ᠮᠠᠲ᠋ᠠᠢ ᠨᠠᠢ᠌ᠮᠠ
ᠤᠶᠠᠮᠠᠨ ᠡᠪᠡᠳᠴᠢᠲᠡᠨ ᠢ ᠴᠡᠪᠡᠷᠰᠢᠭᠦᠯᠦᠭᠰᠡᠨ ᠨᠢ ᠵᠠᠭᠤᠲᠤ ᠶᠢᠨ ᠳᠠᠷᠤᠭ᠎ᠠ ᠶᠢᠨ ᠢᠲᠡᠭᠡᠯ
1 ᠢᠰᠦ᠋ᠰ ᠠᠭᠤᠯᠠᠨ ᠠᠴᠠ ᠪᠠᠭᠤᠭᠰᠠᠨ ᠤ ᠳᠠᠷᠠᠭ᠎ᠠ᠂ ᠦᠯᠡᠮᠵᠢ ᠣᠯᠠᠨ ᠬᠥᠮᠦᠨ ᠲᠡᠭᠦᠨ ᠢ ᠳᠠᠭᠠᠪᠠ᠃ 2 ᠲᠡᠭᠡᠲᠡᠯ᠎ᠡ ᠨᠢᠭᠡᠨ ᠤᠶᠠᠮᠠᠨ ᠡᠪᠡᠳᠴᠢᠲᠡᠨ ᠢᠷᠡᠵᠦ ᠲᠡᠭᠦᠨ ᠦ ᠡᠮᠦᠨ᠎ᠡ ᠰᠥᠭᠥᠳᠥᠭᠡᠳ᠄ 《ᠡᠵᠡᠨ ᠡ᠂ ᠲᠠ ᠬᠦᠰᠡᠪᠡᠯ ᠨᠠᠮᠠᠶᠢ ᠴᠡᠪᠡᠷᠰᠢᠭᠦᠯᠵᠦ ᠴᠢᠳᠠᠨ᠎ᠠ ᠰᠢᠦ ᠳᠠ》 ᠭᠡᠬᠦ ᠳᠦ᠂ 3 ᠢᠰᠦ᠋ᠰ ᠮᠤᠲᠤᠷ ᠢᠶᠠᠨ ᠰᠤᠩ᠋ᠭᠠᠨ ᠲᠡᠭᠦᠨ ᠳᠦ ᠬᠦᠷᠭᠡᠵᠦ᠄ 《ᠪᠢ ᠬᠦᠰᠡᠵᠦ ᠪᠠᠢᠨ᠎ᠠ᠂ ᠴᠡᠪᠡᠷᠰᠢ︕》 ᠭᠡᠵᠦ ᠬᠡᠯᠡᠮᠡᠭᠴᠡ ᠤᠶᠠᠮᠠᠨ 15 ᠨᠢ ᠴᠡᠪᠡᠷᠰᠢᠵᠡᠢ᠃ 4 ᠢᠰᠦ᠋ᠰ ᠲᠡᠭᠦᠨ ᠳᠦ᠄ 《ᠡᠭᠦᠨ ᠢ ᠴᠢ ᠬᠡᠨ ᠳᠦ ᠴᠤ ᠪᠢᠲᠡᠭᠡᠢ ᠶᠠᠷᠢᠭᠠᠷᠠᠢ᠃ ᠬᠠᠷᠢᠨ ᠲᠠᠬᠢᠯᠴᠢ ᠳᠤ ᠣᠴᠢᠭᠠᠳ ᠪᠡᠶ᠎ᠡ ᠪᠡᠨ ᠦᠵᠡᠭᠦᠯᠵᠦ ᠮᠣᠰᠧ ᠶᠢᠨ ᠵᠠᠬᠢᠭᠰᠠᠨ ᠡᠷᠭᠦᠯ ᠢ ᠡᠷᠭᠦ᠂ ᠡᠢᠨ ᠬᠦ ᠴᠡᠪᠡᠷᠰᠢᠭᠰᠡᠨ ᠢᠶᠡᠨ ᠭᠡᠷᠡᠴᠢᠯᠡᠨ᠎ᠡ》 ᠭᠡᠯᠡ᠃
5 ᠢᠰᠦ᠋ᠰ ᠺᠠᠹᠠᠷᠨᠠᠦ᠋ᠮ ᠳᠤ ᠣᠷᠣᠬᠤ ᠳᠤ᠂ ᠨᠢᠭᠡᠨ ᠵᠠᠭᠤᠲᠤ ᠶᠢᠨ ᠳᠠᠷᠤᠭ᠎ᠠ ᠢᠷᠡᠵᠦ ᠲᠡᠭᠦᠨ ᠡᠴᠡ ᠭᠤᠶᠤᠬᠤ ᠳᠠᠭᠠᠨ᠄ 6 《ᠡᠵᠡᠨ ᠡ᠂ ᠮᠢᠨᠦ ᠵᠠᠷᠤᠴᠠ ᠰᠠ ᠡᠪᠡᠳᠴᠢᠨ ᠢᠶᠠᠷ ᠭᠡᠷ ᠲᠡᠭᠡᠨ ᠬᠡᠪᠲᠡᠵᠦ ᠲᠤᠢᠯ ᠢᠶᠠᠷ ᠰᠢᠨᠠᠯᠵᠤ ᠪᠠᠢᠨ᠎ᠠ》 ᠭᠡᠪᠡ᠃ 7 ᠢᠰᠦ᠋ᠰ᠄ 《ᠪᠢ ᠣᠴᠢᠵᠤ ᠲᠡᠭᠦᠨ ᠢ ᠡᠳᠡᠭᠡᠭᠡᠶᠡ》 ᠭᠡᠰᠡᠨ ᠳᠦ᠂ 8 ᠵᠠᠭᠤᠲᠤ ᠶᠢᠨ ᠳᠠᠷᠤᠭ᠎ᠠ᠄ 《ᠡᠵᠡᠨ ᠡ᠂ ᠲᠠᠨ ᠢ ᠪᠣᠭᠣᠨᠢ ᠰᠠᠷᠠᠪᠴᠢᠨ ᠳᠠᠭᠠᠨ ᠵᠠᠯᠠᠬᠤ ᠬᠢᠷᠢ ᠭᠡᠮ ᠨᠠᠳᠠ ᠳᠤ ᠪᠠᠢᠬᠤ ᠦᠭᠡᠢ᠂ ᠬᠠᠷᠢᠨ ᠲᠠ ᠦᠭᠡ ᠪᠡᠨ ᠯᠠ ᠠᠢᠯᠠᠳᠤᠭᠠᠴᠢ᠂ ᠲᠡᠭᠡᠪᠡᠯ ᠵᠠᠷᠤᠴᠠ ᠮᠠᠨᠢ ᠡᠳᠡᠭᠡᠨ᠎ᠡ᠃ 9 ᠪᠢ ᠬᠥᠮᠦᠨ ᠦ ᠮᠡᠳᠡᠯ ᠳᠣᠣᠷ᠎ᠠ ᠪᠠᠢᠪᠠᠴᠤ ᠮᠢᠨᠦ ᠳᠣᠣᠷ᠎ᠠ ᠴᠡᠷᠢᠭ ᠤᠳ ᠪᠠᠢᠳᠠᠭ᠃ ᠪᠢ ᠨᠢᠭᠡ ᠶᠢ ᠨᠢ 〈ᠶᠠᠪᠤ〉 ᠭᠡᠪᠡᠯ ᠲᠡᠷᠡ ᠶᠠᠪᠤᠨ᠎ᠠ᠂ ᠨᠥᠭᠥᠭᠡ ᠶᠢ ᠨᠢ 〈ᠢᠷ᠎ᠡ〉 ᠭᠡᠪᠡᠯ ᠲᠡᠷᠡ ᠢᠷᠡᠨ᠎ᠡ᠃ ᠵᠠᠷᠤᠴᠠ ᠪᠠᠨ 〈ᠡᠭᠦᠨ ᠢ ᠬᠢ〉 ᠭᠡᠪᠡᠯ ᠲᠡᠷᠡ ᠬᠢᠨ᠎ᠡ》 ᠭᠡᠵᠦ ᠬᠠᠷᠢᠭᠤᠯᠵᠠᠢ᠃ 10 ᠢᠰᠦ᠋ᠰ ᠰᠣᠨᠣᠰᠣᠭᠠᠳ ᠭᠠᠢᠬᠠᠵᠤ᠂ ᠳᠠᠭᠠᠭᠰᠠᠳ ᠲᠠᠭᠠᠨ᠄ 《ᠲᠠ ᠨᠠᠷ ᠲᠤ ᠪᠠᠲᠤᠲᠠᠢ ᠬᠡᠯᠡᠶ᠎ᠡ᠃ ᠪᠢ ᠡᠢᠮᠦ ᠶᠡᠬᠡ ᠢᠲᠡᠭᠡᠯ ᠢ ᠢᠰᠷᠧᠯ ᠳᠤ ᠨᠢᠭᠡ ᠴᠤ ᠦᠵᠡᠭᠰᠡᠨ ᠦᠭᠡᠢ᠃ 11 ᠲᠠ ᠨᠠᠷ ᠲᠤ ᠬᠡᠯᠡᠶ᠎ᠡ᠂ ᠳᠣᠷᠣᠨ᠎ᠠ ᠥᠷᠥᠨ᠎ᠡ ᠡᠴᠡ ᠣᠯᠠᠨ ᠬᠥᠮᠦᠨ ᠢᠷᠡᠵᠦ ᠲᠩᠷᠢ ᠶᠢᠨ ᠬᠠᠭᠠᠨᠴᠢᠯᠠᠯ ᠤᠨ ᠳᠣᠲᠣᠷ᠎ᠠ ᠠᠪᠷᠠᠬᠠᠮ᠂ ᠢᠰᠠᠺ᠂ ᠶᠠᠺᠣᠪ ᠲᠠᠢ ᠬᠠᠮᠲᠤ ᠨᠠᠢᠷ ᠤᠨ ᠰᠢᠷᠡᠭᠡᠨ ᠳᠦ ᠰᠠᠭᠤᠬᠤ ᠪᠣᠯᠣᠨ᠎ᠠ᠃ 12 ᠬᠠᠷᠢᠨ ᠬᠠᠭᠠᠨᠴᠢᠯᠠᠯ ᠤᠨ ᠦᠷ᠎ᠡ ᠤᠳᠤᠮ ᠭᠠᠳᠠᠨᠠᠬᠢ ᠬᠠᠷᠠᠩ᠋ᠭᠤᠢ ᠳᠤ ᠬᠥᠭᠡᠭᠡᠭᠳᠡᠭᠡᠳ ᠲᠡᠨᠳᠡ ᠤᠬᠢᠯᠠᠯᠳᠤᠵᠤ᠂ ᠰᠢᠳᠦ ᠪᠡᠨ ᠬᠠᠪᠢᠷᠬᠤ ᠪᠣᠯᠣᠨ᠎ᠠ》 ᠭᠡᠪᠡ᠃ 13 ᠢᠰᠦ᠋ᠰ ᠵᠠᠭᠤᠲᠤ ᠶᠢᠨ ᠳᠠᠷᠤᠭ᠎ᠠ ᠳᠤ᠄ 《ᠶᠠᠪᠤ︕ ᠴᠢᠨᠦ ᠢᠲᠡᠭᠡᠭᠰᠡᠨ ᠢᠶᠡᠷ ᠪᠣᠯᠲᠤᠭᠠᠢ》 ᠭᠡᠬᠦ ᠳᠦ᠂ ᠶᠠᠭ ᠲᠡᠷᠡ ᠴᠠᠭ ᠲᠤ ᠵᠠᠷᠤᠴᠠ ᠨᠢ ᠢᠯᠠᠷᠢᠰᠢᠵᠠᠢ᠃
ᠫᠧᠲ᠋ᠧᠷ ᠤᠨ ᠬᠠᠳᠠᠮ ᠡᠵᠢ ᠡᠳᠡᠭᠡᠷᠡᠭᠰᠡᠨ ᠨᠢ ᠣᠯᠠᠨ ᠬᠥᠮᠦᠨ ᠡᠳᠡᠭᠡᠷᠡᠭᠰᠡᠨ ᠨᠢ
14 ᠢᠰᠦ᠋ᠰ ᠫᠧᠲ᠋ᠧᠷ ᠤᠨ ᠭᠡᠷ ᠲᠦ ᠣᠴᠢᠵᠤ᠂ ᠬᠠᠳᠠᠮ ᠡᠬᠡ ᠨᠢ ᠬᠠᠯᠠᠭᠤᠨ ᠬᠢᠵᠢᠭ ᠢᠶᠠᠷ ᠬᠡᠪᠲᠡᠵᠦ ᠪᠠᠢᠬᠤ ᠶᠢ ᠬᠠᠷᠠᠭᠠᠳ 15 ᠭᠠᠷ ᠲᠤᠨᠢ ᠬᠦᠷᠬᠦ ᠳᠦ᠂ ᠬᠠᠯᠠᠭᠤᠨ ᠨᠢ ᠠᠷᠢᠯᠵᠤ ᠡᠮᠡᠭᠲᠡᠢ ᠪᠣᠰᠣᠯ᠎ᠠ᠃ ᠲᠡᠷᠡ ᠢᠰᠦ᠋ᠰ ᠢ ᠵᠣᠴᠢᠯᠠᠵᠤ ᠡᠬᠢᠯᠡᠪᠡ᠃ 16 ᠣᠷᠣᠢ ᠪᠣᠯᠬᠤ ᠳᠤ ᠲᠡᠳᠡ ᠴᠢᠳᠬᠥᠷ ᠣᠷᠣᠰᠢᠭᠰᠠᠨ ᠣᠯᠠᠨ ᠬᠥᠮᠦᠨ ᠢ ᠲᠡᠭᠦᠨ ᠳᠦ ᠠᠪᠴᠢᠷᠠᠭᠰᠠᠨᠠ᠂ ᠢᠰᠦ᠋ᠰ ᠴᠢᠳᠬᠥᠷ ᠤᠳ ᠢ ᠦᠭᠡ ᠪᠡᠷ ᠬᠥᠭᠡᠭᠡᠵᠦ ᠡᠪᠡᠳᠴᠢᠲᠡᠨ ᠪᠦᠬᠦᠨ ᠢ ᠡᠳᠡᠭᠡᠭᠡᠵᠡᠢ᠃ 17 ᠡᠢᠨ ᠬᠦ ᠡᠰᠢ ᠦᠵᠡᠭᠦᠯᠦᠭᠴᠢ ᠢᠰᠠᠢᠶ᠎ᠠ ᠪᠠᠷ 《ᠲᠡᠷᠡ ᠥᠪᠡᠷ ᠢᠶᠡᠨ ᠪᠢᠳᠡᠨ ᠦ ᠰᠤᠯᠠ ᠳᠣᠷᠣᠢ ᠶᠢ ᠡᠭᠦᠷᠴᠦ᠂ ᠪᠢᠳᠡᠨ ᠦ ᠤᠢ ᠭᠠᠰᠢᠭᠤ ᠶᠢ ᠲᠡᠭᠡᠭᠡᠪᠡ》 ᠭᠡᠵᠦ ᠬᠡᠯᠡᠭᠦᠯᠦᠭᠰᠡᠨ ᠨᠢ ᠪᠡᠶᠡᠯᠡᠭᠳᠡᠵᠡᠢ᠃
ᠱᠠᠪᠢ ᠪᠣᠯᠬᠤ ᠬᠢᠷᠢ ᠭᠡᠮ
18 ᠢᠰᠦ᠋ᠰ ᠥᠪᠡᠷ ᠢ ᠨᠢ ᠲᠣᠭᠣᠷᠢᠭᠰᠠᠨ ᠦᠯᠡᠮᠵᠢ ᠣᠯᠠᠨ ᠬᠥᠮᠦᠨ ᠢ ᠬᠠᠷᠠᠭᠠᠳ᠂ ᠨᠠᠭᠤᠷ ᠤᠨ ᠨᠥᠭᠥᠭᠡ ᠲᠠᠯ᠎ᠠ ᠤᠷᠤᠭᠤ ᠭᠠᠲᠤᠯᠬᠤ ᠶᠢ ᠵᠠᠬᠢᠪᠠ᠃ 19 ᠲᠡᠭᠡᠬᠦ ᠳᠦ ᠨᠢᠭᠡᠨ ᠪᠢᠴᠢᠭᠲᠡᠨ ᠳᠥᠭᠥᠨ ᠢᠷᠡᠵᠦ ᠲᠡᠭᠦᠨ ᠳᠦ᠄ 《ᠪᠠᠭᠰᠢ ᠡ᠂ ᠲᠠ ᠬᠠᠮᠢᠭ᠎ᠠ ᠶᠠᠪᠤᠭᠰᠠᠨ ᠴᠤ ᠪᠢ ᠲᠠᠨ ᠢ ᠳᠠᠭᠠᠶ᠎ᠠ》 ᠭᠡᠰᠡᠨ ᠳᠦ᠂ 20 ᠢᠰᠦ᠋ᠰ᠄ 《ᠦᠨᠡᠭᠡᠨ ᠳᠦ ᠨᠦᠬᠡ ᠲᠠᠢ᠂ ᠣᠭᠲᠠᠷᠭᠤᠢ ᠶᠢᠨ ᠰᠢᠪᠠᠭᠤᠨ ᠳᠤ ᠡᠭᠦᠷ ᠲᠡᠢ᠂ ᠬᠠᠷᠢᠨ ᠬᠥᠮᠦᠨ ᠦ ᠬᠦᠦ ᠳᠦ ᠳᠡᠷᠡᠯᠡᠬᠦ ᠭᠠᠵᠠᠷ ᠪᠠᠢᠬᠤ ᠦᠭᠡᠢ》 ᠭᠡᠪᠡ᠃ 21 ᠪᠠᠰᠠ ᠨᠢᠭᠡ ᠱᠠᠪᠢ ᠨᠢ ᠲᠡᠭᠦᠨ ᠳᠦ᠄ 《ᠡᠵᠡᠨ ᠡ᠂ ᠤᠷᠢᠳᠠᠪᠠᠷ ᠬᠠᠷᠢᠵᠤ ᠠᠪᠤ ᠪᠠᠨ ᠣᠷᠣᠰᠢᠭᠤᠯᠤᠭᠰᠠᠨ ᠤ ᠳᠠᠷᠠᠭ᠎ᠠ ᠳᠠᠭᠠᠬᠤ ᠶᠢ ᠮᠢᠨᠢ ᠵᠥᠪᠰᠢᠶᠡᠷᠡᠭᠡᠴᠢ》 ᠭᠡᠰᠡᠨ ᠳᠦ᠂ 22 ᠢᠰᠦ᠋ᠰ᠄ 《ᠴᠢ ᠨᠠᠮᠠᠶᠢ ᠳᠠᠭ᠎ᠠ᠂ ᠦᠬᠦᠭᠰᠡᠳ ᠢ ᠦᠬᠦᠭᠰᠡᠳ ᠨᠢ ᠣᠷᠣᠰᠢᠭᠤᠯᠤᠭ》 ᠭᠡᠪᠡ᠃
23 ᠲᠡᠷᠡ ᠵᠠᠪᠢᠨ ᠳᠤ ᠭᠠᠷᠬᠤ ᠳᠤ᠂ ᠱᠠᠪᠢ ᠨᠠᠷ ᠨᠢ ᠳᠠᠭᠠᠯ᠎ᠠ᠃ 24 ᠲᠡᠭᠡᠲᠡᠯ᠎ᠡ ᠨᠠᠭᠤᠷ ᠲᠤ ᠶᠡᠬᠡ ᠰᠢᠭᠤᠷᠭ᠎ᠠ ᠪᠣᠰᠴᠤ᠂ ᠵᠠᠪᠢ ᠳᠠᠪᠠᠯᠭᠠᠨ ᠳᠤ ᠬᠠᠮᠤᠭᠳᠠᠵᠠᠢ᠃ ᠬᠠᠷᠢᠨ ᠢᠰᠦ᠋ᠰ ᠨᠣᠢᠷᠰᠣᠭᠰᠠᠭᠠᠷ ᠪᠠᠢᠯ᠎ᠠ᠃ 25 ᠱᠠᠪᠢ ᠨᠠᠷ ᠨᠢ ᠢᠷᠡᠵᠦ ᠲᠡᠭᠦᠨ ᠢ ᠰᠡᠷᠢᠭᠡᠨ᠄ 《ᠡᠵᠡᠨ ᠡ᠂ ᠠᠪᠤᠷᠠᠭᠠᠴᠢ᠂ ᠪᠢᠳᠡ ᠦᠬᠦᠬᠦ ᠨᠢ ᠡ》 ᠭᠡᠬᠦ ᠳᠦ᠂ 26 ᠢᠰᠦ᠋ᠰ ᠲᠡᠳᠡᠨ ᠳᠦ᠄ 《ᠶᠠᠭᠤᠨ ᠳᠤ ᠠᠶᠤᠨ᠎ᠠ ᠪᠤᠢ︖ ᠢᠲᠡᠭᠡᠯ ᠪᠠᠭ᠎ᠠ ᠲᠠᠢ ᠬᠥᠮᠦᠰ︕》 ᠭᠡᠳ ᠪᠣᠰᠴᠤ ᠰᠠᠯᠬᠢ ᠪᠣᠯᠣᠨ ᠨᠠᠭᠤᠷ ᠢ ᠵᠢᠮᠡᠯᠡᠬᠦ ᠳᠦ᠂ ᠶᠡᠬᠡᠳᠡ ᠨᠠᠮ ᠭᠦᠮ ᠪᠣᠯᠪᠠ᠃ 27 ᠬᠥᠮᠦᠰ ᠭᠠᠢᠬᠠᠵᠠᠭᠠᠨ᠄ 《ᠡᠨᠡ ᠬᠡᠨ ᠪᠣᠯᠴᠢᠬᠠᠪᠠ︖ ᠰᠠᠯᠬᠢ ᠪᠣᠯᠣᠨ ᠨᠠᠭᠤᠷ ᠬᠦᠷᠲᠡᠯ᠎ᠡ ᠲᠡᠭᠦᠨ ᠦ ᠦᠭᠡᠨ ᠳᠦ ᠣᠷᠣᠵᠤ ᠪᠠᠢᠨ᠎ᠠ》 ᠭᠡᠯᠴᠡᠵᠡᠢ᠃
ᠢᠰᠦ᠋ᠰ ᠴᠢᠳᠬᠥᠷ ᠤᠳ ᠢ ᠬᠥᠭᠡᠭᠡᠭᠰᠡᠨ ᠨᠢ
28 ᠢᠰᠦ᠋ᠰ ᠨᠠᠭᠤᠷ ᠤᠨ ᠴᠠᠭᠠᠨ᠎ᠠ ᠳᠠᠬᠢ ᠭᠠᠳᠠᠷᠧᠴᠤᠳ ᠤᠨ ᠨᠤᠲᠤᠭ ᠲᠤ ᠬᠦᠷᠦᠭᠡᠳ᠂ ᠪᠤᠯᠠᠰᠢᠨ ᠳᠤᠮᠳᠠ ᠠᠴᠠ ᠢᠷᠡᠭᠰᠡᠨ ᠬᠣᠶᠠᠷ ᠬᠥᠮᠦᠨ ᠲᠡᠢ ᠲᠠᠭᠠᠷᠠᠯᠳᠤᠪᠠ᠃ ᠲᠡᠳᠡᠨ ᠳᠦ ᠴᠢᠳᠬᠥᠷ ᠣᠷᠣᠰᠢᠭᠰᠠᠨ ᠪᠥᠭᠡᠳ ᠬᠡᠲᠦᠷᠬᠡᠢ ᠳᠣᠭᠰᠢᠨ ᠪᠣᠯᠬᠣᠷ ᠬᠡᠨ ᠴᠤ ᠲᠡᠷᠡ ᠵᠠᠮ ᠢᠶᠠᠷ ᠶᠠᠪᠤᠵᠤ ᠴᠢᠳᠠᠳᠠᠭ ᠦᠭᠡᠢ ᠠᠵᠢ᠃ 29 ᠠᠩ᠋ᠬᠠᠷᠤᠭᠲᠤᠨ᠂ ᠲᠡᠳᠡ ᠶᠡᠬᠡ ᠳᠠᠭᠤᠨ ᠢᠶᠠᠷ᠄ 《ᠲᠠ ᠪᠢᠳᠡᠨ ᠳᠦ ᠶᠠᠮᠠᠷ ᠬᠠᠮᠢᠶ᠎ᠠ ᠲᠠᠢ ᠪᠤᠢ 16 ︖ ᠪᠤᠷᠬᠠᠨ ᠤ ᠬᠦᠦ︕ ᠴᠠᠭ ᠪᠣᠯᠬᠤ ᠠᠴᠠ ᠡᠮᠦᠨ᠎ᠡ ᠪᠢᠳᠡᠨ ᠢ ᠲᠠᠷᠴᠢᠯᠠᠭᠠᠬᠤ ᠪᠠᠷ ᠢᠷᠡᠪᠡ ᠤᠤ︖》 ᠭᠡᠪᠡ᠃ 30 ᠶᠠᠭ ᠲᠡᠷᠡ ᠦᠶ᠎ᠡ ᠳᠦ ᠲᠡᠳᠡᠨ ᠡᠴᠡ ᠵᠠᠢᠳᠠᠭᠤᠬᠠᠨ ᠭᠠᠵᠠᠷ ᠲᠤ ᠰᠦᠷᠦᠭ ᠭᠠᠬᠠᠢ ᠢᠳᠡᠰᠢᠯᠡᠵᠦ ᠪᠠᠢᠯ᠎ᠠ᠃ 31 ᠴᠢᠳᠬᠥᠷ ᠤᠳ ᠢᠰᠦ᠋ᠰ ᠡᠴᠡ ᠭᠤᠶᠤᠭᠰᠠᠭᠠᠷ᠄ 《ᠪᠢᠳᠡᠨ ᠢ ᠬᠥᠭᠡᠭᠡᠶ᠎ᠡ ᠭᠡᠪᠡᠯ ᠭᠠᠬᠠᠢ ᠶᠢᠨ ᠰᠦᠷᠦᠭ ᠲᠦ ᠣᠷᠣᠭᠤᠯᠤᠭᠠᠴᠢ》 ᠭᠡᠯᠡ᠃ 32 ᠢᠰᠦ᠋ᠰ᠄ 《ᠶᠠᠪᠤ︕》 ᠭᠡᠬᠦ ᠳᠦ᠂ ᠴᠢᠳᠬᠥᠷ ᠤᠳ ᠭᠠᠷᠴᠤ ᠭᠠᠬᠠᠢ ᠨᠤᠭᠤᠳ ᠤᠷᠤᠭᠤ ᠶᠠᠪᠤᠵᠠᠭᠠᠪᠠ᠃ ᠲᠡᠭᠡᠲᠡᠯ᠎ᠡ ᠪᠦᠬᠦ ᠰᠦᠷᠦᠭ ᠢᠶᠡᠷ ᠢᠶᠠᠨ ᠨᠠᠭᠤᠷ ᠢ ᠴᠢᠭᠯᠡᠨ ᠤᠷᠤᠭᠤᠳᠤᠨ ᠭᠦᠶᠦᠯᠳᠦᠭᠰᠡᠭᠡᠷ ᠤᠰᠤᠨ ᠳᠤ ᠵᠢᠪᠴᠦ ᠦᠬᠦᠵᠡᠢ᠃ 33 ᠭᠠᠬᠠᠢᠴᠢᠳ ᠳᠤᠲᠠᠭᠠᠨ ᠲᠣᠰᠬᠣᠨ ᠳᠤ ᠣᠷᠣᠵᠤ᠂ ᠪᠣᠯᠣᠭᠰᠠᠨ ᠪᠦᠬᠦ ᠶᠠᠪᠤᠳᠠᠯ ᠪᠣᠯᠣᠨ ᠴᠢᠳᠬᠥᠷ ᠣᠷᠣᠰᠢᠭᠰᠠᠨ ᠬᠥᠮᠦᠰ ᠲᠦ ᠪᠣᠯᠣᠭᠰᠠᠨ ᠪᠦᠬᠦ ᠶᠠᠪᠤᠳᠠᠯ ᠤᠨ ᠲᠤᠬᠠᠢ ᠳᠤᠭᠤᠯᠭᠠᠪᠠ᠃ 34 ᠢᠩᠭᠢᠭᠰᠡᠨ ᠢᠶᠡᠷ ᠲᠣᠰᠬᠣᠨ ᠤ ᠬᠢᠨ ᠪᠦᠭᠦᠳᠡᠭᠡᠷ ᠢᠶᠡᠨ ᠢᠰᠦ᠋ᠰ ᠲᠠᠢ ᠠᠭᠤᠯᠵᠠᠬᠤ ᠪᠠᠷ ᠢᠷᠡᠭᠰᠡᠨ ᠢᠶᠡᠨ ᠲᠡᠭᠦᠨ ᠢ ᠦᠵᠡᠭᠡᠳ ᠨᠤᠲᠤᠭ ᠠᠴᠠ ᠨᠢ ᠵᠠᠢᠯᠠᠬᠤ ᠶᠢ ᠭᠤᠶᠤᠪᠠ᠃