ᠮᠠᠲ᠋ᠠᠢ ᠠᠷᠪᠠ
ᠠᠷᠪᠠᠨ ᠬᠣᠶᠠᠷ ᠱᠠᠪᠢ ᠶᠢᠨ ᠦᠢᠯᠡᠴᠢᠯᠡᠯ ᠦᠨ ᠲᠤᠬᠠᠢ
1 ᠢᠰᠦ᠋ᠰ ᠠᠷᠪᠠᠨ ᠬᠣᠶᠠᠷ ᠱᠠᠪᠢ ᠪᠠᠨ ᠬᠠᠵᠠᠭᠤ ᠳᠠᠭᠠᠨ ᠳᠠᠭᠤᠳᠠᠭᠠᠳ᠂ ᠪᠤᠵᠠᠷ ᠴᠢᠳᠬᠥᠷ ᠤᠳ ᠢ ᠡᠷᠬᠡᠰᠢᠶᠡᠬᠦ ᠪᠠ ᠵᠦᠢᠯ ᠪᠦᠷᠢ ᠶᠢᠨ ᠡᠪᠡᠳᠴᠢᠨ ᠡᠮᠭᠡᠭ ᠢ ᠡᠳᠡᠭᠡᠭᠡᠬᠦ ᠡᠷᠬᠡ ᠮᠡᠳᠡᠯ ᠰᠣᠶᠣᠷᠬᠠᠪᠠ᠃ 2 ᠲᠡᠷᠡ ᠠᠷᠪᠠᠨ ᠬᠣᠶᠠᠷ ᠰᠢᠳᠠᠷ ᠱᠠᠪᠢ ᠶᠢᠨ ᠨᠡᠷᠡᠰ ᠨᠢ᠄ ᠲᠡᠷᠢᠭᠦᠨ ᠳᠦ ᠫᠧᠲ᠋ᠧᠷ ᠭᠡᠭᠳᠡᠳᠡᠭ ᠰᠢᠮᠣᠨ᠂ ᠲᠡᠭᠦᠨ ᠦ ᠳᠡᠭᠦᠦ ᠠᠨᠳ᠋ᠷᠧ᠂ ᠽᠧᠪᠧᠳᠠᠢ ᠶᠢᠨ ᠬᠦᠦ ᠶᠠᠺᠣᠪ᠂ ᠲᠡᠭᠦᠨ ᠦ ᠳᠡᠭᠦᠦ ᠶᠣᠬᠠᠨ᠂ 3 ᠹᠢᠯᠢᠫ᠂ ᠪᠠᠷᠲ᠋ᠣᠯᠣᠮᠠᠢ᠂ ᠲᠣᠮᠠ᠂ ᠭᠠᠢᠯᠢᠴᠢᠨ ᠮᠠᠲ᠋ᠠᠢ᠂ ᠠᠯᠹᠠᠢ ᠶᠢᠨ ᠬᠦᠦ ᠶᠠᠺᠣᠪ᠂ ᠲᠠᠳᠠᠢ᠂ 4 ᠬᠡᠲᠦᠷᠡᠮᠡᠭᠡᠢ ᠪᠦᠯᠦᠭ ᠦᠨ ᠰᠢᠮᠣᠨ ᠪᠣᠯᠣᠨ ᠢᠰᠦ᠋ᠰ ᠢ ᠪᠠᠷᠢᠭᠤᠯᠤᠭᠰᠠᠨ ᠢᠰᠺᠠᠷᠢᠣᠲ ᠤᠨ ᠶᠦᠳᠠ ᠪᠣᠯᠣᠨ᠎ᠠ᠃
5 ᠢᠰᠦ᠋ᠰ ᠡᠨᠡ ᠠᠷᠪᠠᠨ ᠬᠣᠶᠠᠷ ᠢ ᠶᠠᠪᠤᠭᠤᠯᠬᠤ ᠳᠠᠭᠠᠨ ᠵᠠᠬᠢᠵᠤ᠄ 《ᠬᠠᠷᠢᠴᠤᠳ ᠤᠨ ᠵᠠᠮ ᠢᠶᠠᠷ ᠪᠦᠦ ᠶᠠᠪᠤ᠂ ᠰᠠᠮᠠᠷᠢᠶᠠᠴᠤᠳ ᠤᠨ ᠲᠣᠰᠬᠣᠨ ᠨᠤᠭᠤᠳ ᠢᠶᠠᠷ ᠴᠤ ᠪᠦᠦ ᠣᠷᠣ᠃ 6 ᠬᠠᠷᠢᠨ ᠢᠰᠷᠧᠯ ᠤᠨ ᠭᠡᠷ ᠦᠨ ᠠᠯᠳᠠᠭᠳᠠᠭᠰᠠᠨ ᠬᠣᠨᠢᠳ ᠤᠷᠤᠭᠤ ᠣᠴᠢ᠃ 7 ᠲᠠ ᠨᠠᠷ ᠶᠠᠪᠤᠬᠤ ᠳᠠᠭᠠᠨ᠄ 〈ᠲᠩᠷᠢ ᠶᠢᠨ ᠬᠠᠭᠠᠨᠴᠢᠯᠠᠯ ᠣᠢᠷᠠᠲᠤᠯ᠎ᠠ〉 ᠭᠡᠵᠦ ᠲᠤᠩ᠋ᠬᠠᠭᠯᠠᠭᠲᠤᠨ᠃ 8 ᠡᠪᠡᠳᠴᠢᠲᠡᠳ ᠢ ᠡᠳᠡᠭᠡᠭᠡ᠂ ᠦᠬᠦᠭᠰᠡᠳ ᠢ ᠠᠮᠢᠯᠠᠭᠤᠯ᠂ ᠤᠶᠠᠮᠠᠨ 17 ᠡᠪᠡᠳᠴᠢᠲᠡᠳ ᠢ ᠴᠡᠪᠡᠷᠰᠢᠭᠦᠯ᠂ ᠴᠢᠳᠬᠥᠷ ᠤᠳ ᠢ ᠬᠥᠭᠡᠭᠡ᠃ ᠦᠨ᠎ᠡ ᠦᠭᠡᠢ ᠪᠠᠷ ᠠᠪᠤᠭᠰᠠᠨ ᠢᠶᠠᠨ ᠦᠨ᠎ᠡ ᠦᠭᠡᠢ ᠪᠠᠷ ᠥᠭ᠃ 9 ᠲᠦᠷᠡᠢᠪᠴᠢ ᠳᠡᠭᠡᠨ ᠠᠯᠲᠠ᠂ ᠮᠥᠩᠭᠥ ᠪᠤᠶᠤ ᠵᠡᠰ ᠴᠤ ᠪᠦᠦ ᠬᠢ᠂ 10 ᠠᠶᠠᠨ ᠤ ᠪᠣᠭᠴᠣ ᠪᠤᠶᠤ ᠢᠯᠡᠭᠦᠦ ᠬᠤᠪᠴᠠᠰᠤ᠂ ᠱᠠᠬᠠᠢ᠂ ᠲᠠᠶᠠᠭ ᠴᠤ ᠪᠦᠦ ᠠᠪ᠃ ᠠᠵᠢᠯᠴᠢᠳ ᠬᠦᠨᠡᠰᠦ ᠪᠡᠨ ᠣᠯᠬᠤ ᠤᠴᠢᠷᠲᠠᠢ᠃ 11 ᠶᠠᠮᠠᠷ ᠬᠣᠲᠠ ᠲᠣᠰᠬᠣᠨ ᠳᠤ ᠣᠷᠣᠭᠰᠠᠨ ᠴᠤ᠂ ᠲᠡᠨᠳᠡᠬᠢ ᠶᠢᠨ ᠵᠣᠬᠢᠰᠲᠠᠢ ᠬᠥᠮᠦᠨ ᠢ ᠡᠷᠢᠵᠦ ᠣᠯᠣᠭᠠᠳ ᠶᠠᠪᠤᠲᠠᠯ᠎ᠠ ᠪᠠᠨ ᠲᠡᠭᠦᠨ ᠦ ᠭᠡᠷ ᠲᠦ ᠪᠠᠢᠭᠠᠷᠠᠢ᠃ 12 ᠲᠡᠷᠡ ᠠᠢᠯ ᠳᠤ ᠣᠷᠣᠬᠤ ᠳᠠᠭᠠᠨ ᠮᠡᠨᠳᠦᠴᠢᠯᠡ᠃ 13 ᠬᠡᠷᠪᠡ ᠲᠡᠷᠡ ᠠᠢᠯ ᠵᠣᠬᠢᠰᠲᠠᠢ ᠪᠣᠯ ᠮᠡᠨᠳᠦ ᠠᠮᠤᠷ ᠴᠢᠨᠢ ᠲᠡᠷᠡ ᠠᠢᠯ ᠳᠤ ᠬᠦᠷᠬᠦ ᠪᠣᠯᠣᠨ᠎ᠠ᠃ ᠬᠡᠷᠪᠡ ᠵᠣᠬᠢᠰ ᠦᠭᠡᠢ ᠪᠣᠯ ᠮᠡᠨᠳᠦ ᠠᠮᠤᠷ ᠴᠢᠨᠢ ᠲᠠ ᠨᠠᠷ ᠲᠤ ᠪᠤᠴᠠᠬᠤ ᠪᠣᠯᠣᠨ᠎ᠠ᠃ 14 ᠬᠡᠨ ᠲᠠ ᠨᠠᠷ ᠢ ᠬᠦᠯᠢᠶᠡᠵᠦ ᠠᠪᠬᠤ ᠦᠭᠡᠢ᠂ ᠦᠭᠡ ᠶᠢ ᠴᠢᠨᠢ ᠣᠢᠰᠢᠶᠠᠬᠤ ᠦᠭᠡᠢ ᠪᠣᠯ᠂ ᠲᠡᠷᠡ ᠠᠢᠯ ᠪᠤᠶᠤ ᠲᠣᠰᠬᠣᠨ ᠠᠴᠠ ᠶᠠᠪᠤᠬᠤ ᠳᠠᠭᠠᠨ ᠲᠠ ᠨᠠᠷ ᠬᠥᠯ ᠦᠨ ᠢᠶᠠᠨ ᠲᠣᠭᠣᠰᠣ ᠶᠢ ᠭᠦᠪᠢ᠃ 15 ᠲᠠ ᠨᠠᠷ ᠲᠤ ᠪᠠᠲᠤᠲᠠᠢ ᠬᠡᠯᠡᠶ᠎ᠡ᠂ ᠰᠢᠭᠦᠯᠲᠡ ᠶᠢᠨ ᠡᠳᠦᠷ ᠰᠣᠳᠣᠮ ᠪᠠ ᠭᠣᠮᠣᠷᠠ ᠨᠤᠲᠤᠭ ᠤᠨ ᠬᠦᠯᠢᠶᠡᠬᠦ ᠰᠢᠳᠬᠡᠯ ᠲᠡᠷᠡ ᠲᠣᠰᠬᠣᠨ ᠠᠴᠠ ᠠᠷᠠᠢ ᠲᠡᠰᠪᠦᠷᠢᠯᠡᠭᠦᠰᠢᠲᠡᠢ ᠶᠤᠮ᠃
ᠱᠠᠪᠢ ᠨᠠᠷ ᠤᠨ ᠲᠤᠭᠤᠯᠬᠤ ᠪᠡᠷᠬᠡ
16 ᠠᠩ᠋ᠬᠠᠷᠤᠭᠲᠤᠨ᠂ ᠪᠢ ᠴᠢᠨᠣ᠎ᠠ ᠶᠢᠨ ᠳᠤᠮᠳᠠ ᠬᠣᠨᠢᠳ ᠢᠶᠠᠨ ᠣᠷᠣᠭᠤᠯᠬᠤ ᠮᠡᠲᠦ ᠲᠠ ᠨᠠᠷ ᠢ ᠢᠯᠡᠭᠡᠵᠦ ᠪᠠᠢᠨ᠎ᠠ᠃ ᠲᠠ ᠨᠠᠷ ᠮᠣᠭᠠᠢ ᠮᠡᠲᠦ ᠬᠠᠰᠢᠷ᠂ ᠲᠠᠭᠲᠠᠭ᠎ᠠ ᠮᠡᠲᠦ ᠴᠠᠢᠯᠭᠠᠨ ᠪᠠᠢ᠃ 17 ᠬᠥᠮᠦᠰ ᠡᠴᠡ ᠪᠣᠯᠭᠣᠮᠵᠢᠯᠠᠭᠲᠤᠨ᠃ ᠲᠡᠳᠡ ᠰᠢᠭᠦᠬᠦ ᠵᠥᠪᠯᠡᠯ ᠳᠦ ᠲᠠ ᠨᠠᠷ ᠢ ᠲᠤᠰᠢᠶᠠᠵᠤ᠂ ᠬᠤᠷᠠᠯ ᠤᠨ ᠲᠠᠩᠬᠢᠮ ᠳᠠᠭᠠᠨ ᠲᠠ ᠨᠠᠷ ᠢ ᠲᠠᠰᠢᠭᠤᠷᠳᠠᠬᠤ ᠪᠣᠯᠣᠨ᠎ᠠ᠃ 18 ᠲᠠ ᠨᠠᠷ ᠨᠠᠳᠠ ᠠᠴᠠ ᠪᠣᠯᠵᠤ ᠨᠣᠶᠠᠳ ᠪᠠ ᠬᠠᠭᠠᠳ ᠤᠨ ᠡᠮᠦᠨ᠎ᠡ ᠬᠦᠷᠭᠡᠭᠳᠡᠵᠦ᠂ ᠲᠡᠳᠡ ᠪᠣᠯᠣᠨ ᠬᠠᠷᠢᠴᠤᠳ ᠲᠤ ᠭᠡᠷᠡᠴᠢᠯᠡᠬᠦ ᠪᠣᠯᠣᠨ᠎ᠠ᠃ 19 ᠲᠡᠳᠡ ᠲᠠ ᠨᠠᠷ ᠢ ᠲᠤᠰᠢᠶᠠᠬᠤ ᠦᠶ᠎ᠡ ᠳᠦ ᠶᠠᠭᠠᠬᠢᠵᠤ᠂ ᠶᠠᠭᠤ ᠶᠠᠷᠢᠬᠤ ᠪᠢᠯᠡ ᠭᠡᠵᠦ ᠪᠦᠦ ᠰᠠᠨᠠᠭ᠎ᠠ ᠵᠣᠪᠠ᠂ ᠬᠡᠯᠡᠬᠦ ᠦᠭᠡ ᠴᠢᠨᠢ ᠲᠡᠷᠡ ᠬᠣᠷᠣᠮ ᠳᠤ ᠲᠠ ᠨᠠᠷ ᠲᠤ ᠰᠣᠶᠣᠷᠬᠠᠭᠳᠠᠨᠠ᠃ 20 ᠶᠠᠷᠢᠭᠴᠢ ᠨᠢ ᠲᠠ ᠨᠠᠷ ᠪᠢᠰᠢ᠂ ᠬᠠᠷᠢᠨ ᠲᠠ ᠨᠠᠷ ᠤᠨ ᠡᠴᠢᠭᠡ ᠶᠢᠨ ᠰᠦᠨᠡᠰᠦ ᠲᠠ ᠨᠠᠷ ᠤᠨ ᠳᠣᠲᠣᠷ᠎ᠠ ᠶᠠᠷᠢᠨ᠎ᠠ᠃ 21 ᠠᠬ᠎ᠠ ᠳᠡᠭᠦᠦ ᠨᠢ ᠠᠬ᠎ᠠ ᠳᠡᠭᠦᠦ ᠪᠡᠨ᠂ ᠡᠴᠢᠭᠡ ᠨᠢ ᠬᠡᠦᠬᠡᠳ ᠢᠶᠡᠨ ᠦᠬᠦᠯ ᠳᠦ ᠲᠤᠰᠢᠶᠠᠨ᠎ᠠ᠃ ᠬᠡᠦᠬᠡᠳ ᠤᠳ ᠨᠢ ᠡᠴᠢᠭᠡ ᠡᠬᠡ ᠶᠢᠨ ᠢᠶᠠᠨ ᠡᠰᠡᠷᠭᠦ ᠪᠣᠰᠴᠤ ᠲᠡᠳᠡᠨ ᠢ ᠪᠠᠨ ᠴᠠᠭᠠᠵᠠᠯᠠᠭᠤᠯᠤᠨᠠ᠃ 22 ᠲᠠ ᠨᠠᠷ ᠮᠢᠨᠦ ᠨᠡᠷ᠎ᠡ ᠡᠴᠡ ᠪᠣᠯᠵᠤ ᠬᠥᠮᠦᠨ ᠪᠦᠬᠦᠨ ᠳᠦ ᠵᠠᠨᠤᠭᠳᠠᠨᠠ᠃ ᠬᠠᠷᠢᠨ ᠡᠴᠦᠰ ᠲᠤᠨᠢ ᠬᠦᠷᠲᠡᠯ᠎ᠡ ᠲᠡᠰᠪᠦᠷᠢᠯᠡᠭᠴᠢ ᠨᠢ ᠠᠪᠤᠷᠠᠭᠳᠠᠨ᠎ᠠ᠃ 23 ᠲᠠ ᠨᠠᠷ ᠢ ᠡᠨᠡ ᠲᠣᠰᠬᠣᠨ ᠳᠤ ᠬᠠᠪᠴᠢᠪᠠᠯ᠂ ᠥᠭᠡᠷ᠎ᠡ ᠲᠣᠰᠬᠣᠨ ᠤᠷᠤᠭᠤ ᠵᠢᠭᠤᠲᠠᠵᠠᠭᠠ᠃ ᠲᠠ ᠨᠠᠷ ᠲᠤ ᠪᠠᠲᠤᠲᠠᠢ ᠬᠡᠯᠡᠶ᠎ᠡ᠂ ᠲᠠ ᠨᠠᠷ ᠢᠰᠷᠧᠯ ᠤᠨ ᠬᠠᠮᠤᠭ ᠲᠣᠰᠬᠣᠨ ᠢᠶᠠᠷ ᠶᠠᠪᠤᠵᠤ ᠳᠠᠭᠤᠰᠬᠤ ᠠᠴᠠ ᠡᠮᠦᠨ᠎ᠡ ᠬᠥᠮᠦᠨ ᠦ ᠬᠦᠦ ᠢᠷᠡᠨ᠎ᠡ᠃
ᠱᠠᠪᠢ ᠪᠣᠯᠬᠤ ᠶᠢᠨ ᠤᠳᠬ᠎ᠠ ᠤᠴᠢᠷ
24 ᠱᠠᠪᠢ ᠨᠢ ᠪᠠᠭᠰᠢ ᠡᠴᠡ ᠪᠡᠨ ᠠᠭᠤᠤ ᠪᠠᠢᠳᠠᠭ ᠦᠭᠡᠢ᠂ ᠪᠣᠭᠣᠯ ᠨᠢ ᠡᠵᠡᠨ ᠡᠴᠡ ᠪᠡᠨ ᠠᠭᠤᠤ ᠪᠠᠢᠳᠠᠭ ᠦᠭᠡᠢ᠃ 25 ᠱᠠᠪᠢ ᠨᠢ ᠪᠠᠭᠰᠢ ᠲᠠᠢ ᠪᠠᠨ ᠠᠳᠠᠯᠢ᠂ ᠪᠣᠭᠣᠯ ᠨᠢ ᠡᠵᠡᠨ ᠲᠡᠢ ᠪᠡᠨ ᠠᠳᠠᠯᠢ ᠪᠣᠯᠪᠠᠯ ᠪᠣᠯᠴᠢᠬᠠᠨ᠎ᠠ᠃ ᠬᠡᠷᠪᠡ ᠲᠡᠳᠡ ᠭᠡᠷ ᠦᠨ ᠡᠵᠡᠨ ᠢ ᠪᠧᠯᠽᠧᠪᠦ᠋ᠯ 18 ᠬᠡᠮᠡᠨ ᠨᠡᠷᠡᠯᠡᠭᠰᠡᠨ ᠪᠣᠯ᠂ ᠭᠡᠷ ᠦᠨ ᠬᠢᠨ ᠢ ᠨᠢ ᠨᠡᠩ ᠢᠯᠡᠭᠦᠦ ᠮᠠᠭᠤᠯᠠᠬᠤ ᠪᠢᠰᠢ ᠤᠤ︖
26 ᠬᠠᠷᠢᠨ ᠲᠡᠳᠡᠨ ᠡᠴᠡ ᠪᠦᠦ ᠠᠶᠤ᠃ ᠳᠠᠯᠳᠠᠯᠠᠭᠳᠠᠭᠰᠠᠨ ᠨᠢ ᠢᠯᠡᠴᠢᠯᠡᠭᠳᠡᠬᠦ ᠦᠭᠡᠢ ᠭᠡᠵᠦ ᠦᠭᠡᠢ᠂ ᠨᠢᠭᠤᠭᠳᠠᠭᠰᠠᠨ ᠨᠢ ᠮᠡᠳᠡᠭᠳᠡᠬᠦ ᠦᠭᠡᠢ ᠭᠡᠵᠦ ᠦᠭᠡᠢ᠃ 27 ᠬᠠᠷᠠᠩ᠋ᠭᠤᠢ ᠳᠤ ᠬᠡᠯᠡᠭᠰᠡᠨ ᠢ ᠮᠢᠨᠢ ᠲᠠ ᠨᠠᠷ ᠭᠡᠷᠡᠯ ᠲᠡᠢ ᠳᠦ ᠶᠠᠷᠢ᠃ ᠲᠠ ᠨᠠᠷ ᠤᠨ ᠴᠢᠬᠢᠨ ᠳᠤ ᠰᠢᠪᠡᠨᠡᠭᠰᠡᠨ ᠢ ᠮᠢᠨᠢ ᠳᠡᠭᠡᠪᠦᠷ ᠳᠡᠭᠡᠷ᠎ᠡ ᠲᠤᠩ᠋ᠬᠠᠭᠯᠠ᠃ 28 ᠮᠠᠬᠠᠪᠣᠳ ᠢ ᠬᠥᠨᠥᠭᠡᠪᠡᠴᠦ ᠰᠡᠳᠬᠢᠯ ᠢ ᠬᠥᠨᠥᠭᠡᠵᠦ ᠦᠯᠦ ᠴᠢᠳᠠᠭᠴᠢᠳ ᠠᠴᠠ ᠪᠦᠦ ᠠᠶᠤ᠃ ᠬᠠᠷᠢᠨ ᠰᠡᠳᠬᠢᠯ ᠢ ᠴᠤ᠂ ᠪᠡᠶ᠎ᠡ ᠶᠢ ᠴᠤ ᠲᠠᠮᠤ ᠳᠤ ᠤᠰᠠᠳᠬᠠᠵᠤ ᠴᠢᠳᠠᠭᠴᠢ ᠡᠴᠡ ᠠᠶᠤᠵᠠᠭ᠎ᠠ᠃ 29 ᠬᠣᠶᠠᠷ ᠪᠣᠯᠵᠣᠮᠣᠷ ᠢ ᠨᠢᠭᠡ ᠮᠥᠩᠭᠥ ᠪᠡᠷ ᠬᠤᠳᠠᠯᠳᠤᠳᠠᠭ ᠪᠢᠰᠢ ᠤᠤ︖ ᠡᠴᠢᠭᠡ ᠶᠢᠨ ᠲᠠᠨᠢ ᠵᠥᠪᠰᠢᠶᠡᠷᠡᠯ ᠦᠭᠡᠢ 19 ᠪᠠᠷ ᠲᠡᠳᠡᠨ ᠦ ᠨᠢᠭᠡ ᠨᠢ ᠴᠤ ᠭᠠᠵᠠᠷ ᠲᠤ ᠤᠨᠠᠬᠤ ᠦᠭᠡᠢ᠂ 30 ᠲᠠ ᠨᠠᠷ ᠤᠨ ᠲᠣᠯᠣᠭᠠᠢ ᠶᠢᠨ ᠦᠰᠦ ᠬᠦᠷᠲᠡᠯ᠎ᠡ ᠴᠥᠮ ᠢᠶᠡᠷ ᠢᠶᠠᠨ ᠲᠣᠭᠠᠯᠠᠭᠳᠠᠭᠰᠠᠨ ᠪᠠᠢᠳᠠᠭ᠃ 31 ᠪᠦᠦ ᠠᠶᠤ᠂ ᠲᠠ ᠨᠠᠷ ᠣᠯᠠᠨ ᠪᠣᠯᠵᠣᠮᠣᠷ ᠠᠴᠠ ᠡᠷᠬᠢᠮ ᠶᠤᠮ᠃
32 ᠬᠥᠮᠦᠰ ᠦᠨ ᠡᠮᠦᠨ᠎ᠡ ᠨᠠᠮᠠᠶᠢ ᠬᠦᠯᠢᠶᠡᠨ ᠵᠥᠪᠰᠢᠶᠡᠷᠡᠭᠴᠢ ᠪᠦᠬᠦᠨ ᠢ ᠪᠢ ᠴᠤ ᠲᠩᠷᠢ ᠳᠠᠬᠢ ᠡᠴᠢᠭᠡ ᠶᠢᠨ ᠢᠶᠠᠨ ᠡᠮᠦᠨ᠎ᠡ ᠬᠦᠯᠢᠶᠡᠨ ᠵᠥᠪᠰᠢᠶᠡᠷᠡᠨ᠎ᠡ᠃ 33 ᠬᠠᠷᠢᠨ ᠬᠥᠮᠦᠰ ᠦᠨ ᠡᠮᠦᠨ᠎ᠡ ᠨᠠᠮᠠᠶᠢ ᠦᠭᠡᠶᠢᠰᠬᠡᠭᠴᠢ ᠪᠦᠬᠦᠨ ᠢ ᠪᠢ ᠴᠤ ᠲᠩᠷᠢ ᠳᠠᠬᠢ ᠡᠴᠢᠭᠡ ᠶᠢᠨ ᠢᠶᠠᠨ ᠡᠮᠦᠨ᠎ᠡ ᠦᠭᠡᠶᠢᠰᠬᠡᠨ᠎ᠡ᠃
34 ᠨᠠᠮᠠᠶᠢ ᠭᠠᠵᠠᠷ ᠳᠡᠭᠡᠷ᠎ᠡ ᠡᠩᠬᠡ ᠲᠠᠢᠪᠤᠩ ᠢ ᠰᠠᠴᠤᠬᠤ ᠪᠠᠷ ᠢᠷᠡᠭᠰᠡᠨ ᠭᠡᠵᠦ ᠪᠦᠦ ᠪᠣᠳᠣ᠃ ᠪᠢ ᠡᠩᠬᠡ ᠲᠠᠢᠪᠤᠩ ᠢ ᠪᠤᠰᠤ᠂ ᠬᠠᠷᠢᠨ ᠢᠯᠳᠦ ᠶᠢ ᠰᠠᠴᠤᠬᠤ ᠪᠠᠷ ᠢᠷᠡᠭᠰᠡᠨ ᠶᠤᠮ᠃ 35 ᠪᠢ ᠬᠦᠦ ᠶᠢ ᠡᠴᠢᠭᠡ ᠶᠢᠨ ᠬᠢᠨᠢ ᠡᠰᠡᠷᠭᠦ᠂ ᠥᠬᠢᠨ ᠢ ᠡᠬᠡ ᠶᠢᠨ ᠬᠢᠨᠢ ᠡᠰᠡᠷᠭᠦ᠂ ᠪᠡᠷᠢ ᠶᠢ ᠬᠠᠳᠠᠮ ᠡᠬᠡ ᠶᠢᠨ ᠬᠢᠨᠢ ᠡᠰᠡᠷᠭᠦ ᠪᠣᠰᠬᠠᠬᠤ ᠪᠠᠷ 20 ᠢᠷᠡᠭᠰᠡᠨ᠃ 36 ᠬᠥᠮᠦᠨ ᠦ ᠳᠠᠢᠰᠤᠨ ᠪᠣᠯ ᠭᠡᠷ ᠦᠨ ᠬᠢᠨ ᠨᠢ ᠶᠤᠮ᠃ 37 ᠡᠴᠢᠭᠡ ᠪᠤᠶᠤ ᠡᠬᠡ ᠪᠡᠨ ᠨᠠᠳᠠ ᠠᠴᠠ ᠢᠯᠡᠭᠦᠦ ᠬᠠᠢᠷᠠᠯᠠᠭᠴᠢ ᠨᠢ ᠨᠠᠳᠠ ᠳᠤ ᠵᠣᠬᠢᠮᠵᠢ ᠦᠭᠡᠢ᠃ ᠬᠦᠦ ᠪᠤᠶᠤ ᠥᠬᠢᠨ ᠢᠶᠠᠨ ᠨᠠᠳᠠ ᠠᠴᠠ ᠢᠯᠡᠭᠦᠦ ᠬᠠᠢᠷᠠᠯᠠᠭᠴᠢ ᠨᠢ ᠴᠤ ᠨᠠᠳᠠ ᠳᠤ ᠵᠣᠬᠢᠮᠵᠢ ᠦᠭᠡᠢ᠃ 38 ᠵᠠᠭᠠᠯᠮᠠᠢ ᠪᠠᠨ ᠡᠭᠦᠷᠬᠦ ᠦᠭᠡᠢ ᠪᠠᠷ ᠨᠠᠮᠠᠶᠢ ᠳᠠᠭᠠᠭᠴᠢ ᠨᠢ ᠨᠠᠳᠠ ᠳᠤ ᠵᠣᠬᠢᠮᠵᠢ ᠦᠭᠡᠢ᠃ 39 ᠠᠮᠢ ᠪᠠᠨ ᠣᠯᠣᠭᠴᠢ ᠨᠢ ᠠᠮᠢ ᠪᠠᠨ ᠠᠯᠳᠠᠨ᠎ᠠ᠃ ᠮᠢᠨᠦ ᠲᠥᠯᠥᠭᠡ ᠠᠮᠢ ᠪᠠᠨ ᠠᠯᠳᠠᠭᠴᠢ ᠨᠢ ᠠᠮᠢ ᠪᠠᠨ ᠣᠯᠣᠨ᠎ᠠ᠃
40 ᠲᠠ ᠨᠠᠷ ᠢ ᠬᠦᠯᠢᠶᠡᠨ ᠠᠪᠤᠭᠴᠢ ᠨᠢ ᠨᠠᠮᠠᠶᠢ ᠬᠦᠯᠢᠶᠡᠨ ᠠᠪᠤᠨ᠎ᠠ᠂ ᠨᠠᠮᠠᠶᠢ ᠬᠦᠯᠢᠶᠡᠨ ᠠᠪᠤᠭᠴᠢ ᠨᠢ ᠨᠠᠮᠠᠶᠢ ᠢᠯᠡᠭᠡᠭᠰᠡᠨ ᠨᠢᠭᠡᠨ ᠢ ᠬᠦᠯᠢᠶᠡᠨ ᠠᠪᠤᠨ᠎ᠠ᠃ 41 ᠡᠰᠢ ᠦᠵᠡᠭᠦᠯᠦᠭᠴᠢ ᠶᠢ ᠡᠰᠢ ᠦᠵᠡᠭᠦᠯᠦᠭᠴᠢ ᠭᠡᠵᠦ ᠬᠦᠯᠢᠶᠡᠨ ᠠᠪᠤᠭᠴᠢ ᠨᠢ ᠡᠰᠢ ᠦᠵᠡᠭᠦᠯᠦᠭᠴᠢ ᠶᠢᠨ ᠱᠠᠩᠨᠠᠯ ᠢ ᠬᠦᠷᠲᠡᠨ᠎ᠡ᠃ ᠵᠥᠪᠲᠡᠨ ᠢ ᠵᠥᠪᠲᠡᠨ ᠭᠡᠵᠦ ᠬᠦᠯᠢᠶᠡᠨ ᠠᠪᠤᠭᠴᠢ ᠨᠢ ᠵᠥᠪᠲᠡᠨ ᠦ ᠱᠠᠩᠨᠠᠯ ᠢ ᠬᠦᠷᠲᠡᠨ᠎ᠡ᠃ 42 ᠲᠠ ᠨᠠᠷ ᠲᠤ ᠪᠠᠲᠤᠲᠠᠢ ᠬᠡᠯᠡᠶ᠎ᠡ᠃ ᠡᠨᠡ ᠵᠢᠭᠠᠯ ᠤᠳ ᠤᠨ ᠨᠢᠭᠡᠨ ᠳᠦ ᠱᠠᠪᠢ ᠭᠡᠵᠦ ᠭᠠᠭᠴᠠ ᠠᠶᠠᠭ᠎ᠠ ᠬᠦᠢᠲᠡᠨ ᠤᠰᠤ ᠥᠭᠭᠥᠭᠴᠢ ᠨᠢ ᠱᠠᠩᠨᠠᠯ ᠢᠶᠠᠨ ᠯᠠᠪ ᠠᠯᠳᠠᠬᠤ ᠦᠭᠡᠢ》 ᠭᠡᠪᠡ᠃