ᠮᠠᠲ᠋ᠠᠢ ᠬᠣᠷᠢᠨ ᠳᠥᠷᠪᠡ
ᠾᠷᠢᠰᠲ᠋ᠣᠰ ᠤᠨ ᠳᠠᠬᠢᠨ ᠢᠷᠡᠬᠦ ᠶᠢᠨ ᠰᠢᠨᠵᠢ ᠲᠡᠮᠳᠡᠭ
1 ᠢᠰᠦ᠋ᠰ ᠠᠷᠢᠭᠤᠨ ᠣᠷᠳᠣᠨ ᠠᠴᠠ ᠭᠠᠷᠤᠭᠠᠳ ᠶᠠᠪᠤᠵᠤ ᠪᠠᠢᠲᠠᠯ᠎ᠠ᠂ ᠱᠠᠪᠢ ᠨᠠᠷ ᠨᠢ ᠣᠢᠷᠠᠲᠤᠨ ᠢᠷᠡᠵᠦ ᠠᠷᠢᠭᠤᠨ ᠣᠷᠳᠣᠨ ᠤ ᠪᠠᠷᠢᠯᠭ᠎ᠠ ᠵᠦᠭ ᠵᠢᠭᠠᠪᠠ᠃ 2 ᠢᠰᠦ᠋ᠰ ᠬᠠᠷᠢᠭᠤ ᠳᠤᠨᠢ᠄ 《ᠲᠠ ᠨᠠᠷ ᠡᠨᠡ ᠪᠦᠭᠦᠳᠡ ᠶᠢ ᠬᠠᠷᠠᠵᠤ ᠪᠠᠢᠨ᠎ᠠ ᠤᠤ︖ ᠲᠠ ᠨᠠᠷ ᠲᠤ ᠪᠠᠲᠤᠲᠠᠢ ᠬᠡᠯᠡᠶ᠎ᠡ᠃ ᠡ᠊ᠨᠳᠡᠬᠢ ᠨᠢ ᠨᠢᠭᠡ ᠴᠢᠯᠠᠭᠤ ᠨᠢ ᠴᠤ ᠨᠥᠭᠥᠭᠡ ᠳᠡᠭᠡᠷ᠎ᠡ ᠪᠡᠨ ᠳᠠᠪᠬᠤᠷᠯᠠᠵᠤ ᠦᠯᠡᠳᠡᠬᠦ ᠦᠭᠡᠢ ᠪᠠᠷ ᠨᠤᠷᠠᠬᠤ ᠪᠣᠯᠣᠨ᠎ᠠ》 ᠭᠡᠪᠡ᠃
3 ᠢᠰᠦ᠋ᠰ ᠴᠢᠳᠦᠨ ᠠᠭᠤᠯᠠᠨ ᠳᠤ ᠰᠠᠭᠤᠵᠤ ᠪᠠᠢᠬᠤ ᠳᠤ᠂ ᠱᠠᠪᠢ ᠨᠠᠷ ᠨᠢ ᠲᠡᠭᠦᠨ ᠳᠦ ᠢᠷᠡᠵᠦ᠄ 《ᠪᠢᠳᠡᠨ ᠳᠦ ᠬᠡᠯᠡᠭᠡᠴᠢ᠂ ᠲᠡᠳᠡᠭᠡᠷ ᠶᠠᠪᠤᠳᠠᠯ ᠬᠡᠵᠢᠶ᠎ᠡ ᠪᠣᠯᠬᠤ ᠪᠤᠢ︖ ᠲᠠᠨ ᠢ ᠢᠷᠡᠬᠦ ᠳᠦ ᠪᠠ ᠡᠨᠡ ᠡᠷᠡᠨ ᠦ ᠲᠡᠭᠦᠰᠬᠡᠯ ᠳᠦ ᠶᠠᠮᠠᠷ ᠲᠡᠮᠳᠡᠭ ᠭᠠᠷᠬᠤ ᠪᠤᠢ︖》 ᠭᠡᠵᠦ ᠠᠮᠢᠨᠴᠢᠯᠠᠨ ᠠᠰᠠᠭᠤᠭᠰᠠᠨ ᠳᠤ᠂ 4 ᠢᠰᠦ᠋ᠰ ᠬᠠᠷᠢᠭᠤ ᠳᠤᠨᠢ᠄ 《ᠬᠡᠨ ᠨᠢᠭᠡᠨ ᠦ ᠲᠠ ᠨᠠᠷ ᠢ ᠪᠠᠴᠢᠯᠠᠬᠤ ᠠᠴᠠ ᠪᠣᠯᠭᠣᠮᠵᠢᠯᠠ᠃ 5 ᠤᠴᠢᠷ ᠨᠢ ᠣᠯᠠᠨ ᠬᠥᠮᠦᠨ᠄ 〈ᠪᠢ ᠪᠣᠯ ᠾᠷᠢᠰᠲ᠋ᠣᠰ〉 ᠬᠡᠮᠡᠨ ᠮᠢᠨᠦ ᠨᠡᠷ᠎ᠡ ᠪᠡᠷ ᠢᠷᠡᠵᠦ ᠣᠯᠠᠨ ᠢ ᠪᠠᠴᠢᠯᠠᠨᠠ᠃ 6 ᠲᠠ ᠨᠠᠷ ᠳᠠᠢᠨ ᠪᠣᠯᠣᠨ ᠳᠠᠢᠨ ᠤ ᠰᠤᠷᠠᠭ ᠢ ᠰᠣᠨᠣᠰᠬᠤ ᠪᠣᠯᠣᠨ᠎ᠠ᠃ ᠬᠠᠷᠢᠨ ᠠᠩ᠋ᠬᠠᠷ᠂ ᠪᠢᠲᠡᠭᠡᠢ ᠬᠡᠯᠮᠡᠭᠳᠡ︕ ᠲᠡᠷᠡ ᠨᠢ ᠵᠠᠢᠯᠠᠰᠢ ᠦᠭᠡᠢ ᠲᠣᠬᠢᠶᠠᠯᠳᠤᠬᠤ ᠪᠣᠯᠪᠠᠴᠤ ᠬᠠᠷᠠᠬᠠᠨ ᠲᠡᠭᠦᠰᠬᠡᠯ ᠪᠢᠰᠢ᠃ 7 ᠦᠨᠳᠦᠰᠦᠲᠡᠨ ᠦᠨᠳᠦᠰᠦᠲᠡᠨ ᠦ ᠪᠠᠨ ᠡᠰᠡᠷᠭᠦ᠂ ᠤᠯᠤᠰ ᠤᠯᠤᠰ ᠤᠨ ᠢᠶᠠᠨ ᠡᠰᠡᠷᠭᠦ ᠪᠣᠰᠴᠤ ᠡ᠊ᠨᠳᠡ ᠲᠡᠨᠳᠡ ᠦᠭᠡᠢ ᠥᠯᠥᠰᠬᠥᠯᠡᠩ ᠪᠠ ᠭᠠᠵᠠᠷ ᠬᠥᠳᠡᠯᠦᠯᠲᠡ ᠪᠣᠯᠣᠨ᠎ᠠ᠃ 8 ᠡᠨᠡ ᠪᠦᠬᠦᠨ ᠢᠶᠡᠷ ᠲᠥᠷᠥᠯᠲᠡ ᠶᠢᠨ ᠡᠪᠡᠷᠰᠢᠶᠡᠯ ᠡᠬᠢᠯᠡᠨ᠎ᠡ᠃
9 ᠲᠡᠭᠡᠬᠦ ᠳᠦ᠂ ᠬᠥᠮᠦᠰ ᠲᠠ ᠨᠠᠷ ᠢ ᠵᠣᠪᠠᠯᠠᠩ ᠳᠤ ᠲᠤᠰᠢᠶᠠᠵᠤ᠂ ᠠᠯᠠᠨ᠎ᠠ᠃ ᠲᠠ ᠨᠠᠷ ᠮᠢᠨᠦ ᠨᠡᠷ᠎ᠡ ᠡᠴᠡ ᠪᠣᠯᠵᠤ ᠬᠠᠮᠤᠭ ᠦᠨᠳᠦᠰᠦᠲᠡᠨ ᠳᠦ ᠵᠠᠨᠤᠭᠳᠠᠬᠤ ᠪᠣᠯᠣᠨ᠎ᠠ᠃ 10 ᠲᠡᠷᠡ ᠦᠶ᠎ᠡ ᠳᠦ ᠣᠯᠠᠨ ᠬᠥᠮᠦᠨ ᠪᠦᠳᠦᠷᠢᠬᠦ ᠪᠥᠭᠡᠳ ᠨᠢᠭᠡ ᠨᠢᠭᠡᠨ ᠢ ᠪᠠᠨ ᠪᠠᠷᠢᠭᠤᠯᠵᠤ᠂ ᠨᠢᠭᠡ ᠨᠢᠭᠡᠨ ᠢ ᠪᠠᠨ ᠵᠠᠨᠤᠨ᠎ᠠ᠃ 11 ᠣᠯᠠᠨ ᠬᠠᠭᠤᠷᠮᠠᠭ ᠡᠰᠢ ᠦᠵᠡᠭᠦᠯᠦᠭᠴᠢ ᠪᠣᠰᠴᠤ ᠣᠯᠠᠨ ᠢ ᠪᠠᠴᠢᠯᠠᠨᠠ᠃ 12 ᠬᠠᠤᠯᠢ ᠪᠤᠰᠤ ᠶᠠᠪᠤᠳᠠᠯ ᠣᠯᠠᠰᠢᠷᠠᠬᠤ ᠪᠣᠯᠬᠣᠷ ᠶᠡᠬᠡᠩᠬᠢ ᠬᠥᠮᠦᠨ ᠦ ᠬᠠᠢᠷ᠎ᠠ ᠬᠥᠷᠥᠨ᠎ᠡ᠃ 13 ᠬᠠᠷᠢᠨ ᠡᠴᠦᠰ ᠲᠤᠨᠢ ᠬᠦᠷᠲᠡᠯ᠎ᠡ ᠲᠡᠰᠪᠦᠷᠢᠯᠡᠭᠴᠢ ᠨᠢ ᠠᠪᠤᠷᠠᠭᠳᠠᠨ᠎ᠠ᠃ 14 ᠬᠠᠭᠠᠨᠴᠢᠯᠠᠯ ᠤᠨ ᠡᠨᠡ ᠪᠠᠶᠠᠷ ᠤᠨ ᠮᠡᠳᠡᠭᠡ ᠳᠡᠯᠡᠬᠡᠢ ᠳᠠᠶᠠᠭᠠᠷ ᠤᠯᠠᠮᠵᠢᠯᠠᠭᠳᠠᠵᠤ᠂ ᠬᠠᠮᠤᠭ ᠦᠨᠳᠦᠰᠦᠲᠡᠨ ᠳᠦ ᠭᠡᠷᠡᠴᠢᠯᠡᠭᠳᠡᠨᠡ᠃ ᠲᠡᠭᠡᠬᠦ ᠳᠦ ᠯᠠ ᠲᠡᠭᠦᠰᠬᠡᠯ ᠪᠣᠯᠣᠨ᠎ᠠ᠃
ᠭᠠᠮᠰᠢᠭ ᠤᠨ ᠦᠶ᠎ᠡ
15 ᠡᠰᠢ ᠦᠵᠡᠭᠦᠯᠦᠭᠴᠢ ᠳ᠋ᠠᠨᠢᠶᠧᠯ ᠤᠨ ᠬᠡᠯᠡᠭᠰᠡᠨ 〈ᠰᠦᠢᠷᠡᠭᠦᠯᠦᠭᠴᠢ ᠵᠢᠭᠰᠢᠭᠦᠷᠢᠲᠡᠨ〉 ᠦ ᠠᠷᠢᠭᠤᠨ ᠭᠠᠵᠠᠷ ᠲᠤ ᠵᠣᠭᠰᠣᠭᠰᠠᠨ ᠢ ᠬᠠᠷᠠᠪᠠᠯ (ᠤᠩ᠋ᠰᠢᠭᠴᠢ ᠨᠢ ᠣᠢᠯᠠᠭᠠᠭᠲᠤᠨ) 16 ᠲᠡᠷᠡ ᠦᠶ᠎ᠡ ᠳᠦ ᠶᠦᠳᠠᠢ ᠳᠤ ᠪᠠᠢᠭᠰᠠᠳ ᠨᠢ ᠠᠭᠤᠯᠠ ᠤᠷᠤᠭᠤ ᠳᠤᠲᠠᠭᠠᠭᠲᠤᠨ᠃ 17 ᠭᠡᠷ ᠦᠨ ᠭᠠᠳᠠᠨ᠎ᠠ ᠪᠠᠢᠭᠰᠠᠳ ᠨᠢ ᠭᠡᠷ ᠡᠴᠡ ᠪᠡᠨ ᠶᠠᠭᠤᠮ᠎ᠠ ᠠᠪᠬᠤ ᠪᠠᠷ ᠪᠢᠲᠡᠭᠡᠢ ᠣᠷᠣ᠃ 18 ᠲᠠᠷᠢᠶᠠᠨ ᠳᠡᠭᠡᠷ᠎ᠡ ᠪᠠᠢᠭᠰᠠᠳ ᠨᠢ ᠬᠤᠪᠴᠠᠰᠤ ᠬᠤᠨᠠᠷ ᠢᠶᠠᠨ ᠠᠪᠬᠤ ᠪᠠᠷ ᠪᠢᠲᠡᠭᠡᠢ ᠬᠠᠷᠢ᠃ 19 ᠲᠡᠷᠡ ᠡᠳᠦᠷ ᠤᠳ ᠢᠶᠠᠷ ᠵᠢᠷᠮᠦᠰᠦᠨ ᠪᠠ ᠬᠥᠬᠥᠭᠦᠯ ᠡᠮᠡᠭᠲᠡᠢᠴᠦᠳ ᠲᠦ ᠭᠠᠢ ᠪᠣᠯᠣᠨ᠎ᠠ᠃ 20 ᠳᠤᠲᠠᠭᠠᠬᠤ ᠳᠤ ᠴᠢᠨᠢ ᠡᠪᠦᠯ ᠪᠤᠶᠤ ᠠᠮᠠᠷᠠᠯ ᠤᠨ ᠡᠳᠦᠷ ᠡᠰᠡ ᠲᠣᠬᠢᠶᠠᠯᠳᠤᠬᠤ ᠶᠢ ᠳᠠᠭᠠᠳᠬ᠎ᠠ᠃ 21 ᠤᠴᠢᠷ ᠨᠢ ᠲᠡᠷᠡ ᠦᠶ᠎ᠡ ᠳᠦ ᠶᠡᠬᠡ ᠭᠠᠮᠰᠢᠭ ᠪᠣᠯᠣᠨ᠎ᠠ᠃ ᠲᠡᠢᠮᠦ ᠭᠠᠮᠰᠢᠭ ᠶᠢᠷᠲᠢᠨᠴᠦ ᠶᠢᠨ ᠡᠬᠢᠨ ᠡᠴᠡ ᠣᠳᠣ ᠬᠦᠷᠲᠡᠯ᠎ᠡ ᠲᠣᠬᠢᠶᠠᠯᠳᠤᠭ᠎ᠠ ᠦᠭᠡᠢ ᠪᠥᠭᠡᠳ ᠬᠣᠵᠢᠮ ᠴᠤ ᠯᠠᠪ ᠲᠣᠬᠢᠶᠠᠯᠳᠤᠬᠤ ᠦᠭᠡᠢ᠃ 22 ᠲᠡᠷᠡ ᠬᠤᠭᠤᠴᠠᠭ᠎ᠠ ᠶᠢ ᠪᠣᠭᠣᠨᠢᠰᠬᠠᠭᠰᠠᠨ ᠦᠭᠡᠢ ᠶᠤᠮ ᠪᠣᠯ ᠮᠢᠬᠠᠨ ᠪᠡᠶ᠎ᠡ ᠲᠠᠢ ᠪᠦᠬᠦᠨ ᠡᠴᠡ ᠨᠢᠭᠡ ᠴᠤ ᠠᠪᠤᠷᠠᠭᠳᠠᠬᠤ ᠦᠭᠡᠢ᠂ ᠬᠠᠷᠢᠨ ᠰᠣᠩ᠋ᠭᠣᠭᠳᠠᠭᠰᠠᠳ ᠤᠨ ᠢᠶᠠᠨ ᠲᠥᠯᠥᠭᠡ ᠲᠡᠷᠡ ᠬᠤᠭᠤᠴᠠᠭ᠎ᠠ ᠶᠢ ᠪᠣᠭᠣᠨᠢᠰᠬᠠᠨᠠ᠃ 23 ᠲᠡᠷᠡ ᠦᠶ᠎ᠡ ᠳᠦ᠂ ᠬᠡᠨ ᠨᠢᠭᠡ ᠨᠢ ᠲᠠ ᠨᠠᠷ ᠲᠤ᠄ 〈ᠬᠠᠷᠠᠭᠠᠴᠢ︕ ᠾᠷᠢᠰᠲ᠋ᠣᠰ ᠡ᠊ᠨᠳᠡ ᠪᠠᠢᠨ᠎ᠠ〉 ᠭᠡᠰᠡᠨ ᠴᠤ᠂ 〈ᠲᠡᠨᠳᠡ ᠪᠠᠢᠨ᠎ᠠ〉 ᠭᠡᠰᠡᠨ ᠴᠤ ᠪᠦᠦ ᠢᠲᠡᠭᠡ᠃ 24 ᠤᠴᠢᠷ ᠨᠢ ᠬᠠᠭᠤᠷᠮᠠᠭ ᠾᠷᠢᠰᠲ᠋ᠣᠰ ᠤᠳ ᠪᠣᠯᠣᠨ ᠬᠠᠭᠤᠷᠮᠠᠭ ᠡᠰᠢ ᠦᠵᠡᠭᠦᠯᠦᠭᠴᠢᠳ ᠭᠠᠷᠴᠤ᠂ ᠠᠤᠭ᠎ᠠ ᠰᠢᠳᠢ ᠲᠡᠮᠳᠡᠭ᠂ ᠭᠠᠢᠬᠠᠮᠰᠢᠭ ᠤᠳ ᠢ ᠦᠵᠡᠭᠦᠯᠦᠨ ᠠᠯᠢ ᠴᠢᠳᠠᠬᠤ ᠪᠠᠷ ᠰᠣᠩ᠋ᠭᠣᠭᠳᠠᠭᠰᠠᠳ ᠢ ᠴᠤ ᠪᠠᠴᠢᠯᠠᠬᠤ ᠭᠡᠬᠦ ᠪᠣᠯᠣᠨ᠎ᠠ᠃ 25 ᠠᠩ᠋ᠬᠠᠷᠤᠭᠲᠤᠨ᠂ ᠪᠢ ᠤᠷᠢᠳᠠ ᠠᠴᠠ ᠲᠠ ᠨᠠᠷ ᠲᠤ ᠬᠡᠯᠡᠴᠢᠬᠡᠯ᠎ᠡ᠃ 26 ᠡᠢᠮᠦ ᠡᠴᠡ ᠬᠥᠮᠦᠨ ᠲᠠ ᠨᠠᠷ ᠲᠤ᠄ 〈ᠬᠠᠷᠠᠭᠠᠴᠢ᠂ ᠲᠡᠷᠡ ᠴᠢᠨᠢ ᠴᠥᠯ ᠳᠤ ᠪᠠᠢᠨ᠎ᠠ〉 ᠭᠡᠰᠡᠨ ᠴᠤ ᠪᠦᠦ ᠣᠴᠢ᠂ 〈ᠬᠠᠷᠠᠭᠠᠴᠢ᠂ ᠲᠡᠷᠡ ᠴᠢᠨᠢ ᠳᠣᠲᠣᠷ᠎ᠠ ᠥᠷᠥᠭᠡᠨ ᠳᠦ ᠪᠠᠢᠨ᠎ᠠ〉 ᠭᠡᠰᠡᠨ ᠴᠤ ᠪᠦᠦ ᠢᠲᠡᠭᠡ᠃ 27 ᠭᠢᠯᠪᠢᠭᠡᠨ ᠵᠡᠭᠦᠨ ᠵᠦᠭ ᠲᠦ ᠴᠠᠬᠢᠯᠵᠤ᠂ ᠪᠠᠷᠠᠭᠤᠨ ᠵᠦᠭ ᠲᠦ ᠬᠦᠷᠲᠡᠯ᠎ᠡ ᠦᠵᠡᠭᠳᠡᠳᠡᠭ ᠰᠢᠭ᠂ ᠬᠥᠮᠦᠨ ᠦ ᠬᠦᠦ ᠲᠡᠭᠡᠵᠦ ᠢᠷᠡᠨ᠎ᠡ᠃ 28 ᠬᠡᠭᠦᠷ ᠪᠠᠢᠭ᠎ᠠ ᠭᠠᠵᠠᠷ ᠲᠤ ᠪᠦᠷᠭᠦᠳ ᠴᠤᠭᠯᠠᠷᠠᠨ᠎ᠠ᠃
ᠾᠷᠢᠰᠲ᠋ᠣᠰ ᠤᠨ ᠳᠠᠬᠢᠨ ᠢᠷᠡᠬᠦ
29 ᠲᠡᠷᠡ ᠡᠳᠦᠷ ᠤᠳ ᠤᠨ ᠭᠠᠮᠰᠢᠭ ᠥᠩᠭᠡᠷᠡᠮᠡᠭᠴᠡ᠂ 〈ᠨᠠᠷᠠ ᠬᠠᠷᠠᠩ᠋ᠭᠤᠢᠯᠠᠵᠤ᠂ ᠰᠠᠷ᠎ᠠ ᠭᠡᠷᠡᠯ ᠦᠭᠡᠢ ᠪᠣᠯᠣᠨ᠎ᠠ᠂ ᠣᠳᠣᠳ ᠲᠩᠷᠢ ᠡᠴᠡ ᠤᠨᠠᠵᠤ᠂ ᠲᠩᠷᠢ ᠶᠢᠨ ᠡᠷᠬᠡᠰ ᠳᠣᠷᠭᠢᠨ᠎ᠠ〉᠂ 30 ᠲᠡᠷᠡ ᠦᠶ᠎ᠡ ᠳᠦ᠂ ᠬᠥᠮᠦᠨ ᠦ ᠬᠦᠦ ᠶᠢᠨ ᠲᠡᠮᠳᠡᠭ ᠲᠩᠷᠢ ᠳᠤ ᠦᠵᠡᠭᠳᠡᠨ᠎ᠡ᠂ ᠲᠡᠭᠡᠬᠦ ᠳᠦ ᠭᠠᠵᠠᠷ ᠳᠡᠭᠡᠷᠡᠬᠢ ᠬᠠᠮᠤᠭ ᠣᠪᠣᠭ ᠠᠢᠮᠠᠭ ᠴᠡᠭᠡᠵᠢ ᠪᠠᠨ ᠳᠡᠯᠡᠳᠦᠨ ᠤᠬᠢᠯᠠᠯᠳᠤᠵᠤ᠂ ᠬᠥᠮᠦᠨ ᠦ ᠬᠦᠦ ᠶᠢᠨ ᠲᠩᠷᠢ ᠶᠢᠨ ᠡᠭᠦᠯᠡᠨ ᠳᠡᠭᠡᠷ᠎ᠡ ᠬᠦᠴᠦ ᠪᠣᠯᠣᠨ ᠠᠤᠭ᠎ᠠ ᠵᠢᠪᠬᠤᠯᠠᠩ ᠲᠠᠢ ᠪᠠᠷ ᠢᠷᠡᠬᠦ ᠶᠢ ᠬᠠᠷᠠᠨ᠎ᠠ᠃ 31 ᠲᠡᠷᠡ ᠪᠦᠷᠢᠶᠡᠨ ᠦ ᠥᠨᠳᠥᠷ ᠳᠠᠭᠤᠨ ᠲᠠᠢ ᠬᠠᠮᠲᠤ ᠲᠩᠷᠢ ᠶᠢᠨ ᠡᠯᠴᠢᠳ ᠢᠶᠠᠨ ᠢᠯᠡᠭᠡᠬᠦ ᠳᠦ᠂ ᠲᠡᠳᠡ ᠰᠣᠩ᠋ᠭᠣᠭᠳᠠᠭᠰᠠᠳ ᠢ ᠨᠢ ᠲᠩᠷᠢ ᠶᠢᠨ ᠨᠢᠭᠡ ᠬᠢᠵᠠᠭᠠᠷ ᠠᠴᠠ ᠨᠥᠭᠥᠭᠡ ᠬᠢᠵᠠᠭᠠᠷ ᠬᠦᠷᠲᠡᠯ᠎ᠡ ᠳᠥᠷᠪᠡᠨ ᠵᠦᠭ ᠡᠴᠡ ᠪᠥᠭᠡᠮᠨᠡᠷᠡᠭᠦᠯᠦᠨᠡ᠃
ᠢᠨᠵᠢᠷ ᠤᠨ ᠮᠣᠳᠣᠨ ᠤ ᠪᠠᠢᠳᠠᠯ
32 ᠢᠨᠵᠢᠷ ᠤᠨ ᠮᠣᠳᠣᠨ ᠠᠴᠠ ᠦᠯᠢᠭᠡᠷᠯᠡᠨ ᠰᠤᠷᠤᠭᠲᠤᠨ᠃ ᠮᠥᠴᠢᠷ ᠨᠢ ᠵᠥᠭᠡᠯᠡᠷᠡᠵᠦ᠂ ᠨᠠᠪᠴᠢᠯᠠᠩ᠋ᠭᠤᠲᠠ ᠵᠤᠨ ᠣᠢᠷᠠᠲᠤᠭᠰᠠᠨ ᠢ ᠲᠠ ᠨᠠᠷ ᠮᠡᠳᠡᠳᠡᠭ᠃ 33 ᠡᠭᠦᠨᠴᠢᠯᠡᠨ ᠲᠠ ᠨᠠᠷ ᠡᠳᠡᠭᠡᠷ ᠲᠣᠬᠢᠶᠠᠯᠳᠤᠯ ᠢ ᠬᠠᠷᠠᠬᠤ ᠳᠠᠭᠠᠨ᠂ ᠬᠥᠮᠦᠨ ᠦ ᠬᠦᠦ ᠶᠢᠨ ᠣᠢᠷᠠᠲᠤᠵᠤ ᠢᠷᠡᠭᠡᠳ ᠡᠭᠦᠳᠡᠨ ᠳᠡᠭᠡᠷ᠎ᠡ ᠪᠠᠢᠭ᠎ᠠ ᠶᠢ ᠮᠡᠳᠡᠭᠲᠦᠨ᠃ 34 ᠲᠠ ᠨᠠᠷ ᠲᠤ ᠪᠠᠲᠤᠲᠠᠢ ᠬᠡᠯᠡᠶ᠎ᠡ᠃ ᠡᠨᠡ ᠦᠶ᠎ᠡ ᠰᠥᠨᠥᠬᠦ ᠡᠴᠡ ᠡᠮᠦᠨ᠎ᠡ᠂ ᠡᠨᠡ ᠪᠦᠬᠦᠨ ᠯᠠᠪ ᠪᠡᠶᠡᠯᠡᠭᠳᠡᠨ᠎ᠡ᠃ 35 ᠲᠩᠷᠢ ᠭᠠᠵᠠᠷ ᠠᠯᠠᠭ᠎ᠠ ᠪᠣᠯᠣᠨ᠎ᠠ᠂ ᠭᠡᠪᠡᠴᠦ ᠮᠢᠨᠦ ᠦᠭᠡ ᠯᠠᠪ ᠠᠯᠠᠭ᠎ᠠ ᠪᠣᠯᠬᠤ ᠦᠭᠡᠢ᠃
36 ᠬᠠᠷᠢᠨ ᠲᠡᠷᠡ ᠡᠳᠦᠷ ᠪᠠ ᠴᠠᠭ ᠢ ᠬᠡᠨ ᠴᠤ ᠮᠡᠳᠡᠬᠦ ᠦᠭᠡᠢ᠂ ᠲᠩᠷᠢ ᠶᠢᠨ ᠡᠯᠴᠢ ᠴᠤ᠂ ᠬᠦᠦ ᠴᠤ ᠮᠡᠳᠡᠬᠦ ᠦᠭᠡᠢ᠃ ᠡᠴᠢᠭᠡ ᠯᠠ ᠮᠡᠳᠡᠨ᠎ᠡ᠃ 37 ᠨᠣᠶᠠ ᠶᠢᠨ ᠡᠳᠦᠷ ᠤᠳ ᠰᠢᠭ᠂ ᠬᠥᠮᠦᠨ ᠦ ᠬᠦᠦ ᠶᠢᠨ ᠢᠷᠡᠬᠦ ᠦᠶ᠎ᠡ ᠴᠤ ᠲᠡᠢᠮᠦ ᠪᠣᠯᠣᠨ᠎ᠠ᠃ 38 ᠦᠶᠡᠷ ᠦᠨ ᠡᠮᠦᠨᠡᠬᠢ ᠡᠳᠦᠷ ᠤᠳ ᠢᠶᠠᠷ ᠬᠥᠮᠦᠰ ᠢᠳᠡᠵᠦ ᠤᠤᠭᠤᠨ ᠡᠬᠡᠨᠡᠷ ᠠᠪᠴᠤ᠂ ᠬᠠᠷᠢ ᠳᠤ ᠮᠣᠷᠳᠠᠭᠰᠠᠭᠠᠷ ᠪᠠᠢᠲᠠᠯ᠎ᠠ᠂ ᠨᠣᠶᠠ ᠶᠢᠨ ᠣᠩ᠋ᠭᠣᠴᠠᠨ ᠳᠠᠭᠠᠨ ᠣᠷᠣᠬᠤ ᠡᠳᠦᠷ ᠪᠣᠯᠵᠠᠢ᠃ 39 ᠦᠶᠡᠷ ᠪᠣᠯᠵᠤ᠂ ᠪᠦᠭᠦᠳᠡ ᠶᠢ ᠨᠢ ᠬᠠᠮᠤᠨ ᠣᠳᠬᠤ ᠬᠦᠷᠲᠡᠯ᠎ᠡ ᠲᠡᠳᠡ ᠮᠡᠳᠡᠭᠰᠡᠨ ᠦᠭᠡᠢ᠃ ᠬᠥᠮᠦᠨ ᠦ ᠬᠦᠦ ᠶᠢᠨ ᠢᠷᠡᠬᠦ ᠦᠶ᠎ᠡ ᠴᠤ ᠲᠡᠢᠮᠦ ᠪᠣᠯᠣᠨ᠎ᠠ᠃ 40 ᠲᠡᠷᠡ ᠦᠶ᠎ᠡ ᠳᠦ ᠬᠣᠶᠠᠷ ᠡᠷ᠎ᠡ ᠲᠠᠷᠢᠶᠠᠨ ᠳᠤ ᠪᠠᠢᠬᠤ ᠳᠤ᠂ ᠨᠢᠭᠡ ᠨᠢ ᠠᠪᠠᠴᠢᠭᠳᠠᠵᠤ᠂ ᠨᠥᠭᠥᠭᠡ ᠨᠢ ᠣᠷᠬᠢᠭᠳᠠᠨᠠ᠃ 41 ᠬᠣᠶᠠᠷ ᠡᠮᠡᠭᠲᠡᠢ ᠲᠡᠭᠡᠷᠮᠡᠳᠡᠵᠦ ᠪᠠᠢᠬᠤ ᠳᠤ ᠨᠢᠭᠡ ᠨᠢ ᠠᠪᠠᠴᠢᠭᠳᠠᠵᠤ᠂ ᠨᠥᠭᠥᠭᠡ ᠨᠢ ᠣᠷᠬᠢᠭᠳᠠᠨᠠ᠃ 42 ᠲᠡᠢᠮᠦ ᠡᠴᠡ ᠰᠣᠷᠭᠣᠭ ᠪᠠᠢᠭᠲᠤᠨ᠂ ᠡᠵᠡᠨ ᠴᠢᠨᠢ ᠶᠠᠮᠠᠷ ᠡᠳᠦᠷ ᠢᠷᠡᠬᠦ ᠶᠢ ᠲᠠ ᠨᠠᠷ ᠮᠡᠳᠡᠬᠦ ᠦᠭᠡᠢ᠃ 43 ᠬᠠᠷᠢᠨ ᠡᠭᠦᠨ ᠢ ᠮᠡᠳᠡᠲᠦᠭᠡᠢ᠄ ᠰᠥᠨᠢ ᠶᠢᠨ ᠬᠡᠳᠦᠨ ᠴᠠᠭ ᠲᠤ ᠬᠤᠯᠠᠭᠠᠢᠴᠢ ᠢᠷᠡᠬᠦ ᠶᠢ ᠭᠡᠷ ᠦᠨ ᠡᠵᠡᠨ ᠮᠡᠳᠡᠭᠰᠡᠨ ᠪᠣᠯ᠂ ᠰᠡᠷᠭᠡᠭ ᠪᠠᠢᠵᠤ ᠭᠡᠷ ᠢᠶᠡᠨ ᠡᠪᠳᠡᠭᠦᠯᠬᠦ ᠦᠭᠡᠢ ᠶᠤᠮ᠃ 44 ᠲᠡᠢᠮᠦ ᠡᠴᠡ ᠲᠠ ᠨᠠᠷ ᠴᠤ ᠪᠡᠯᠡᠬᠡᠨ ᠪᠠᠢ᠂ ᠬᠥᠮᠦᠨ ᠦ ᠬᠦᠦ ᠲᠠ ᠨᠠᠷ ᠤᠨ ᠰᠠᠨᠠᠭᠠᠨ ᠳᠤ ᠦᠭᠡᠢ ᠴᠠᠭ ᠲᠤ ᠢᠷᠡᠨ᠎ᠡ᠃
ᠪᠡᠯᠡᠬᠡᠨ ᠪᠠᠢᠭᠲᠤᠨ
45 ᠠᠯᠢ ᠵᠠᠷᠤᠴᠠ ᠨᠢ ᠢᠲᠡᠭᠡᠮᠵᠢᠲᠦ ᠪᠥᠭᠡᠳ ᠤᠬᠠᠭᠠᠨᠯᠢᠭ ᠪᠣᠯ ᠡᠵᠡᠨ ᠨᠢ ᠲᠡᠭᠦᠨ ᠢᠶᠡᠷ ᠭᠡᠷ ᠦᠨ ᠬᠢᠨ ᠢᠶᠠᠨ ᠬᠠᠷᠢᠭᠤᠴᠠᠭᠤᠯᠵᠤ᠂ ᠴᠠᠭ ᠲᠤᠨᠢ ᠬᠦᠨᠡᠰᠦ ᠶᠢ ᠨᠢ ᠥᠭᠭᠥᠭᠦᠯᠦᠨᠡ᠃ 46 ᠡᠵᠡᠨ ᠨᠢ ᠢᠷᠡᠬᠦ ᠳᠦ ᠲᠡᠢᠨ ᠬᠦ ᠪᠡᠶᠡᠯᠡᠭᠦᠯᠵᠦ ᠪᠠᠢᠭ᠎ᠠ ᠪᠠᠨ ᠬᠠᠷᠠᠭᠤᠯᠬᠤ ᠵᠠᠷᠤᠴᠠ ᠪᠤᠶᠠᠨ ᠲᠠᠢ᠃ 47 ᠲᠠ ᠨᠠᠷ ᠲᠤ ᠪᠠᠲᠤᠲᠠᠢ ᠬᠡᠯᠡᠶ᠎ᠡ᠃ ᠡᠵᠡᠨ ᠨᠢ ᠪᠠᠢᠭ᠎ᠠ ᠪᠦᠬᠦᠨ ᠢᠶᠡᠨ ᠲᠡᠭᠦᠨ ᠢᠶᠡᠷ ᠬᠠᠷᠢᠭᠤᠴᠠᠭᠤᠯᠤᠨ᠎ᠠ᠃ 48 ᠬᠠᠷᠢᠨ ᠮᠠᠭᠤ ᠵᠠᠷᠤᠴᠠ ᠪᠣᠯ 〈ᠡᠵᠡᠨ ᠤᠳᠠᠬᠤ ᠨᠢ〉 ᠭᠡᠵᠦ ᠪᠣᠳᠣᠭᠠᠳ᠂ 49 ᠨᠠᠢᠵᠠ ᠵᠠᠷᠤᠴᠠ ᠨᠠᠷ ᠢᠶᠠᠨ ᠵᠣᠳᠣᠵᠤ᠂ ᠠᠷᠢᠬᠢᠴᠢᠳ ᠲᠠᠢ ᠪᠠᠨ ᠢᠳᠡᠵᠦ ᠤᠤᠭᠤᠵᠤ ᠡᠬᠢᠯᠡᠭᠰᠡᠨ ᠭᠡᠵᠦ ᠪᠣᠳᠣᠶ᠎ᠠ᠃ 50 ᠲᠡᠷᠡ ᠵᠠᠷᠤᠴᠠ ᠶᠢᠨ ᠡᠵᠡᠨ ᠪᠣᠳᠣᠯᠭᠠᠨ ᠳᠤ ᠦᠭᠡᠢ ᠡᠳᠦᠷ᠂ ᠰᠠᠨᠠᠭᠠᠨ ᠳᠤ ᠦᠭᠡᠢ ᠴᠠᠭ ᠲᠤᠨᠢ ᠢᠷᠡᠭᠡᠳ᠂ 51 ᠲᠡᠭᠦᠨ ᠢ ᠨᠡᠪᠰᠢᠷᠡᠲᠡᠯ᠎ᠡ ᠵᠠᠨᠴᠢᠵᠤ᠂ ᠬᠣᠶᠠᠷ ᠨᠢᠭᠤᠷᠲᠠᠳ ᠲᠠᠢ ᠬᠠᠮᠲᠤ ᠪᠠᠢᠯᠭᠠᠨ᠎ᠠ᠃ ᠲᠡᠷᠡ ᠲᠡᠨᠳᠡ ᠤᠬᠢᠯᠠᠵᠤ᠂ ᠰᠢᠳᠦ ᠪᠡᠨ ᠬᠠᠪᠢᠷᠬᠤ ᠪᠣᠯᠣᠨ᠎ᠠ᠃