ᠮᠠᠲ᠋ᠠᠢ ᠠᠷᠪᠠᠨ ᠨᠢᠭᠡ
ᠤᠬᠢᠶᠠᠯ ᠬᠦᠷᠲᠡᠭᠡᠭᠴᠢ ᠶᠣᠬᠠᠨ ᠤ ᠠᠰᠠᠭᠤᠯᠲᠠ
1 ᠢᠰᠦ᠋ᠰ ᠠᠷᠪᠠᠨ ᠬᠣᠶᠠᠷ ᠱᠠᠪᠢ ᠳᠠᠭᠠᠨ ᠵᠠᠬᠢᠵᠤ ᠳᠠᠭᠤᠰᠤᠭᠰᠠᠨ ᠤ ᠳᠠᠷᠠᠭ᠎ᠠ᠂ ᠲᠡᠨᠳᠡ ᠡᠴᠡ ᠰᠠᠯᠵᠤ ᠲᠡᠳᠡᠨ ᠦ ᠲᠣᠰᠬᠣᠨ ᠨᠤᠭᠤᠳ ᠢᠶᠠᠷ ᠰᠤᠷᠭᠠᠵᠤ ᠲᠤᠩ᠋ᠬᠠᠭᠯᠠᠬᠤ ᠶᠢᠨ ᠲᠤᠯᠠᠳᠠ ᠶᠠᠪᠤᠵᠠᠢ᠃
2 ᠶᠣᠬᠠᠨ ᠱᠣᠷᠣᠩ ᠳᠤ ᠪᠠᠢᠬᠤ ᠳᠠᠭᠠᠨ ᠾᠷᠢᠰᠲ᠋ᠣᠰ ᠤᠨ ᠦᠢᠯᠡᠰ ᠢ ᠰᠣᠨᠣᠰᠣᠭᠠᠳ᠂ ᠱᠠᠪᠢ ᠨᠠᠷ ᠢᠶᠠᠨ ᠶᠠᠪᠤᠭᠤᠯᠵᠤ᠄ 3 《ᠢᠷᠡᠬᠦ ᠶᠣᠰᠣᠲᠠᠢ ᠨᠢᠭᠡᠨ ᠨᠢ ᠲᠠ ᠮᠥᠨ ᠤᠤ︖ ᠡᠰᠡᠪᠡᠯ ᠪᠢᠳᠡ ᠥᠭᠡᠷ᠎ᠡ ᠨᠢᠭᠡᠨ ᠢ ᠬᠦᠯᠢᠶᠡᠬᠦ ᠤᠤ︖》 ᠭᠡᠵᠦ ᠬᠡᠯᠭᠦᠯᠦᠭᠰᠡᠨ ᠳᠦ᠂ 4 ᠢᠰᠦ᠋ᠰ ᠬᠠᠷᠢᠭᠤ ᠳᠤᠨᠢ᠄ 《ᠲᠠ ᠨᠠᠷ ᠶᠣᠬᠠᠨ ᠤᠷᠤᠭᠤ ᠪᠤᠴᠠᠭᠠᠳ ᠦᠵᠡᠵᠦ ᠰᠣᠨᠣᠰᠣᠭᠰᠠᠨ ᠢᠶᠠᠨ ᠳᠤᠭᠤᠯᠭᠠᠭᠠᠷᠠᠢ᠃ 5 ᠰᠣᠬᠣᠷ ᠨᠢ ᠬᠠᠷᠠᠭ᠎ᠠ ᠣᠷᠣᠵᠤ᠂ ᠳᠣᠭᠣᠯᠠᠩ ᠨᠢ ᠠᠯᠬᠤᠵᠤ᠂ ᠤᠶᠠᠮᠠᠨ 21 ᠨᠢ ᠴᠡᠪᠡᠷᠰᠢᠵᠦ᠂ ᠳᠦᠯᠡᠢ ᠨᠢ ᠰᠣᠨᠣᠰᠴᠤ᠂ ᠦᠬᠦᠭᠰᠡᠨ ᠨᠢ ᠠᠮᠢᠯᠠᠵᠤ᠂ ᠶᠠᠳᠠᠭᠤᠴᠤᠳ ᠤᠨ ᠳᠤᠮᠳᠠ ᠪᠠᠶᠠᠷ ᠤᠨ ᠮᠡᠳᠡᠭᠡ ᠳᠡᠯᠭᠡᠷᠡᠵᠦ ᠪᠠᠢᠨ᠎ᠠ᠃ 6 ᠨᠠᠳᠠ ᠠᠴᠠ ᠪᠣᠯᠵᠤ ᠪᠦᠳᠦᠷᠢᠳᠡᠭ ᠦᠭᠡᠢ ᠨᠢ ᠪᠤᠶᠠᠨ ᠲᠠᠢ》 ᠭᠡᠪᠡ᠃
ᠤᠬᠢᠶᠠᠯ ᠬᠦᠷᠲᠡᠭᠡᠭᠴᠢ ᠶᠣᠬᠠᠨ ᠤ ᠲᠤᠬᠠᠢ ᠶᠠᠷᠢᠭᠰᠠᠨ ᠨᠢ
7 ᠲᠡᠳᠡ ᠶᠠᠪᠤᠵᠤ᠂ ᠢᠰᠦ᠋ᠰ ᠴᠤᠭᠯᠠᠷᠠᠭᠰᠠᠨ ᠣᠯᠠᠨ ᠳᠤ ᠶᠣᠬᠠᠨ ᠤ ᠲᠤᠬᠠᠢ ᠶᠠᠷᠢᠵᠤ ᠡᠬᠢᠯᠡᠨ᠄ 《ᠲᠠ ᠨᠠᠷ ᠶᠠᠭᠤ ᠦᠵᠡᠬᠦ ᠪᠡᠷ ᠴᠥᠯ ᠤᠷᠤᠭᠤ ᠣᠴᠢᠪᠠ︖ ᠰᠠᠯᠬᠢᠨ ᠳᠤ ᠨᠠᠢᠭᠤᠯᠵᠠᠬᠤ ᠵᠡᠭᠡᠰᠦ ᠶᠢ ᠤᠤ︖ 8 ᠲᠠ ᠨᠠᠷ ᠶᠠᠭᠤ ᠬᠠᠷᠠᠬᠤ ᠪᠠᠷ ᠣᠴᠢᠪᠠ︖ ᠲᠣᠷᠭᠠᠨ ᠳᠡᠪᠡᠯ ᠲᠡᠢ ᠬᠥᠮᠦᠨ ᠢ ᠤᠤ︖ ᠠᠩ᠋ᠬᠠᠷᠤᠭᠲᠤᠨ᠂ ᠲᠣᠷᠭᠠᠨ ᠳᠡᠪᠡᠯ ᠲᠡᠢ ᠬᠥᠮᠦᠰ ᠨᠢ ᠬᠠᠭᠠᠨ ᠤ ᠣᠷᠳᠣᠨ ᠳᠤ ᠪᠠᠢᠨ᠎ᠠ᠃ 9 ᠲᠠ ᠨᠠᠷ ᠶᠠᠭᠤ ᠬᠠᠷᠠᠬᠤ ᠪᠠᠷ ᠣᠴᠢᠪᠠ︖ ᠡᠰᠢ ᠦᠵᠡᠭᠦᠯᠦᠭᠴᠢ ᠶᠢ ᠬᠠᠷᠠᠬᠤ ᠪᠠᠷ ᠤᠤ︖ ᠲᠡᠢᠮᠦ ᠡ᠂ ᠲᠠ ᠨᠠᠷ ᠲᠤ ᠬᠡᠯᠡᠶ᠎ᠡ᠂ ᠲᠡᠷᠡ ᠪᠣᠯ ᠡᠰᠢ ᠦᠵᠡᠭᠦᠯᠦᠭᠴᠢ ᠡᠴᠡ ᠴᠤ ᠢᠯᠡᠭᠦᠦ ᠶᠤᠮ᠃ 10 ᠲᠡᠭᠦᠨ ᠦ ᠲᠤᠬᠠᠢ᠄ 〈ᠬᠠᠷ᠎ᠠ᠂ ᠪᠢ ᠥᠪᠡᠷ ᠦᠨ ᠡᠯᠴᠢ ᠶᠢ ᠴᠢᠨᠦ ᠡᠮᠦᠨ᠎ᠡ ᠢᠯᠡᠭᠡᠬᠦ ᠭᠡᠵᠦ ᠪᠠᠢᠨ᠎ᠠ᠂ ᠲᠡᠷᠡ ᠴᠢᠮ᠎ᠠ ᠠᠴᠠ ᠤᠷᠢᠳᠠᠪᠠᠷ ᠵᠠᠮ ᠢ ᠴᠢᠨᠢ ᠪᠡᠯᠡᠳᠬᠡᠨ᠎ᠡ〉 ᠭᠡᠵᠦ ᠪᠢᠴᠢᠭᠳᠡᠭᠰᠡᠨ ᠪᠠᠢᠳᠠᠭ᠃ 11 ᠲᠠ ᠨᠠᠷ ᠲᠤ ᠪᠠᠲᠤᠲᠠᠢ ᠬᠡᠯᠡᠶ᠎ᠡ᠃ ᠡᠮᠡᠭᠲᠡᠢᠴᠦᠳ ᠡᠴᠡ ᠲᠥᠷᠥᠭᠰᠡᠳ ᠦᠨ ᠳᠣᠲᠣᠷ᠎ᠠ ᠤᠬᠢᠶᠠᠯ ᠬᠦᠷᠲᠡᠭᠡᠭᠴᠢ ᠶᠣᠬᠠᠨ ᠠᠴᠠ ᠠᠭᠤᠤ ᠬᠥᠮᠦᠨ ᠭᠠᠷᠤᠭ᠎ᠠ ᠦᠭᠡᠢ᠃ ᠬᠠᠷᠢᠨ ᠲᠩᠷᠢ ᠶᠢᠨ ᠬᠠᠭᠠᠨᠴᠢᠯᠠᠯ ᠳᠠᠬᠢ ᠬᠠᠮᠤᠭ ᠤᠨ ᠥᠴᠦᠬᠡᠨ ᠨᠢ ᠴᠤ ᠲᠡᠭᠦᠨ ᠡᠴᠡ ᠠᠭᠤᠤ ᠪᠢᠯᠡ᠃ 12 ᠤᠬᠢᠶᠠᠯ ᠬᠦᠷᠲᠡᠭᠡᠭᠴᠢ ᠶᠣᠬᠠᠨ ᠤ ᠡᠳᠦᠷ ᠤᠳ ᠠᠴᠠ ᠡᠳᠦᠭᠡ ᠪᠣᠯᠲᠠᠯ᠎ᠠ ᠲᠩᠷᠢ ᠶᠢᠨ ᠬᠠᠭᠠᠨᠴᠢᠯᠠᠯ ᠬᠦᠴᠦᠷᠬᠡᠭᠵᠢᠵᠦ 22 ᠪᠠᠢᠨ᠎ᠠ᠃ ᠬᠦᠴᠦᠲᠡᠳ ᠲᠡᠭᠦᠨ ᠢ ᠲᠡᠮᠡᠴᠡᠵᠦ ᠠᠪᠤᠨ᠎ᠠ᠃ 13 ᠪᠦᠬᠦ ᠡᠰᠢ ᠦᠵᠡᠭᠦᠯᠦᠭᠴᠢ ᠪᠣᠯᠣᠨ ᠬᠠᠤᠯᠢ ᠨᠢ ᠶᠣᠬᠠᠨ ᠬᠦᠷᠲᠡᠯ᠎ᠡ ᠡᠰᠢ ᠦᠵᠡᠭᠦᠯᠦᠭᠰᠡᠨ᠃ 14 ᠬᠡᠷᠪᠡ ᠲᠠ ᠨᠠᠷ ᠳᠤᠷᠠᠲᠠᠢ ᠬᠦᠯᠢᠶᠡᠨ ᠵᠥᠪᠰᠢᠶᠡᠷᠡᠪᠡᠯ᠂ ᠡᠨᠡ ᠬᠥᠮᠦᠨ ᠪᠣᠯ ᠢᠷᠡᠬᠦ ᠶᠣᠰᠣᠲᠠᠢ ᠧᠯᠢᠶ᠎ᠠ ᠮᠥᠨ᠃ 15 ᠴᠢᠬᠢ ᠲᠠᠢ ᠨᠢ ᠰᠣᠨᠣᠰᠣᠭᠲᠤᠨ᠃
16 ᠪᠢ ᠡᠨᠡ ᠦᠶ᠎ᠡ ᠶᠢᠨ ᠬᠢᠨ ᠢ ᠶᠠᠭᠤ ᠪᠠᠷ ᠦᠯᠢᠭᠡᠷᠯᠡᠬᠦ ᠪᠤᠢ︖ ᠬᠡᠦᠬᠡᠳ ᠤᠳ ᠵᠡᠭᠡᠯᠢ ᠳᠡᠭᠡᠷ᠎ᠡ ᠰᠠᠭᠤᠭᠠᠳ ᠬᠠᠷᠢᠯᠴᠠᠨ ᠳᠠᠭᠤᠳᠠᠯᠴᠠᠨ᠄ 17 〈ᠪᠢᠳᠡ ᠯᠢᠩᠪᠦᠳᠡᠭᠰᠡᠨ ᠴᠤ᠂ ᠲᠠ ᠨᠠᠷ ᠪᠥᠵᠢᠭᠯᠡᠭᠰᠡᠨ ᠦᠭᠡᠢ᠃ ᠪᠢᠳᠡ ᠭᠠᠰᠢᠭᠤᠳᠠᠭᠰᠠᠨ ᠴᠤ᠂ ᠲᠠ ᠨᠠᠷ ᠴᠡᠭᠡᠵᠢ ᠪᠠᠨ ᠳᠡᠯᠡᠳᠦᠭᠰᠡᠨ ᠦᠭᠡᠢ〉 ᠭᠡᠯᠴᠡᠬᠦ ᠲᠠᠢ ᠠᠳᠠᠯᠢ᠃ 18 ᠶᠣᠬᠠᠨ ᠢᠷᠡᠭᠡᠳ ᠢᠳᠡᠬᠦ ᠴᠤ ᠦᠭᠡᠢ᠂ ᠤᠤᠭᠤᠬᠤ ᠴᠤ ᠦᠭᠡᠢ ᠪᠠᠢᠬᠤ ᠳᠤ᠂ ᠬᠥᠮᠦᠰ᠄ 〈ᠲᠡᠭᠦᠨ ᠳᠦ ᠴᠢᠳᠬᠥᠷ ᠣᠷᠣᠰᠢᠭᠰᠠᠨ ᠪᠠᠢᠨ᠎ᠠ〉 ᠭᠡᠯᠴᠡᠵᠦ 19 ᠬᠥᠮᠦᠨ ᠦ ᠬᠦᠦ ᠢᠷᠡᠭᠡᠳ ᠢᠳᠡᠵᠦ ᠤᠤᠭᠤᠬᠤ ᠳᠤ᠂ ᠲᠡᠳᠡ᠄ 〈ᠬᠠᠷᠠᠵᠠᠭ᠎ᠠ᠂ ᠲᠡᠷᠡ ᠴᠢᠨᠢ ᠢᠳᠡᠮᠡᠬᠡᠢ᠂ ᠠᠷᠢᠬᠢᠴᠢᠨ ᠪᠠᠢᠨ᠎ᠠ᠂ ᠪᠠᠰᠠ ᠭᠠᠢᠯᠢᠴᠢᠳ ᠪᠣᠯᠣᠨ ᠨᠢᠭᠦᠯᠲᠡᠳ ᠦᠨ ᠨᠠᠢᠵᠠ ᠶᠤᠮ︕〉 ᠭᠡᠳᠡᠭ᠃ ᠬᠠᠷᠢᠨ ᠮᠡᠷᠭᠡᠨ ᠤᠬᠠᠭᠠᠨ ᠨᠢ ᠦᠢᠯᠡᠰ ᠢᠶᠡᠷ ᠢᠶᠠᠨ ᠵᠥᠪᠲᠥᠭᠡᠭᠳᠡᠳᠡᠭ᠌》 ᠭᠡᠪᠡ᠃
ᠭᠡᠮᠰᠢᠯ ᠦᠭᠡᠢ ᠲᠣᠰᠬᠣᠨ ᠨᠤᠭᠤᠳ
20 ᠬᠠᠮᠤᠭ ᠤᠨ ᠣᠯᠠᠨ ᠬᠦᠴᠦᠲᠦ ᠦᠢᠯᠡᠰ ᠢ ᠨᠢ ᠦᠵᠡᠭᠰᠡᠨ ᠲᠣᠰᠬᠣᠳ ᠭᠡᠮᠰᠢᠭᠰᠡᠨ ᠦᠭᠡᠢ ᠳᠦ᠂ ᠢᠰᠦ᠋ᠰ ᠵᠢᠮᠡᠯᠡᠵᠦ ᠡᠬᠢᠯᠡᠨ᠂ 21 《ᠴᠢᠮ᠎ᠠ ᠳᠤ ᠭᠠᠢ ᠪᠣᠯᠣᠨ᠎ᠠ︕ ᠬᠣᠷᠠᠽᠢᠨ ᠡ᠂ ᠴᠢᠮ᠎ᠠ ᠳᠤ ᠭᠠᠢ ᠪᠣᠯᠣᠨ᠎ᠠ︕ ᠪᠧᠲ᠋ᠰᠠᠢᠳᠠ ᠡ᠂ ᠬᠡᠷᠪᠡ ᠲᠠ ᠨᠠᠷ ᠲᠤ ᠲᠣᠬᠢᠶᠠᠯᠳᠤᠭᠰᠠᠨ ᠬᠦᠴᠦᠲᠦ ᠦᠢᠯᠡᠰ ᠲᠢᠷ ᠪᠣᠯᠣᠨ ᠰᠢᠢᠳᠣᠨ ᠳᠤ ᠲᠣᠬᠢᠶᠠᠯᠳᠤᠭᠰᠠᠨ ᠪᠣᠯ᠂ ᠲᠡᠳᠡ ᠬᠡᠳᠦᠢᠨᠡᠢ ᠥᠷᠮᠥᠭ ᠨᠥᠮᠥᠷᠴᠦ᠂ ᠲᠣᠯᠣᠭᠠᠢ ᠳᠠᠭᠠᠨ ᠦᠨᠡᠰᠦ ᠰᠠᠴᠤᠨ ᠭᠡᠮᠰᠢᠬᠦ ᠪᠠᠢᠭᠰᠠᠨ᠃ 22 ᠲᠠ ᠨᠠᠷ ᠲᠤ ᠨᠡᠮᠡᠵᠦ ᠬᠡᠯᠡᠶ᠎ᠡ᠃ ᠰᠢᠭᠦᠯᠲᠡ ᠶᠢᠨ ᠡᠳᠦᠷ ᠲᠢᠷ ᠪᠣᠯᠣᠨ ᠰᠢᠢᠳᠣᠨ ᠤ ᠬᠦᠯᠢᠶᠡᠬᠦ ᠰᠢᠳᠬᠡᠯ ᠨᠢ ᠲᠠ ᠨᠠᠷ ᠠᠴᠠ ᠠᠷᠠᠢ ᠲᠡᠰᠪᠦᠷᠢᠯᠡᠭᠦᠰᠢᠲᠡᠢ ᠶᠤᠮ᠃ 23 ᠺᠠᠹᠠᠷᠨᠠᠦ᠋ᠮ ᠡ᠂ ᠴᠢ ᠲᠩᠷᠢ ᠳᠤ ᠬᠦᠷᠲᠡᠯ᠎ᠡ ᠡᠷᠭᠦᠭᠳᠡᠨ᠎ᠡ ᠭᠡᠵᠢ ᠤᠤ︖ ᠴᠢ ᠦᠬᠦᠭᠰᠡᠳ ᠦᠨ ᠣᠷᠣᠨ ᠳᠤ ᠬᠦᠷᠲᠡᠯ᠎ᠡ ᠤᠨᠠᠭᠠᠭᠳᠠᠬᠤ ᠪᠣᠯᠣᠨ᠎ᠠ᠃ ᠬᠡᠷᠪᠡ ᠴᠢᠮ᠎ᠠ ᠳᠤ ᠲᠣᠬᠢᠶᠠᠯᠳᠤᠭᠰᠠᠨ ᠬᠦᠴᠦᠲᠦ ᠦᠢᠯᠡᠰ ᠰᠣᠳᠣᠮ ᠳᠤ ᠲᠣᠬᠢᠶᠠᠯᠳᠤᠭᠰᠠᠨ ᠪᠣᠯ ᠲᠡᠷᠡ ᠬᠣᠲᠠ ᠥᠨᠥᠳᠥᠷ ᠪᠣᠯᠲᠠᠯ᠎ᠠ ᠦᠯᠡᠳᠡᠬᠦ ᠪᠠᠢᠭᠰᠠᠨ᠃ 24 ᠲᠠ ᠨᠠᠷ ᠲᠤ ᠨᠡᠮᠡᠵᠦ ᠬᠡᠯᠡᠶ᠎ᠡ᠃ ᠰᠢᠭᠦᠯᠲᠡ ᠶᠢᠨ ᠡᠳᠦᠷ ᠰᠣᠳᠣᠮ ᠨᠤᠲᠤᠭ ᠤᠨ ᠬᠦᠯᠢᠶᠡᠬᠦ ᠰᠢᠳᠬᠡᠯ ᠨᠢ ᠲᠠ ᠨᠠᠷ ᠠᠴᠠ ᠠᠷᠠᠢ ᠲᠡᠰᠪᠦᠷᠢᠯᠡᠭᠦᠰᠢᠲᠡᠢ ᠶᠤᠮ》 ᠭᠡᠯᠡ᠃
ᠨᠠᠳᠠ ᠤᠷᠤᠭᠤ ᠢᠷ᠎ᠡ
25 ᠲᠡᠷᠡ ᠴᠠᠭ ᠲᠤ ᠢᠰᠦ᠋ᠰ ᠠᠢᠯᠠᠳᠴᠤ ᠡᠬᠢᠯᠡᠨ᠄ 《ᠲᠠᠨ ᠢ ᠮᠠᠭᠲᠠᠶ᠎ᠠ᠂ ᠠᠪᠤ ᠡ᠂ ᠲᠩᠷᠢ ᠭᠠᠵᠠᠷ ᠤᠨ ᠡᠵᠡᠨ᠂ ᠲᠠ ᠡᠳᠡᠭᠡᠷ ᠢ ᠰᠡᠴᠡᠨ ᠤᠬᠠᠭᠠᠨᠲᠠᠳ ᠠᠴᠠ ᠨᠢᠭᠤᠵᠤ᠂ ᠨᠢᠯᠬ᠎ᠠ ᠬᠡᠦᠬᠡᠳ ᠤᠳ ᠲᠤ ᠢᠯᠡᠷᠬᠡᠶᠢᠯᠡᠭᠰᠡᠨ ᠪᠢᠯᠡ᠃ 26 ᠲᠡᠢᠮᠦ ᠡ᠂ ᠠᠪᠤ ᠡ᠂ ᠲᠠᠨ ᠤ ᠲᠠᠭᠠᠯᠠᠯ ᠡᠨᠡ ᠪᠠᠢᠵᠠᠢ᠃ 27 ᠠᠪᠤ ᠮᠢᠨᠢ ᠠᠯᠢᠪᠠ ᠶᠢ ᠨᠠᠳᠠ ᠳᠤ ᠲᠤᠰᠢᠶᠠᠭᠰᠠᠨ᠃ ᠬᠦᠦ ᠶᠢᠨ ᠬᠡᠨ ᠪᠣᠯᠬᠤ ᠶᠢ ᠡᠴᠢᠭᠡ ᠡᠴᠡ ᠨᠢ ᠥᠭᠡᠷ᠎ᠡ ᠬᠡᠨ ᠴᠤ ᠮᠡᠳᠡᠳᠡᠭ ᠦᠭᠡᠢ᠃ ᠡᠴᠢᠭᠡ ᠶᠢᠨ ᠬᠡᠨ ᠪᠣᠯᠬᠤ ᠶᠢ ᠬᠦᠦ ᠪᠣᠯᠣᠨ ᠡᠴᠢᠭᠡ ᠪᠡᠨ ᠲᠡᠳᠡᠨ ᠳᠦ ᠢᠯᠡᠷᠬᠡᠶᠢᠯᠡᠶ᠎ᠡ ᠭᠡᠵᠦ ᠬᠦᠦ ᠶᠢᠨ ᠰᠣᠩ᠋ᠭᠣᠭᠰᠠᠨ ᠬᠥᠮᠦᠨ ᠡᠴᠡ ᠥᠭᠡᠷ᠎ᠡ ᠬᠡᠨ ᠴᠤ ᠮᠡᠳᠡᠳᠡᠭ ᠦᠭᠡᠢ᠃
28 ᠵᠦᠳᠡᠷᠡᠭᠰᠡᠨ᠂ ᠠᠴᠢᠶᠠᠨ ᠳᠤ ᠳᠠᠷᠤᠭᠳᠠᠭᠰᠠᠨ ᠬᠥᠮᠦᠨ ᠪᠦᠬᠦᠨ ᠨᠠᠳᠠ ᠤᠷᠤᠭᠤ ᠢᠷ᠎ᠠ᠂ ᠪᠢ ᠲᠠ ᠨᠠᠷ ᠢ ᠠᠮᠠᠷᠠᠭᠠᠶ᠎ᠠ᠃ 29 ᠪᠢ ᠳᠥᠯᠭᠡᠨ ᠳᠠᠷᠤᠤ ᠵᠠᠩ ᠲᠠᠢ ᠪᠠᠢᠳᠠᠭ᠂ ᠮᠢᠨᠦ ᠪᠤᠭᠤᠯᠠᠭ᠎ᠠ ᠶᠢ ᠪᠡᠶ᠎ᠡ ᠳᠡᠭᠡᠨ ᠡᠭᠦᠷᠴᠦ ᠨᠠᠳᠠ ᠠᠴᠠ ᠰᠤᠷᠤᠯᠴᠠ᠃ ᠲᠡᠭᠡᠪᠡᠯ ᠲᠠ ᠨᠠᠷ ᠰᠡᠳᠬᠢᠯ ᠳᠡᠭᠡᠨ ᠠᠮᠠᠷᠠᠯ ᠢ ᠣᠯᠬᠤ ᠪᠣᠯᠣᠨ᠎ᠠ᠃ 30 ᠪᠤᠭᠤᠯᠠᠭ᠎ᠠ ᠮᠢᠨᠢ ᠲᠠᠭᠠᠷᠠᠮᠵᠢᠲᠠᠢ᠂ ᠠᠴᠢᠶ᠎ᠠ ᠮᠢᠨᠢ ᠬᠥᠩᠭᠡᠨ ᠪᠢᠯᠡ》 ᠭᠡᠵᠡᠢ᠃