ᠮᠠᠲ᠋ᠠᠢ ᠠᠷᠪᠠᠨ ᠳᠣᠯᠣᠭ᠎ᠠ
ᠢᠰᠦ᠋ᠰ ᠤᠨ ᠲᠥᠷᠬᠥ ᠪᠠᠢᠳᠠᠯ ᠬᠤᠪᠢᠷᠠᠭᠰᠠᠨ ᠨᠢ
1 ᠵᠢᠷᠭᠤᠭᠠᠨ ᠡᠳᠦᠷ ᠦᠨ ᠳᠠᠷᠠᠭ᠎ᠠ᠂ ᠢᠰᠦ᠋ᠰ ᠫᠧᠲ᠋ᠧᠷ᠂ ᠶᠠᠺᠣᠪ ᠪᠣᠯᠣᠨ ᠲᠡᠭᠦᠨ ᠦ ᠳᠡᠭᠦᠦ ᠶᠣᠬᠠᠨ ᠢ ᠯᠠ ᠳᠠᠭᠠᠭᠤᠯᠤᠨ ᠥᠨᠳᠥᠷ ᠠᠭᠤᠯᠠᠨ ᠳᠤ ᠭᠠᠷᠪᠠ᠃ 2 ᠲᠡᠭᠡᠭᠡᠳ ᠲᠡᠷᠡ ᠲᠡᠳᠡᠨ ᠦ ᠡᠮᠦᠨ᠎ᠡ ᠬᠤᠪᠢᠯᠤᠭᠰᠠᠨ ᠳᠤ᠂ ᠴᠢᠷᠠᠢ ᠨᠢ ᠨᠠᠷᠠ ᠮᠡᠲᠦ ᠭᠡᠷᠡᠯᠲᠦᠵᠦ᠂ ᠬᠤᠪᠴᠠᠰᠤ ᠨᠢ ᠭᠡᠷᠡᠯ ᠮᠡᠲᠦ ᠴᠠᠭᠠᠨ ᠪᠣᠯᠪᠠ᠃ 3 ᠲᠡᠭᠡᠲᠡᠯ᠎ᠡ ᠮᠣᠰᠧ᠂ ᠧᠯᠢᠶ᠎ᠠ ᠦᠵᠡᠭᠳᠡᠵᠡᠢ᠃ ᠲᠡᠳᠡ ᠢᠰᠦ᠋ᠰ ᠲᠠᠢ ᠶᠠᠷᠢᠯᠴᠠᠵᠤ ᠪᠠᠢᠯ᠎ᠠ᠃ 4 ᠫᠧᠲ᠋ᠧᠷ ᠢᠰᠦ᠋ᠰ ᠲᠤ᠄ 《ᠡᠵᠡᠨ ᠡ᠂ ᠪᠢᠳᠡ ᠡ᠊ᠨᠳᠡ ᠪᠠᠢᠬᠤ ᠨᠢ ᠰᠠᠢᠨ ᠪᠠᠢᠨ᠎ᠠ᠂ ᠲᠠᠨ ᠳᠤ ᠲᠠᠭᠠᠯᠠᠭᠳᠠᠪᠠᠯ᠂ ᠪᠢ ᠡ᠊ᠨᠳᠡ ᠭᠤᠷᠪᠠᠨ ᠮᠠᠢᠬᠠᠨ ᠪᠣᠰᠬᠠᠭᠠᠳ ᠨᠢᠭᠡ ᠶᠢ ᠨᠢ ᠲᠠᠨ ᠳᠤ᠂ ᠨᠢᠭᠡ ᠶᠢ ᠨᠢ ᠮᠣᠰᠧ ᠳᠤ᠂ ᠨᠢᠭᠡ ᠶᠢ ᠨᠢ ᠧᠯᠢᠶ᠎ᠠ ᠳᠤ ᠥᠭᠭᠥᠶ᠎ᠡ》 ᠭᠡᠪᠡ᠃ 5 ᠢᠩᠭᠢᠵᠦ ᠶᠠᠷᠢᠵᠤ ᠪᠠᠢᠲᠠᠯ᠎ᠠ᠂ ᠭᠡᠷᠡᠯᠲᠦ ᠡᠭᠦᠯᠡ ᠲᠡᠳᠡᠨ ᠢ ᠪᠦᠷᠬᠦᠭᠰᠡᠨ ᠪᠥᠭᠡᠳ ᠡᠭᠦᠯᠡᠨ ᠳᠣᠲᠣᠷ᠎ᠠ ᠠᠴᠠ᠄ 《ᠡᠨᠡ ᠪᠣᠯ ᠮᠢᠨᠦ ᠬᠠᠢᠷᠠᠲᠠᠢ ᠬᠦᠦ ᠮᠥᠨ᠂ ᠲᠡᠷᠡ ᠨᠠᠳᠠ ᠳᠤ ᠲᠠᠭᠠᠯᠠᠭᠳᠠᠳᠠᠭ᠂ ᠲᠠ ᠨᠠᠷ ᠲᠡᠭᠦᠨ ᠦ ᠬᠢ ᠶᠢ ᠰᠣᠨᠣᠰᠴᠠᠭ᠎ᠠ》 ᠭᠡᠬᠦ ᠳᠠᠭᠤ ᠭᠠᠷᠤᠯ᠎ᠠ᠃ 6 ᠱᠠᠪᠢ ᠨᠠᠷ ᠨᠢ ᠡᠭᠦᠨ ᠢ ᠰᠣᠨᠣᠰᠣᠭᠠᠳ ᠨᠢᠭᠤᠷ ᠢᠶᠠᠷ ᠢᠶᠠᠨ ᠬᠥᠰᠡᠷ ᠤᠨᠠᠪᠠ᠃ ᠲᠡᠳᠡ ᠶᠡᠬᠡᠳᠡ ᠠᠶᠤᠵᠠᠢ᠃ 7 ᠢᠰᠦ᠋ᠰ ᠲᠡᠳᠡᠨ ᠳᠦ ᠳᠥᠭᠥᠨ ᠢᠷᠡᠵᠦ ᠭᠠᠷ ᠢᠶᠠᠨ ᠬᠦᠷᠭᠡᠨ᠄ 《ᠪᠣᠰ᠂ ᠪᠦᠦ ᠠᠶᠤ︕》 ᠭᠡᠯᠡ᠃ 8 ᠲᠡᠳᠡ ᠳᠡᠭᠡᠭᠰᠢ ᠪᠠᠨ ᠬᠠᠷᠠᠬᠤ ᠳᠤ᠂ ᠢᠰᠦ᠋ᠰ ᠡᠴᠡ ᠥᠭᠡᠷ᠎ᠡ ᠬᠡᠨ ᠴᠤ ᠪᠠᠢᠭᠰᠠᠨ ᠦᠭᠡᠢ᠃
9 ᠠᠭᠤᠯᠠᠨ ᠠᠴᠠ ᠪᠠᠭᠤᠬᠤ ᠳᠠᠭᠠᠨ᠂ ᠢᠰᠦ᠋ᠰ ᠲᠡᠳᠡᠨ ᠳᠦ᠄ 《ᠬᠥᠮᠦᠨ ᠦ ᠬᠦᠦ ᠦᠬᠦᠭᠰᠡᠳ ᠦᠨ ᠳᠤᠮᠳᠠ ᠠᠴᠠ ᠠᠮᠢᠯᠠᠬᠤ ᠪᠣᠯᠲᠠᠯ᠎ᠠ᠂ ᠦᠵᠡᠭᠰᠡᠨ ᠢᠶᠡᠨ ᠬᠡᠨ ᠳᠦ ᠴᠤ ᠪᠦᠦ ᠶᠠᠷᠢ》 ᠭᠡᠵᠦ ᠲᠤᠰᠢᠶᠠᠪᠠ᠃ 10 ᠱᠠᠪᠢ ᠨᠠᠷ ᠨᠢ᠄ 《ᠲᠡᠭᠡᠪᠡᠯ ᠪᠢᠴᠢᠭᠲᠡᠳ ᠶᠠᠭᠠᠬᠢᠭᠠᠳ ᠧᠯᠢᠶ᠎ᠠ ᠶᠢ ᠤᠷᠢᠳᠠᠪᠠᠷ ᠢᠷᠡᠬᠦ ᠶᠣᠰᠣᠲᠠᠢ ᠭᠡᠳᠡᠭ ᠶᠤᠮ ᠪᠤᠢ︖》 ᠭᠡᠵᠦ ᠠᠰᠠᠭᠤᠬᠤ ᠳᠤ᠂ 11 ᠢᠰᠦ᠋ᠰ ᠬᠠᠷᠢᠭᠤ ᠳᠤᠨᠢ᠄ 《ᠧᠯᠢᠶ᠎ᠠ ᠨᠡᠭᠡᠷᠡᠨ ᠢᠷᠡᠵᠦ ᠠᠯᠢᠪᠠ ᠶᠢ ᠰᠡᠷᠭᠦᠭᠡᠨ᠎ᠡ᠃ 12 ᠲᠠ ᠨᠠᠷ ᠲᠤ ᠬᠡᠯᠡᠶ᠎ᠡ᠃ ᠧᠯᠢᠶ᠎ᠠ ᠢᠷᠡᠴᠢᠬᠡᠭᠰᠡᠨ᠃ ᠬᠠᠷᠢᠨ ᠬᠥᠮᠦᠰ ᠲᠡᠭᠦᠨ ᠢ ᠲᠠᠨᠢᠭᠰᠠᠨ ᠦᠭᠡᠢ ᠪᠥᠭᠡᠳ ᠲᠡᠭᠦᠨ ᠳᠦ ᠬᠦᠰᠡᠭᠰᠡᠨ ᠪᠣᠯᠭᠠᠨ ᠢᠶᠠᠨ ᠬᠢᠭᠰᠡᠨ᠃ ᠲᠡᠭᠦᠨᠴᠢᠯᠡᠨ ᠬᠥᠮᠦᠨ ᠦ ᠬᠦᠦ ᠴᠤ ᠲᠡᠳᠡᠨ ᠦ ᠭᠠᠷ ᠲᠤ ᠵᠣᠪᠠᠬᠤ ᠪᠣᠯᠣᠨ᠎ᠠ》 ᠭᠡᠯᠡ᠃ 13 ᠲᠡᠭᠡᠬᠦ ᠳᠦ ᠯᠠ ᠤᠬᠢᠶᠠᠯ ᠬᠦᠷᠲᠡᠭᠡᠭᠴᠢ ᠶᠣᠬᠠᠨ ᠤ ᠲᠤᠬᠠᠢ ᠶᠠᠷᠢᠭᠰᠠᠨ ᠭᠡᠳᠡᠭ ᠢ ᠱᠠᠪᠢ ᠨᠠᠷ ᠨᠢ ᠮᠡᠳᠡᠵᠡᠢ᠃
ᠴᠢᠳᠬᠥᠷ ᠱᠦᠭᠯᠡᠭᠰᠡᠨ ᠬᠦᠦ ᠡᠳᠡᠭᠡᠷᠡᠭᠰᠡᠨ ᠨᠢ
14 ᠲᠡᠳᠡ ᠬᠤᠷᠠᠭᠰᠠᠨ ᠣᠯᠠᠨ ᠤ ᠲᠡᠨᠳᠡ ᠬᠦᠷᠬᠦ ᠳᠦ᠂ ᠨᠢᠭᠡᠨ ᠬᠥᠮᠦᠨ ᠢᠰᠦ᠋ᠰ ᠲᠤ ᠢᠷᠡᠵᠦ ᠡᠮᠦᠨ᠎ᠡ ᠨᠢ ᠰᠥᠭᠥᠳᠥᠨ᠄ 15 《ᠡᠵᠡᠨ ᠡ᠂ ᠬᠦᠦ ᠶᠢ ᠮᠢᠨᠢ ᠡᠨᠡᠷᠢᠭᠡᠴᠢ︕ ᠲᠡᠷᠡ ᠮᠢᠨᠢ ᠤᠨᠠᠳᠠᠭ ᠡᠪᠡᠳᠴᠢᠨ ᠢᠶᠠᠷ ᠶᠡᠬᠡᠳᠡ ᠵᠣᠪᠠᠳᠠᠭ᠂ ᠭᠠᠯ᠂ ᠤᠰᠤᠨ ᠳᠤ ᠪᠠᠢᠩ᠋ᠭᠤ ᠣᠢᠴᠢᠳᠠᠭ᠃ 16 ᠪᠢ ᠲᠡᠭᠦᠨ ᠢ ᠲᠠᠨ ᠤ ᠱᠠᠪᠢ ᠨᠠᠷ ᠲᠤ ᠠᠪᠴᠢᠷᠠᠭᠰᠠᠨ ᠪᠣᠯᠪᠠᠴᠤ ᠲᠡᠳᠡ ᠡᠳᠡᠭᠡᠭᠡᠵᠦ ᠴᠢᠳᠠᠭᠰᠠᠨ ᠦᠭᠡᠢ》 ᠭᠡᠯᠡ᠃ 17 ᠢᠰᠦ᠋ᠰ ᠬᠠᠷᠢᠭᠤ ᠳᠤᠨᠢ᠄ 《ᠠᠢ᠂ ᠢᠲᠡᠭᠡᠯ ᠦᠭᠡᠢ ᠭᠠᠵᠢᠭᠰᠠᠨ ᠦᠶ᠎ᠡ ᠶᠢᠨ ᠬᠢᠨ︕ ᠪᠢ ᠬᠡᠳᠦᠢ ᠪᠣᠯᠲᠠᠯ᠎ᠠ ᠲᠠ ᠨᠠᠷ ᠲᠠᠢ ᠬᠠᠮᠲᠤ ᠪᠠᠢᠵᠤ᠂ ᠬᠡᠳᠦᠢ ᠪᠣᠯᠲᠠᠯ᠎ᠠ ᠲᠠ ᠨᠠᠷ ᠢ ᠲᠡᠰᠪᠦᠷᠢᠯᠡᠬᠦ ᠪᠢᠯᠡ︖ ᠲᠡᠭᠦᠨ ᠢ ᠨᠠᠳᠠ ᠤᠷᠤᠭᠤ ᠠᠪᠴᠢᠷᠠ》 ᠭᠡᠳ 18 ᠴᠢᠳᠬᠥᠷ ᠢ ᠵᠢᠮᠡᠯᠡᠭᠰᠡᠨ ᠳᠦ᠂ ᠴᠢᠳᠬᠥᠷ ᠭᠠᠷᠴᠤ᠂ ᠲᠡᠷᠡ ᠮᠥᠴᠡ ᠳᠦ ᠬᠦᠦ ᠡᠳᠡᠭᠡᠷᠡᠪᠡ᠃ 19 ᠱᠠᠪᠢ ᠨᠠᠷ ᠨᠢ ᠲᠤᠰ ᠲᠠᠭᠠᠨ ᠢᠰᠦ᠋ᠰ ᠤᠷᠤᠭᠤ ᠢᠷᠡᠵᠦ᠄ 《ᠪᠢᠳᠡ ᠶᠠᠭᠠᠬᠢᠭᠠᠳ ᠬᠥᠭᠡᠭᠡᠵᠦ ᠴᠢᠳᠠᠭᠰᠠᠨ ᠦᠭᠡᠢ ᠪᠤᠢ︖》 ᠭᠡᠰᠡᠨ ᠳᠦ᠂ 20 ᠢᠰᠦ᠋ᠰ᠄ 《ᠲᠠ ᠨᠠᠷ ᠤᠨ ᠢᠲᠡᠭᠡᠯ ᠪᠠᠭ᠎ᠠ ᠤᠴᠢᠷ ᠠᠴᠠ ᠶᠤᠮ᠃ ᠲᠠ ᠨᠠᠷ ᠲᠤ ᠪᠠᠲᠤᠲᠠᠢ ᠬᠡᠯᠡᠶ᠎ᠡ᠃ ᠲᠠ ᠨᠠᠷ ᠲᠤ ᠭᠠᠢᠮᠤ ᠶᠢᠨ ᠦᠷ᠎ᠡ ᠶᠢᠨ ᠲᠡᠳᠦᠢ ᠢᠲᠡᠭᠡᠯ ᠪᠠᠢᠪᠠᠯ᠂ ᠡᠨᠡ ᠠᠭᠤᠯᠠᠨ ᠳᠤ 〈ᠡ᠊ᠨᠳᠡ ᠡᠴᠡ ᠲᠡᠰᠢ ᠪᠠᠨ ᠨᠡᠭᠦ〉 ᠭᠡᠬᠦ ᠳᠦ᠂ ᠨᠡᠭᠦᠨ᠎ᠡ᠃ ᠲᠠ ᠨᠠᠷ ᠲᠤ ᠴᠢᠳᠠᠰᠢ ᠦᠭᠡᠢ ᠵᠦᠢᠯ ᠪᠠᠢᠬᠤ ᠦᠭᠡᠢ ᠪᠣᠯᠣᠨ᠎ᠠ》 ᠭᠡᠪᠡ᠃ 21 27
22 ᠭᠠᠯᠢᠯᠠᠶ᠎ᠠ ᠳᠤ ᠱᠠᠪᠢ ᠨᠠᠷ ᠨᠢ ᠴᠤᠭᠯᠠᠷᠠᠭᠠᠳ ᠪᠠᠢᠬᠤ ᠳᠤ᠂ ᠢᠰᠦ᠋ᠰ᠄ 《ᠬᠥᠮᠦᠨ ᠦ ᠬᠦᠦ ᠬᠥᠮᠦᠰ ᠦᠨ ᠭᠠᠷ ᠲᠤ ᠲᠤᠰᠢᠶᠠᠭᠳᠠᠨ᠎ᠠ᠂ 23 ᠲᠡᠳᠡ ᠲᠡᠭᠦᠨ ᠢ ᠠᠯᠠᠬᠤ ᠪᠥᠭᠡᠳ ᠲᠡᠷᠡ ᠭᠤᠷᠪᠠᠳᠤᠭᠠᠷ ᠡᠳᠦᠷ ᠳᠡᠭᠡᠷ᠎ᠡ ᠪᠡᠨ ᠠᠮᠢᠯᠠᠬᠤ ᠪᠣᠯᠣᠨ᠎ᠠ》 ᠭᠡᠰᠡᠨ ᠳᠦ᠂ ᠲᠡᠳᠡ ᠶᠡᠬᠡᠳᠡ ᠭᠤᠨᠢᠭᠯᠠᠯᠠ᠃
ᠲᠠᠲᠠᠪᠤᠷᠢ ᠲᠥᠯᠥᠬᠦ ᠠᠰᠠᠭᠤᠳᠠᠯ
24 ᠲᠡᠳᠡ ᠺᠠᠹᠠᠷᠨᠠᠦ᠋ᠮ ᠳᠤ ᠣᠴᠢᠬᠤ ᠳᠤ᠂ ᠠᠷᠢᠭᠤᠨ ᠣᠷᠳᠣᠨ ᠤ ᠲᠠᠲᠠᠪᠤᠷᠢ ᠬᠤᠷᠢᠶᠠᠭᠴᠢᠳ ᠫᠧᠲ᠋ᠧᠷ ᠤᠷᠤᠭᠤ ᠢᠷᠡᠭᠡᠳ᠄ 《ᠲᠠ ᠨᠠᠷ ᠤᠨ ᠪᠠᠭᠰᠢ ᠲᠠᠲᠠᠪᠤᠷᠢ ᠲᠥᠯᠥᠳᠡᠭ ᠦᠭᠡᠢ ᠤᠤ︖》 ᠭᠡᠬᠦ ᠳᠦ᠂ 25 ᠫᠧᠲ᠋ᠧᠷ᠄ 《ᠲᠥᠯᠥᠳᠡᠭ》 ᠭᠡᠪᠡ᠃ ᠭᠡᠷ ᠲᠤᠨᠢ ᠣᠷᠣᠬᠤ ᠳᠤ᠂ ᠢᠰᠦ᠋ᠰ ᠤᠷᠢᠳᠠᠪᠠᠷ ᠠᠮᠠ ᠨᠡᠭᠡᠭᠡᠵᠦ᠄ 《ᠰᠢᠮᠣᠨ᠂ ᠴᠢ ᠶᠠᠭᠤ ᠭᠡᠵᠦ ᠪᠣᠳᠣᠵᠤ ᠪᠠᠢᠨ᠎ᠠ︖ ᠡᠨᠡ ᠳᠡᠯᠡᠬᠡᠢ ᠳᠡᠭᠡᠷᠡᠬᠢ ᠬᠠᠭᠠᠳ ᠬᠡᠨ ᠡᠴᠡ ᠭᠠᠢᠯᠢ ᠪᠤᠶᠤ ᠠᠯᠪᠠᠨ ᠲᠠᠲᠠᠪᠤᠷᠢ ᠠᠪᠳᠠᠭ ᠪᠤᠢ︖ ᠬᠥᠪᠡᠭᠦᠳ ᠡᠴᠡ ᠪᠡᠨ ᠤᠤ︖ ᠡᠰᠡᠪᠡᠯ ᠭᠠᠳᠠᠨ᠎ᠠ ᠶᠢᠨ ᠬᠥᠮᠦᠰ ᠡᠴᠡ ᠤᠤ︖》 ᠭᠡᠪᠡ᠃ 26 ᠫᠧᠲ᠋ᠧᠷ᠄ 《ᠭᠠᠳᠠᠨ᠎ᠠ ᠶᠢᠨ ᠬᠥᠮᠦᠰ ᠡᠴᠡ》 ᠭᠡᠬᠦ ᠳᠦ᠂ ᠢᠰᠦ᠋ᠰ᠄ 《ᠲᠡᠭᠡᠪᠡᠯ ᠬᠥᠪᠡᠭᠦᠳ ᠨᠢ ᠬᠡᠯᠲᠦᠷᠢᠨ᠎ᠡ ᠳᠠ᠃ 27 ᠭᠡᠪᠡᠴᠦ ᠪᠢᠳᠡ ᠲᠡᠳᠡᠨ ᠢ ᠪᠦᠳᠦᠷᠢᠭᠦᠯᠬᠦ ᠬᠡᠷᠡᠭ ᠦᠭᠡᠢ᠂ ᠴᠢ ᠨᠠᠭᠤᠷ ᠲᠤ ᠣᠴᠢᠵᠤ᠂ ᠭᠥᠬᠢ ᠬᠠᠶᠠᠭᠠᠳ ᠡᠬᠢᠨ ᠤ ᠵᠢᠭᠠᠰᠤᠨ ᠤ ᠠᠮᠠ ᠶᠢ ᠨᠡᠭᠡᠭᠡᠪᠡᠯ ᠨᠢᠭᠡ ᠵᠣᠭᠣᠰ 28 ᠣᠯᠬᠤ ᠪᠤᠢ᠃ ᠲᠡᠭᠦᠨ ᠢ ᠠᠪᠴᠤ ᠴᠢ ᠪᠢᠳᠡ ᠬᠣᠶᠠᠷ ᠤᠨ ᠬᠤᠪᠢ ᠪᠠᠷ ᠲᠡᠳᠡᠨ ᠳᠦ ᠥᠭ》 ᠭᠡᠵᠡᠢ᠃