃ ᠲᠠ ᠨᠠᠷ ᠪᠤᠷᠬᠠᠨ ᠪᠠ ᠵᠣᠭᠣᠰᠣᠨ ᠳᠤ ᠵᠡᠷᠭᠡ ᠪᠡᠷ ᠦᠢᠯᠡᠴᠢᠯᠡᠵᠦ ᠴᠢᠳᠠᠬᠤ ᠦᠭᠡᠢ᠃
 ᠪᠦᠦ ᠰᠠᠨᠠᠭ᠎ᠠ ᠵᠣᠪᠠ

25 ᠲᠡᠢᠮᠦ ᠡᠴᠡ ᠲᠠ ᠨᠠᠷ ᠲᠤ ᠬᠡᠯᠡᠶ᠎ᠡ᠄ 〈ᠶᠠᠭᠤ ᠢᠳᠡᠬᠦ ᠪᠢᠯᠡ︖ [ᠶᠠᠭᠤ ᠤᠤᠭᠤᠬᠤ ᠪᠢᠯᠡ︖]〉 ᠭᠡᠵᠦ ᠠᠮᠢ ᠶᠢᠨ ᠢᠶᠠᠨ ᠲᠥᠯᠥᠭᠡ ᠪᠦᠦ ᠵᠣᠪᠠ᠂ 〈ᠶᠠᠭᠤ ᠡᠮᠦᠰᠬᠦ ᠪᠢᠯᠡ︖〉 ᠭᠡᠵᠦ ᠪᠡᠶ᠎ᠡ ᠶᠢᠨ ᠢᠶᠠᠨ ᠲᠥᠯᠥᠭᠡ ᠪᠦᠦ ᠵᠣᠪᠠ᠂ ᠬᠦᠨᠡᠰᠦᠨ ᠡᠴᠡ ᠠᠮᠢ ᠴᠢᠬᠤᠯᠠ᠂ ᠬᠤᠪᠴᠠᠰᠤᠨ ᠠᠴᠠ ᠪᠡᠶ᠎ᠡ ᠴᠢᠬᠤᠯᠠ ᠪᠢᠰᠢ ᠤᠤ︖ 26 ᠣᠭᠲᠠᠷᠭᠤᠢ ᠳᠠᠬᠢ ᠰᠢᠪᠠᠭᠤᠳ ᠢ ᠬᠠᠷᠠ᠂ ᠲᠡᠳᠡ ᠲᠠᠷᠢᠬᠤ ᠦᠭᠡᠢ᠂ ᠬᠤᠷᠢᠶᠠᠬᠤ ᠦᠭᠡᠢ᠂ ᠬᠥᠮᠥᠷᠭᠡᠯᠡᠬᠦ ᠴᠤ ᠦᠭᠡᠢ ᠪᠣᠯᠪᠠᠴᠤ ᠲᠩᠷᠢᠯᠢᠭ ᠡᠴᠢᠭᠡ ᠴᠢᠨᠢ ᠲᠡᠳᠡᠨ ᠢ ᠲᠡᠵᠢᠭᠡᠳᠡᠭ᠃ ᠲᠠ ᠨᠠᠷ ᠲᠡᠳᠡᠨ ᠡᠴᠡ ᠬᠣᠯᠠ ᠢᠯᠡᠭᠦᠦ ᠡᠷᠬᠢᠮ ᠪᠢᠰᠢ ᠤᠤ︖ 27 ᠲᠠ ᠨᠠᠷ ᠤᠨ ᠬᠡᠨ ᠨᠢ ᠰᠠᠨᠠᠭ᠎ᠠ ᠵᠣᠪᠠᠭᠰᠠᠨ ᠢᠶᠠᠷ ᠢᠶᠠᠨ ᠨᠠᠰᠤᠨ ᠤ ᠲᠣᠭᠠᠨ ᠳᠠᠭᠠᠨ ᠨᠢᠭᠡ ᠮᠥᠴᠡ ᠶᠢ 13 ᠨᠡᠮᠡᠵᠦ ᠴᠢᠳᠠᠬᠤ ᠪᠢᠯᠡ︖ 28 ᠲᠠ ᠨᠠᠷ ᠬᠤᠪᠴᠠᠰᠤᠨ ᠤ ᠲᠥᠯᠥᠭᠡ ᠶᠠᠭᠤᠨ ᠳᠤ ᠵᠣᠪᠠᠨ᠎ᠠ ᠪᠤᠢ︖ ᠰᠠᠷᠠᠨ᠎ᠠ ᠴᠡᠴᠡᠭ ᠬᠡᠷᠬᠢᠨ ᠤᠷᠭᠤᠳᠠᠭ ᠢ ᠦᠵᠡ᠂ ᠲᠡᠳᠡ ᠵᠦᠳᠡᠷᠡᠳᠡᠭ ᠦᠭᠡᠢ᠂ ᠡᠭᠡᠷᠡᠳᠡᠭ ᠦᠭᠡᠢ᠃ 29 ᠭᠡᠪᠡᠴᠦ ᠲᠠ ᠨᠠᠷ ᠲᠤ ᠬᠡᠯᠡᠶ᠎ᠡ᠂ ᠬᠠᠮᠤᠭ ᠰᠦᠷ ᠵᠢᠪᠬᠤᠯᠠᠩ ᠲᠠᠢ ᠰᠣᠯᠣᠮᠣᠨ 14 ᠴᠤ ᠡᠳᠡᠭᠡᠷ ᠴᠡᠴᠡᠭ ᠦᠨ ᠨᠢᠭᠡ ᠨᠢ ᠰᠢᠭ ᠬᠤᠪᠴᠠᠰᠤᠯᠠᠭᠰᠠᠨ ᠦᠭᠡᠢ᠃ 30 ᠥᠨᠥᠳᠥᠷ ᠪᠠᠢᠭᠰᠠᠨ ᠢᠶᠠᠨ ᠮᠠᠷᠭᠠᠰᠢ ᠵᠤᠤᠬᠠᠨ ᠳᠤ ᠬᠠᠶᠠᠭᠳᠠᠬᠤ ᠬᠡᠭᠡᠷ᠎ᠡ ᠶᠢᠨ ᠡᠪᠡᠰᠦ ᠶᠢ ᠬᠦᠷᠲᠡᠯ᠎ᠡ ᠪᠤᠷᠬᠠᠨ ᠢᠩᠭᠢᠲᠡᠯ᠎ᠡ ᠪᠡᠨ ᠴᠢᠮᠡᠳᠡᠭ ᠪᠠᠢᠬᠤ ᠳᠤ᠂ ᠲᠠ ᠨᠠᠷ ᠲᠤ ᠢᠯᠡᠭᠦᠦ ᠰᠠᠢᠨ ᠢ ᠬᠢᠬᠦ ᠪᠢᠰᠢ ᠤᠤ︖ ᠢᠲᠡᠭᠡᠯ ᠪᠠᠭ᠎ᠠ ᠲᠠᠢ ᠬᠥᠮᠦᠰ ᠡ᠂ 31 ᠲᠡᠢᠮᠦ ᠡᠴᠡ ᠲᠠ ᠨᠠᠷ᠄ 〈ᠶᠠᠭᠤ ᠢᠳᠡᠬᠦ ᠪᠢᠯᠡ︖〉᠂ 〈ᠶᠠᠭᠤ ᠤᠤᠭᠤᠬᠤ ᠪᠢᠯᠡ︖〉᠂ ᠡᠰᠡᠪᠡᠯ᠄ 〈ᠶᠠᠭᠤ ᠡᠮᠦᠰᠬᠦ ᠪᠢᠯᠡ︖〉 ᠭᠡᠵᠦ ᠪᠦᠦ ᠰᠠᠨᠠᠭ᠎ᠠ ᠵᠣᠪᠠ᠃ 32 ᠡᠨᠡ ᠪᠦᠬᠦᠨ ᠢ ᠬᠠᠷᠢᠴᠤᠳ ᠡᠷᠢᠯᠬᠢᠯᠡᠳᠡᠭ᠂ ᠡᠨᠡ ᠪᠦᠬᠦᠨ ᠨᠢ ᠲᠠ ᠨᠠᠷ ᠲᠤ ᠬᠡᠷᠡᠭ ᠲᠡᠢ ᠶᠢ ᠲᠠ ᠨᠠᠷ ᠤᠨ ᠲᠩᠷᠢᠯᠢᠭ ᠡᠴᠢᠭᠡ ᠮᠡᠳᠡᠨ᠎ᠡ᠃ 33 ᠬᠠᠷᠢᠨ ᠲᠠ ᠨᠠᠷ ᠤᠷᠢᠳᠠᠪᠠᠷ ᠪᠤᠷᠬᠠᠨ ᠤ ᠬᠠᠭᠠᠨᠴᠢᠯᠠᠯ ᠪᠣᠯᠣᠨ ᠲᠡᠭᠦᠨ ᠦ ᠭᠣᠣᠯᠴᠢ ᠶᠣᠰᠣ ᠶᠢ ᠬᠠᠢᠭᠲᠤᠨ᠂ ᠲᠡᠭᠡᠪᠡᠯ ᠡᠨᠡ ᠪᠦᠬᠦᠨ ᠨᠢ ᠴᠤ ᠲᠠ ᠨᠠᠷ ᠲᠤ ᠨᠡᠮᠡᠭᠳᠡᠬᠦ ᠪᠣᠯᠣᠨ᠎ᠠ᠃

34 ᠲᠡᠢᠮᠦ ᠡᠴᠡ ᠮᠠᠷᠭᠠᠰᠢ ᠶᠢᠨ ᠲᠥᠯᠥᠭᠡ ᠪᠦᠦ ᠰᠠᠨᠠᠭ᠎ᠠ ᠵᠣᠪᠠ᠃ ᠤᠴᠢᠷ ᠨᠢ ᠮᠠᠷᠭᠠᠰᠢ ᠳᠤ ᠮᠠᠷᠭᠠᠰᠢ ᠶᠢᠨ ᠵᠣᠪᠠᠨᠢᠯ ᠪᠤᠢ᠃ ᠥᠨᠥᠳᠥᠷ ᠦᠨ ᠵᠣᠪᠠᠯᠠᠩ ᠨᠢ ᠥᠨᠥᠳᠥᠷ ᠲᠡᠭᠡᠨ ᠬᠠᠩ᠋ᠭᠠᠯᠲᠠᠲᠠᠢ᠃