1 2 3 4 5 6 7 8 9 10 11 12 13 14 15 16 17 18 19 20 21 22 23 24 25 26 27 28


ᠮᠠᠲ᠋ᠠᠢ ᠳᠣᠯᠣᠭ᠎ᠠ
 ᠬᠥᠮᠦᠨ ᠢ ᠪᠦᠦ ᠰᠢᠭᠦᠮᠵᠢᠯᠡ

1 ᠰᠢᠭᠦᠮᠵᠢᠯᠡᠭᠳᠡᠬᠦ ᠦᠭᠡᠢ ᠭᠡᠪᠡᠯ ᠪᠦᠦ ᠰᠢᠭᠦᠮᠵᠢᠯᠡ᠃ 2 ᠲᠠ ᠨᠠᠷ ᠰᠢᠭᠦᠮᠵᠢᠯᠡᠭᠰᠡᠨ ᠰᠢᠭᠦᠮᠵᠢ ᠪᠠᠷ ᠢᠶᠠᠨ ᠰᠢᠭᠦᠮᠵᠢᠯᠡᠭᠳᠡᠵᠦ᠂ ᠬᠡᠮᠵᠢᠭᠰᠡᠨ ᠬᠡᠮᠵᠢᠭᠦᠷ ᠢᠶᠡᠷ ᠢᠶᠠᠨ ᠬᠡᠮᠵᠢᠭᠳᠡᠨ᠎ᠡ᠃ 3 ᠴᠢ ᠠᠬ᠎ᠠ ᠳᠡᠭᠦᠦ ᠶᠢᠨ ᠢᠶᠠᠨ ᠨᠢᠳᠦᠨ ᠳᠠᠬᠢ ᠬᠣᠭ ᠢ ᠬᠠᠷᠠᠳᠠᠭ ᠠᠲᠠᠯ᠎ᠠ ᠥᠪᠡᠷ ᠦᠨ ᠢᠶᠠᠨ ᠨᠢᠳᠦᠨ ᠳᠠᠬᠢ ᠳ᠋ᠠᠮ ᠨᠢᠷᠤᠭᠤ ᠶᠢ ᠶᠠᠭᠠᠬᠢᠭᠠᠳ ᠠᠩᠵᠠᠭᠠᠷᠠᠳᠠᠭ ᠦᠭᠡᠢ ᠪᠤᠢ︖ 4 ᠠᠩ᠋ᠬᠠᠷᠤᠭᠲᠤᠨ᠂ ᠥᠪᠡᠷ ᠦᠨ ᠴᠢᠨᠢ ᠨᠢᠳᠦᠨ ᠳᠦ ᠳ᠋ᠠᠮ ᠨᠢᠷᠤᠭᠤ ᠪᠤᠢ ᠠᠲᠠᠯ᠎ᠠ ᠴᠢ ᠶᠠᠭᠤᠨ ᠳᠤ ᠠᠬ᠎ᠠ ᠳᠡᠭᠦᠦ ᠳᠡᠭᠡᠨ᠄ 〈ᠨᠢᠳᠦᠨ ᠦ ᠴᠢᠨᠢ ᠬᠣᠭ ᠢ ᠠᠪᠤᠭᠠᠳ ᠥᠭᠭᠥᠶ᠎ᠡ〉 ᠭᠡᠵᠦ ᠬᠡᠯᠡᠬᠦ ᠪᠤᠢ︖ 5 ᠬᠣᠶᠠᠷ ᠨᠢᠭᠤᠷᠲᠠᠨ ᠴᠢ᠂ ᠤᠷᠢᠳᠠᠪᠠᠷ ᠨᠢᠳᠦᠨ ᠳᠠᠬᠢ ᠳ᠋ᠠᠮ ᠨᠢᠷᠤᠭᠤ ᠪᠠᠨ ᠠᠪᠴᠢᠬ᠎ᠠ᠂ ᠲᠡᠭᠡᠪᠡᠯ ᠠᠬ᠎ᠠ ᠳᠡᠭᠦᠦ ᠶᠢᠨ ᠢᠶᠠᠨ ᠨᠢᠳᠦᠨ ᠡᠴᠡ ᠬᠣᠭ ᠢ ᠨᠢ ᠠᠪᠬᠤ ᠳᠤ ᠲᠣᠳᠣ ᠬᠠᠷᠠᠬᠤ ᠪᠣᠯᠣᠨ᠎ᠠ᠃

6 ᠲᠠ ᠨᠠᠷ ᠠᠷᠢᠭᠤᠨ ᠶᠠᠭᠤᠮ᠎ᠠ ᠪᠠᠨ ᠨᠣᠬᠠᠢ ᠳᠤ ᠪᠦᠦ ᠥᠭ᠂ ᠰᠤᠪᠤᠳ ᠢᠶᠠᠨ ᠭᠠᠬᠠᠢ ᠶᠢᠨ ᠡᠮᠦᠨ᠎ᠡ ᠪᠦᠦ ᠬᠠᠶᠠ᠃ ᠭᠠᠬᠠᠢ ᠡᠳᠡᠭᠡᠷ ᠢ ᠬᠥᠯ ᠳᠣᠣᠷ᠎ᠠ ᠪᠠᠨ ᠭᠢᠰᠬᠢᠨ᠂ ᠨᠣᠬᠠᠢ ᠡᠷᠭᠢᠵᠦ ᠲᠠ ᠨᠠᠷ ᠢ ᠲᠠᠰᠤ ᠬᠠᠵᠠᠬᠤ ᠪᠣᠯᠣᠭᠤᠵᠠᠢ᠃
 ᠭᠤᠶᠤᠪᠠᠯ ᠥᠭᠭᠥᠨ᠎ᠡ

7 ᠭᠤᠶᠤ᠂ ᠲᠡᠭᠡᠪᠡᠯ ᠥᠭᠭᠥᠨ᠎ᠡ᠃ ᠡᠷᠢ᠂ ᠲᠡᠭᠡᠪᠡᠯ ᠣᠯᠣᠨ᠎ᠠ᠃ ᠲᠣᠭᠰᠢ᠂ ᠲᠡᠭᠡᠪᠡᠯ ᠨᠡᠭᠡᠭᠡᠭᠳᠡᠨ᠎ᠡ᠃ 8 ᠭᠤᠶᠤᠭᠴᠢ ᠪᠣᠯᠭᠠᠨ ᠬᠦᠷᠲᠡᠨ᠎ᠡ᠂ ᠡᠷᠢᠭ᠍ᠴᠢ ᠨᠢ ᠣᠯᠣᠨ᠎ᠠ᠂ ᠲᠣᠭᠰᠢᠭᠴᠢ ᠳᠤ ᠨᠡᠭᠡᠭᠡᠭᠳᠡᠬᠦ ᠪᠣᠯᠣᠨ᠎ᠠ᠃ 9 ᠲᠠ ᠨᠠᠷ ᠤᠨ ᠳᠤᠮᠳᠠ ᠬᠦᠦ ᠪᠡᠨ ᠪᠣᠣᠪᠣ ᠭᠤᠶᠤᠬᠤ ᠳᠤ ᠴᠢᠯᠠᠭᠤ ᠥᠭᠴᠦ᠂ 10 ᠵᠢᠭᠠᠰᠤ ᠭᠤᠶᠤᠬᠤ ᠳᠤ ᠮᠣᠭᠠᠢ ᠥᠭᠬᠦ ᠬᠥᠮᠦᠨ ᠪᠠᠢᠨ᠎ᠠ ᠤᠤ︖ 11 ᠲᠠ ᠨᠠᠷ ᠮᠠᠭᠤ ᠪᠠᠢᠯ᠎ᠠ ᠴᠤ ᠬᠡᠦᠬᠡᠳ ᠤᠳ ᠲᠡᠭᠡᠨ ᠰᠠᠢᠨ ᠶᠠᠭᠤᠮ᠎ᠠ ᠥᠭᠬᠦ ᠪᠡᠨ ᠮᠡᠳᠡᠳᠡᠭ ᠪᠠᠢᠲᠠᠯ᠎ᠠ᠂ ᠲᠩᠷᠢ ᠳᠠᠬᠢ ᠡᠴᠢᠭᠡ ᠲᠠᠨᠢ ᠥᠪᠡᠷ ᠡᠴᠡ ᠨᠢ ᠭᠤᠶᠤᠭᠴᠢᠳ ᠲᠤ ᠰᠠᠢᠨ ᠵᠦᠢᠯᠡᠰ ᠥᠭᠬᠦ ᠨᠢ ᠯᠠᠪᠲᠠᠢ ᠪᠢᠰᠢ ᠤᠤ︖

12 ᠲᠠ ᠨᠠᠷ ᠠᠯᠢᠪᠠ ᠵᠦᠢᠯ ᠳᠡᠭᠡᠷ᠎ᠡ ᠬᠥᠮᠦᠰ ᠢ ᠥᠪᠡᠷᠰᠡᠳ ᠲᠡᠭᠡᠨ ᠬᠡᠷᠬᠢᠨ ᠬᠠᠨᠳᠤᠭᠠᠰᠠᠢ ᠭᠡᠵᠦ ᠬᠦᠰᠡᠳᠡᠭ ᠪᠣᠯ ᠥᠪᠡᠷᠰᠡᠳ ᠢᠶᠡᠨ ᠴᠤ ᠲᠡᠳᠡᠨ ᠳᠦ ᠲᠡᠭᠡᠵᠦ ᠬᠠᠨᠳᠤ᠃ ᠡᠨᠡ ᠪᠣᠯ ᠬᠠᠤᠯᠢ ᠪᠣᠯᠣᠨ ᠡᠰᠢ ᠦᠵᠡᠭᠦᠯᠦᠭᠴᠢᠳ ᠤᠨ ᠤᠭ ᠰᠠᠨᠠᠭ᠎ᠠ ᠶᠤᠮ᠃
 ᠬᠣᠶᠠᠷ ᠵᠠᠮ ᠬᠣᠶᠠᠷ ᠦᠷ᠎ᠡ ᠵᠢᠮᠢᠰ

13 ᠨᠠᠷᠢᠨ ᠡᠭᠦᠳᠡ ᠪᠡᠷ ᠣᠷᠣ᠃ ᠰᠦᠢᠷᠡᠯ ᠳᠦ ᠬᠦᠷᠬᠦ ᠡᠭᠦᠳᠡ ᠨᠢ ᠥᠷᠭᠡᠨ᠂ ᠵᠠᠮ ᠨᠢ ᠠᠭᠤᠵᠢᠮ᠂ ᠲᠡᠷᠡᠭᠦᠷ ᠣᠷᠣᠭᠴᠢᠳ ᠣᠯᠠᠨ᠃ 14 ᠠᠮᠢ ᠳᠤ ᠬᠦᠷᠬᠦ ᠡᠭᠦᠳᠡ ᠨᠢ ᠨᠠᠷᠢᠨ᠂ ᠵᠠᠮ ᠨᠢ ᠳᠠᠪᠴᠢᠭᠤ᠂ ᠲᠡᠭᠦᠨ ᠢ ᠣᠯᠣᠭᠴᠢ ᠨᠢ ᠴᠥᠭᠡᠨ᠃

15 ᠬᠠᠭᠤᠷᠮᠠᠭ ᠡᠰᠢ ᠦᠵᠡᠭᠦᠯᠦᠭᠴᠢᠳ ᠡᠴᠡ ᠪᠣᠯᠭᠣᠮᠵᠢᠯᠠ᠃ ᠲᠡᠳᠡ ᠬᠣᠨᠢᠨ ᠤ ᠳᠦᠷᠢ ᠲᠠᠢ ᠪᠠᠷ ᠲᠠ ᠨᠠᠷ ᠲᠤ ᠢᠷᠡᠬᠦ ᠪᠣᠯᠪᠠᠴᠤ ᠳᠣᠲᠣᠷ᠎ᠠ ᠨᠢ ᠬᠡᠷᠴᠡᠭᠡᠢ ᠴᠢᠨᠣ᠎ᠠ ᠪᠠᠢᠳᠠᠭ᠃ 16 ᠲᠠ ᠨᠠᠷ ᠲᠡᠳᠡᠨ ᠢ ᠵᠢᠮᠢᠰ ᠢᠶᠠᠷ ᠨᠢ ᠲᠠᠨᠢᠨ᠎ᠠ᠃ ᠥᠷᠭᠡᠰᠦᠲᠦ ᠪᠤᠲᠠᠨ ᠠᠴᠠ ᠦᠵᠦᠮ᠂ ᠠᠵᠢᠷᠭᠠᠨ᠎ᠠ ᠠᠴᠠ ᠢᠨᠵᠢᠷ ᠲᠡᠭᠦᠳᠡᠭ ᠤᠤ︖ 17 ᠡᠭᠦᠨᠴᠢᠯᠡᠨ ᠰᠠᠢᠨ ᠮᠣᠳᠣ ᠰᠠᠢᠨ ᠵᠢᠮᠢᠰ ᠰᠠᠭᠤᠯᠭᠠᠳᠠᠭ᠂ ᠮᠠᠭᠤ ᠮᠣᠳᠣ ᠮᠠᠭᠤ ᠵᠢᠮᠢᠰ ᠰᠠᠭᠤᠯᠭᠠᠳᠠᠭ᠃ 18 ᠰᠠᠢᠨ ᠮᠣᠳᠣ ᠮᠠᠭᠤ ᠵᠢᠮᠢᠰ ᠰᠠᠭᠤᠯᠭᠠᠵᠤ ᠴᠢᠳᠠᠬᠤ ᠦᠭᠡᠢ᠂ ᠮᠠᠭᠤ ᠮᠣᠳᠣ ᠰᠠᠢᠨ ᠵᠢᠮᠢᠰ ᠰᠠᠭᠤᠯᠭᠠᠵᠤ ᠴᠢᠳᠠᠬᠤ ᠦᠭᠡᠢ᠃ 19 ᠰᠠᠢᠨ ᠵᠢᠮᠢᠰ ᠰᠠᠭᠤᠯᠭᠠᠳᠠᠭ ᠦᠭᠡᠢ ᠮᠣᠳᠣ ᠪᠦᠬᠦᠨ ᠴᠠᠪᠴᠢᠭᠳᠠᠵᠤ ᠭᠠᠯ ᠳᠤ ᠬᠠᠶᠠᠭᠳᠠᠨ᠎ᠠ᠃ 20 ᠲᠡᠢᠮᠦ ᠡᠴᠡ ᠲᠠ ᠨᠠᠷ ᠲᠡᠳᠡᠨ ᠢ ᠵᠢᠮᠢᠰ ᠢᠶᠠᠷ ᠨᠢ ᠲᠠᠨᠢᠨ᠎ᠠ᠃

21 ᠨᠠᠳᠠ ᠳᠤ᠄ 〈ᠡᠵᠡᠨ ᠡ᠂ ᠡᠵᠡᠨ〉 ᠭᠡᠵᠦ ᠬᠡᠯᠡᠭᠴᠢ ᠪᠣᠯᠭᠠᠨ ᠲᠩᠷᠢ ᠶᠢᠨ ᠬᠠᠭᠠᠨᠴᠢᠯᠠᠯ ᠳᠤ ᠣᠷᠣᠬᠤ ᠪᠢᠰᠢ᠂ ᠬᠠᠷᠢᠨ ᠲᠩᠷᠢ ᠳᠤ ᠪᠠᠢᠭ᠎ᠠ ᠮᠢᠨᠦ ᠡᠴᠢᠭᠡ ᠶᠢᠨ ᠰᠠᠨᠠᠭ᠎ᠠ ᠶᠢ ᠪᠡᠶᠡᠯᠡᠭᠦᠯᠦᠭᠴᠢ ᠨᠢ ᠯᠠ ᠣᠷᠣᠨ᠎ᠠ᠃ 22 ᠲᠡᠷᠡ ᠡᠳᠦᠷ ᠨᠢ ᠣᠯᠠᠨ ᠬᠥᠮᠦᠨ ᠨᠠᠳᠠ ᠳᠤ᠄ 〈ᠡᠵᠡᠨ ᠡ᠂ ᠡᠵᠡᠨ᠂ ᠪᠢᠳᠡ ᠲᠠᠨ ᠤ ᠨᠡᠷ᠎ᠡ ᠪᠡᠷ ᠡᠰᠢ ᠦᠵᠡᠭᠦᠯᠵᠦ᠂ ᠲᠠᠨ ᠤ ᠨᠡᠷ᠎ᠡ ᠪᠡᠷ ᠴᠢᠳᠬᠥᠷ ᠤᠳ ᠢ ᠬᠥᠭᠡᠭᠡᠵᠦ᠂ ᠲᠠᠨ ᠤ ᠨᠡᠷ᠎ᠡ ᠪᠡᠷ ᠣᠯᠠᠨ ᠬᠦᠴᠦᠲᠦ ᠦᠢᠯᠡᠰ ᠦᠢᠯᠡᠳᠦᠭᠰᠡᠨ ᠪᠤᠰᠤ ᠤᠤ︖〉 ᠭᠡᠬᠦ ᠪᠣᠯᠣᠨ᠎ᠠ᠃ 23 ᠲᠡᠭᠡᠬᠦ ᠳᠦ ᠪᠢ ᠲᠡᠳᠡᠨ ᠳᠦ᠄ 〈ᠪᠢ ᠲᠠ ᠨᠠᠷ ᠢ ᠶᠡᠷᠦ ᠡᠴᠡ ᠲᠠᠨᠢᠬᠤ ᠦᠭᠡᠢ᠂ ᠬᠠᠤᠯᠢ ᠪᠤᠰᠤ ᠶᠢ ᠦᠢᠯᠡᠳᠳᠡᠭ ᠲᠠ ᠨᠠᠷ ᠨᠠᠳᠠ ᠠᠴᠠ ᠵᠠᠢᠯᠠ︕〉 ᠭᠡᠵᠦ ᠢᠯᠡᠷᠬᠡᠶᠢᠯᠡᠨ᠎ᠡ᠃
 ᠬᠣᠶᠠᠷ ᠰᠠᠭᠤᠷᠢ

24 ᠲᠡᠢᠮᠦ ᠡᠴᠡ ᠮᠢᠨᠦ ᠡᠳᠡᠭᠡᠷ ᠦᠭᠡ ᠶᠢ ᠰᠣᠨᠣᠰᠣᠭᠠᠳ ᠪᠡᠶᠡᠯᠡᠭᠦᠯᠦᠭᠴᠢ ᠪᠣᠯᠭᠠᠨ ᠬᠠᠳᠠᠨ ᠳᠡᠭᠡᠷ᠎ᠡ ᠪᠠᠢᠰᠢᠩ ᠢᠶᠠᠨ ᠪᠠᠷᠢᠭᠰᠠᠨ ᠤᠬᠠᠭᠠᠯᠢᠭ ᠬᠥᠮᠦᠨ ᠲᠡᠢ ᠠᠳᠠᠯᠢ᠃ 25 ᠪᠣᠷᠣᠭᠠᠨ ᠣᠷᠣᠵᠤ ᠦᠶᠡᠷᠯᠡᠨ᠂ ᠰᠠᠯᠬᠢ ᠦᠯᠢᠶᠡᠵᠦ ᠲᠡᠷᠡ ᠪᠠᠢᠰᠢᠩ ᠢ ᠳᠡᠯᠡᠰᠦᠭᠰᠡᠨ ᠴᠤ ᠬᠠᠳᠠᠨ ᠳᠡᠭᠡᠷ᠎ᠡ ᠰᠠᠭᠤᠷᠢᠯᠠᠭᠰᠠᠨ ᠪᠠᠢᠰᠢᠩ ᠨᠤᠷᠠᠭᠰᠠᠨ ᠦᠭᠡᠢ᠃ 26 ᠬᠠᠷᠢᠨ ᠮᠢᠨᠦ ᠡᠳᠡᠭᠡᠷ ᠦᠭᠡ ᠶᠢ ᠰᠣᠨᠣᠰᠣᠭᠠᠳ ᠦᠯᠦ ᠪᠡᠶᠡᠯᠡᠭᠦᠯᠦᠭᠴᠢ ᠪᠣᠯᠭᠠᠨ ᠡᠯᠡᠰᠦᠨ ᠳᠡᠭᠡᠷ᠎ᠡ ᠪᠠᠢᠰᠢᠩ ᠢᠶᠠᠨ ᠪᠠᠷᠢᠭᠰᠠᠨ ᠮᠤᠩ᠋ᠬᠠᠭ ᠬᠥᠮᠦᠨ ᠲᠡᠢ ᠠᠳᠠᠯᠢ᠃ 27 ᠪᠣᠷᠣᠭᠠᠨ ᠣᠷᠣᠵᠤ ᠦᠶᠡᠷᠯᠡᠨ᠂ ᠰᠠᠯᠬᠢ ᠦᠯᠢᠶᠡᠵᠦ ᠲᠡᠷᠡ ᠪᠠᠢᠰᠢᠩ ᠢ ᠳᠡᠯᠡᠰᠦᠭᠰᠡᠨ ᠳᠦ᠂ ᠪᠠᠢᠰᠢᠩ ᠨᠤᠷᠠᠪᠠ᠃ ᠲᠡᠷᠡ ᠨᠤᠷᠠᠯᠲᠠ ᠠᠰᠤᠷᠤ ᠶᠡᠬᠡ ᠪᠠᠢᠵᠠᠢ》 ᠭᠡᠪᠡ᠃

28 ᠢᠰᠦ᠋ᠰ ᠡᠳᠡᠭᠡᠷ ᠢ ᠶᠠᠷᠢᠵᠤ ᠳᠠᠭᠤᠰᠬᠤ ᠳᠤ᠂ ᠴᠤᠭᠯᠠᠷᠠᠭᠰᠠᠨ ᠣᠯᠠᠨ ᠲᠡᠭᠦᠨ ᠦ ᠰᠤᠷᠭᠠᠯ ᠢ ᠱᠠᠭᠰᠢᠵᠤ ᠪᠠᠢᠯ᠎ᠠ᠃ 29 ᠤᠴᠢᠷ ᠨᠢ ᠢᠰᠦ᠋ᠰ ᠲᠡᠳᠡᠨ ᠦ ᠪᠢᠴᠢᠭᠲᠡᠳ ᠰᠢᠭ ᠪᠢᠰᠢ᠂ ᠬᠠᠷᠢᠨ ᠡᠷᠬᠡ ᠮᠡᠳᠡᠯ ᠲᠡᠢ ᠪᠠᠷ ᠲᠡᠳᠡᠨ ᠳᠦ ᠵᠢᠭᠠᠵᠤ ᠪᠠᠢᠪᠠ᠃