1 2 3 4 5 6 7 8 9 10 11 12 13 14 15 16 17 18 19 20 21 22 23 24 25 26 27 28


ᠮᠠᠲ᠋ᠠᠢ ᠬᠣᠷᠢ
 ᠦᠵᠦᠮ ᠦᠨ ᠬᠦᠷᠢᠶᠡᠯᠡᠩ ᠦᠨ ᠠᠵᠢᠯᠴᠢᠳ

1 ᠲᠩᠷᠢ ᠶᠢᠨ ᠬᠠᠭᠠᠨᠴᠢᠯᠠᠯ ᠪᠣᠯ ᠦᠵᠦᠮ ᠦᠨ ᠬᠦᠷᠢᠶᠡᠯᠡᠭ ᠳᠡᠭᠡᠨ ᠠᠵᠢᠯᠯᠠᠭᠤᠯᠬᠤ ᠬᠥᠮᠦᠰ ᠢ ᠬᠥᠯᠥᠰᠥᠯᠡᠬᠦ ᠪᠡᠷ ᠦᠷ ᠢᠶᠡᠷ ᠭᠠᠷᠤᠭᠰᠠᠨ ᠭᠠᠵᠠᠷ ᠤᠨ ᠡᠵᠡᠨ ᠲᠡᠢ ᠠᠳᠠᠯᠢ᠃ 2 ᠲᠡᠷᠡ ᠪᠡᠷ ᠡᠳᠦᠷ ᠦᠨ ᠨᠢᠭᠡ ᠳ᠋ᠧᠨᠠᠷ ᠥᠭᠬᠦ ᠪᠡᠷ ᠠᠵᠢᠯᠴᠢᠳ ᠲᠠᠢ ᠲᠣᠭᠲᠠᠵᠤ ᠦᠵᠦᠮ ᠦᠨ ᠬᠦᠷᠢᠶᠡᠯᠡᠭ ᠳᠡᠭᠡᠨ ᠣᠷᠣᠭᠤᠯᠪᠠ᠃ 3 ᠶᠢᠰᠦᠨ ᠴᠠᠭ ᠤᠨ ᠣᠷᠴᠢᠮ ᠢᠶᠠᠷ ᠲᠡᠷᠡ ᠵᠡᠭᠡᠯᠢ ᠳᠡᠭᠡᠷ᠎ᠡ ᠭᠠᠷᠴᠤ᠂ ᠢᠰᠡᠯ᠎ᠡ ᠵᠣᠭᠰᠣᠵᠤ ᠪᠠᠢᠭ᠎ᠠ ᠥᠭᠡᠷ᠎ᠡ ᠬᠥᠮᠦᠰ ᠢ ᠬᠠᠷᠠᠭᠠᠳ 4 ᠲᠡᠳᠡᠨ ᠳᠦ᠄ 〈ᠲᠠ ᠨᠠᠷ ᠪᠠᠰᠠ ᠦᠵᠦᠮ ᠦᠨ ᠬᠦᠷᠢᠶᠡᠯᠡᠭ ᠤᠷᠤᠭᠤ ᠶᠠᠪᠤ᠃ ᠪᠢ ᠲᠠ ᠨᠠᠷ ᠲᠤ ᠬᠡᠳᠦᠢ ᠪᠣᠯ ᠲᠡᠳᠦᠢ ᠪᠠᠷ ᠵᠣᠬᠢᠰᠲᠠᠢ ᠪᠠᠷ ᠨᠢ ᠥᠭᠭᠥᠨ᠎ᠡ〉 ᠭᠡᠰᠡᠨ ᠳᠦ᠂ ᠲᠡᠳᠡ ᠣᠴᠢᠵᠠᠢ᠃ 5 ᠲᠡᠷᠡ ᠪᠡᠷ ᠠᠷᠪᠠᠨ ᠬᠣᠶᠠᠷ ᠴᠠᠭ ᠲᠤ᠂ ᠪᠠᠰᠠ ᠠᠷᠪᠠᠨ ᠲᠠᠪᠤᠨ ᠴᠠᠭ ᠤᠨ ᠣᠷᠴᠢᠮ ᠢᠶᠠᠷ ᠭᠠᠷᠴᠤ ᠡᠮᠦᠨᠡᠬᠢ ᠰᠢᠭ ᠢᠶᠠᠨ ᠦᠢᠯᠡᠳᠪᠡ᠃ 6 ᠠᠷᠪᠠᠨ ᠳᠣᠯᠣᠭᠠᠨ ᠴᠠᠭ ᠤᠨ ᠣᠷᠴᠢᠮ ᠢᠶᠠᠷ ᠭᠠᠷᠬᠤ ᠳᠠᠭᠠᠨ ᠴᠤ ᠳᠡᠮᠡᠢ ᠵᠣᠭᠰᠣᠵᠤ ᠪᠤᠢ ᠥᠭᠡᠷ᠎ᠡ ᠬᠥᠮᠦᠰ ᠲᠡᠢ ᠲᠠᠭᠠᠷᠠᠯᠳᠤᠵᠤ᠄ 〈ᠲᠠ ᠨᠠᠷ ᠶᠠᠭᠤᠨ ᠳᠤ ᠡᠳᠦᠷᠵᠢᠨ ᠢᠰᠡᠯ᠎ᠡ ᠵᠣᠭᠰᠣᠭᠠᠳ ᠪᠠᠢᠭ᠎ᠠ ᠶᠤᠮ︖〉 ᠭᠡᠪᠡ᠃ 7 ᠲᠡᠳᠡ᠄ 〈ᠪᠢᠳᠡᠨ ᠢ ᠬᠡᠨ ᠴᠤ ᠬᠥᠯᠥᠰᠥᠯᠡᠭᠡ ᠦᠭᠡᠢ〉 ᠭᠡᠬᠦ ᠳᠦ᠂ ᠲᠡᠷᠡ᠄ 〈ᠲᠠ ᠨᠠᠷ ᠴᠤ ᠦᠵᠦᠮ ᠦᠨ ᠬᠦᠷᠢᠶᠡᠯᠡᠭ ᠤᠷᠤᠭᠤ ᠶᠠᠪᠤ〉 ᠭᠡᠵᠡᠢ᠃ 8 ᠣᠷᠣᠢ ᠪᠣᠯᠬᠤ ᠳᠤ ᠦᠵᠦᠮ ᠦᠨ ᠬᠦᠷᠢᠶᠡᠯᠡᠩ ᠦᠨ ᠡᠵᠡᠨ ᠳᠠᠭᠠᠭᠠᠮᠠᠯ ᠳᠠᠭᠠᠨ᠄ 〈ᠠᠵᠢᠯᠴᠢᠳ ᠢ ᠳᠠᠭᠤᠳᠠᠵᠤ᠂ ᠰᠡᠭᠦᠯᠴᠢ ᠶᠢᠨ ᠬᠢ ᠡᠴᠡ ᠡᠬᠢᠯᠡᠨ ᠲᠦᠷᠦᠭᠦᠴᠢ ᠶᠢᠨ ᠬᠢ ᠬᠦᠷᠲᠡᠯ᠎ᠡ ᠬᠥᠯᠥᠰᠥ ᠶᠢ ᠨᠢ ᠥᠭ〉 ᠭᠡᠵᠡᠢ᠃ 9 ᠠᠷᠪᠠᠨ ᠳᠣᠯᠣᠭᠠᠨ ᠴᠠᠭ ᠤᠨ ᠠᠵᠢᠯᠴᠢᠳ ᠭᠠᠷᠴᠤ ᠢᠷᠡᠭᠡᠳ ᠨᠢᠭᠡ ᠨᠢᠭᠡ ᠳ᠋ᠧᠨᠠᠷ ᠣᠯᠣᠭᠰᠠᠨ ᠳᠤ᠂ 10 ᠲᠦᠷᠦᠭᠦᠨ ᠳᠦ ᠢᠷᠡᠭᠰᠡᠨ ᠬᠥᠮᠦᠰ ᠨᠢ ᠥᠪᠡᠷᠰᠡᠳ ᠢ ᠪᠠᠨ ᠢᠯᠡᠭᠦᠦ ᠣᠯᠣᠨ᠎ᠠ ᠪᠠᠢᠬ᠎ᠠ ᠭᠡᠵᠦ ᠪᠣᠳᠣᠭᠰᠠᠨ ᠪᠣᠯᠪᠠᠴᠤ ᠮᠥᠨ ᠯᠠ ᠨᠢᠭᠡ ᠨᠢᠭᠡ ᠳ᠋ᠧᠨᠠᠷ ᠣᠯᠵᠠᠢ᠃ 11 ᠲᠡᠳᠡ ᠠᠪᠤᠭᠰᠠᠨ ᠤ ᠳᠠᠷᠠᠭ᠎ᠠ᠂ ᠭᠠᠵᠠᠷ ᠤᠨ ᠡᠵᠡᠨ ᠳᠦ᠄ 12 〈ᠰᠡᠭᠦᠯ ᠳᠦ ᠢᠷᠡᠭᠰᠡᠨ ᠡᠨᠡ ᠬᠥᠮᠦᠰ ᠨᠢᠭᠡ ᠯᠠ ᠴᠠᠭ ᠠᠵᠢᠯᠯᠠᠭᠰᠠᠨ ᠪᠠᠢᠬᠤ ᠳᠤ᠂ ᠡᠳᠦᠷᠵᠢᠨ ᠬᠠᠯᠠᠭᠤᠨ ᠨᠠᠷᠠᠨ ᠳᠤ ᠵᠦᠳᠡᠷᠡᠭᠰᠡᠨ ᠪᠢᠳᠡᠨ ᠢ ᠲᠡᠳᠡᠨ ᠲᠡᠢ ᠠᠳᠠᠯᠢ ᠦᠨᠡᠯᠡᠯ᠎ᠡ〉 ᠭᠡᠵᠦ ᠭᠤᠩᠭᠢᠨᠠᠬᠤ ᠳᠤ᠂ 13 ᠭᠠᠵᠠᠷ ᠤᠨ ᠡᠵᠡᠨ ᠲᠡᠳᠡᠨ ᠦ ᠨᠢᠭᠡᠨ ᠳᠦ᠄ 〈ᠨᠠᠢᠵᠠ ᠡ᠂ ᠪᠢ ᠴᠢᠮ᠎ᠠ ᠳᠤ ᠰᠢᠳᠤᠷᠭᠤ ᠪᠤᠰᠤ ᠬᠠᠨᠳᠤᠵᠤ ᠪᠠᠢᠭ᠎ᠠ ᠪᠢᠰᠢ᠂ ᠴᠢ ᠨᠢᠭᠡ ᠳ᠋ᠧᠨᠠᠷ ᠢᠶᠠᠷ ᠨᠠᠳᠠ ᠲᠠᠢ ᠲᠣᠬᠢᠷᠠᠯᠴᠠᠭᠰᠠᠨ ᠪᠢᠰᠢ ᠤᠤ︖ 14 ᠬᠥᠯᠥᠰᠥ ᠪᠡᠨ ᠠᠪᠤᠭᠠᠳ ᠶᠠᠪᠤ᠂ ᠪᠢ ᠴᠢᠮ᠎ᠠ ᠳᠤ ᠥᠭᠭᠥᠭᠰᠡᠨ ᠲᠡᠢ ᠠᠳᠠᠯᠢ ᠡᠨᠡ ᠰᠡᠭᠦᠯᠴᠢ ᠶᠢᠨ ᠬᠥᠮᠦᠰ ᠲᠦ ᠥᠭᠬᠦ ᠪᠡᠷ ᠪᠠᠢᠨ᠎ᠠ᠃ 15 ᠪᠢ ᠥᠪᠡᠷ ᠦᠨ ᠶᠠᠭᠤᠮ᠎ᠠ ᠪᠠᠨ ᠰᠠᠨᠠᠭ᠎ᠠ ᠪᠠᠷ ᠢᠶᠠᠨ ᠵᠠᠷᠤᠵᠤ ᠪᠣᠯᠳᠠᠭ ᠦᠭᠡᠢ ᠶᠤᠮ ᠤᠤ︖ ᠨᠠᠮᠠᠶᠢ ᠥᠭᠭᠢᠶᠡᠮᠦᠷ ᠭᠡᠳ ᠠᠳᠠ ᠦᠵᠡᠵᠦ ᠪᠠᠢᠨ᠎ᠠ ᠤᠤ︖ 16 ᠡᠢᠨ ᠬᠦ ᠰᠡᠭᠦᠯᠴᠢ ᠶᠢᠨ ᠬᠢᠨᠢ ᠲᠦᠷᠦᠭᠦᠨ ᠦ ᠬᠢ ᠪᠣᠯᠵᠤ᠂ ᠲᠦᠷᠦᠭᠦᠨ ᠦ ᠬᠢᠨᠢ ᠰᠡᠭᠦᠯᠴᠢ ᠶᠢᠨ ᠬᠢ ᠪᠣᠯᠣᠨ᠎ᠠ》 ᠭᠡᠪᠡ᠃
 ᠠᠯᠠᠭᠳᠠᠵᠤ ᠠᠮᠢᠯᠠᠬᠤ ᠲᠤᠬᠠᠢ ᠪᠠᠨ (2)

17 ᠢᠰᠦ᠋ᠰ ᠶᠧᠷᠦ᠋ᠰᠠᠯᠧᠮ ᠥᠭᠡᠳᠡ ᠶᠠᠪᠤᠵᠤ ᠪᠠᠢᠬᠤ ᠳᠠᠭᠠᠨ ᠠᠷᠪᠠᠨ ᠬᠣᠶᠠᠷ ᠱᠠᠪᠢ ᠪᠠᠨ ᠠᠰ ᠲᠤᠨᠢ ᠬᠠᠵᠠᠭᠤ ᠳᠠᠭᠠᠨ ᠠᠪᠴᠢᠷᠠᠵᠤ᠂ ᠵᠠᠮ ᠳᠠᠭᠠᠨ ᠲᠡᠳᠡᠨ ᠳᠦ᠄ 18 《ᠠᠩ᠋ᠬᠠᠷᠤᠭᠲᠤᠨ᠂ ᠪᠢᠳᠡ ᠶᠧᠷᠦ᠋ᠰᠠᠯᠧᠮ ᠥᠭᠡᠳᠡ ᠶᠠᠪᠤᠵᠤ ᠪᠠᠢᠨ᠎ᠠ᠃ ᠬᠥᠮᠦᠨ ᠦ ᠬᠦᠦ ᠠᠬᠠᠯᠠᠬᠤ ᠲᠠᠬᠢᠯᠴᠢᠳ᠂ ᠪᠢᠴᠢᠭᠲᠡᠳ ᠲᠦ ᠲᠤᠰᠢᠶᠠᠭᠳᠠᠨ᠎ᠠ᠃ ᠲᠡᠳᠡ ᠲᠡᠭᠦᠨ ᠢ ᠠᠯᠠᠬᠤ ᠪᠠᠷ ᠶᠠᠯᠠᠯᠠᠵᠤ᠂ 19 ᠬᠠᠷᠢᠴᠤᠳ ᠲᠤ ᠲᠤᠰᠢᠶᠠᠨ ᠳᠣᠭᠣᠭᠢᠯᠠᠭᠤᠯᠵᠤ᠂ ᠲᠠᠰᠢᠭᠤᠷᠳᠠᠭᠤᠯᠵᠤ᠂ ᠵᠠᠭᠠᠯᠮᠠᠢ ᠳᠤ ᠴᠣᠪᠳᠣᠯᠠᠭᠤᠯᠬᠤ ᠪᠣᠯᠣᠨ᠎ᠠ᠃ ᠬᠠᠷᠢᠨ ᠲᠡᠷᠡ ᠭᠤᠷᠪᠠᠳᠤᠭᠠᠷ ᠡᠳᠦᠷ ᠳᠡᠭᠡᠷ᠎ᠡ ᠪᠡᠨ ᠠᠮᠢᠯᠠᠬᠤ ᠪᠣᠯᠣᠨ᠎ᠠ》 ᠭᠡᠯ᠎ᠡ᠃
 ᠡᠷᠬᠡ ᠮᠡᠳᠡᠯ ᠭᠤᠶᠤᠭᠴᠢ

20 ᠲᠡᠷᠡ ᠦᠶ᠎ᠡ ᠳᠦ᠂ ᠽᠧᠪᠧᠳᠠᠢ ᠶᠢᠨ ᠬᠥᠪᠡᠭᠦᠳ ᠦᠨ ᠡᠬᠡ ᠬᠥᠪᠡᠭᠦᠳ ᠦᠨ ᠢᠶᠠᠨ ᠬᠠᠮᠲᠤ ᠢᠰᠦ᠋ᠰ ᠤᠨ ᠳᠡᠷᠭᠡᠳᠡ ᠢᠷᠡᠭᠡᠳ ᠡᠮᠦᠨ᠎ᠡ ᠨᠢ ᠰᠥᠭᠥᠳᠴᠦ᠂ ᠶᠠᠭᠤ ᠨᠢᠭᠡ ᠶᠢ ᠭᠤᠶᠤᠵᠤ ᠡᠬᠢᠯᠡᠪᠡ᠃ 21 ᠢᠰᠦ᠋ᠰ᠄ 《ᠶᠠᠭᠤ ᠬᠦᠰᠡᠵᠦ ᠪᠠᠢᠨ᠎ᠠ ᠪᠤᠢ︖》 ᠭᠡᠬᠦ ᠳᠦ᠂ ᠲᠡᠷᠡ᠄ 《ᠲᠠ ᠥᠪᠡᠷ ᠦᠨ ᠢᠶᠠᠨ ᠬᠠᠭᠠᠨᠴᠢᠯᠠᠯ ᠳᠤ ᠬᠣᠶᠠᠷ ᠬᠦᠦ ᠶᠢᠨ ᠮᠢᠨᠢ ᠨᠢᠭᠡ ᠶᠢ ᠨᠢ ᠪᠠᠷᠠᠭᠤᠨ ᠲᠠᠯ᠎ᠠ ᠳᠠᠭᠠᠨ᠂ ᠨᠥᠭᠥᠭᠡ ᠶᠢ ᠨᠢ ᠵᠡᠭᠦᠨ ᠲᠠᠯ᠎ᠠ ᠳᠠᠭᠠᠨ ᠰᠠᠭᠤᠯᠭᠠᠵᠤ ᠰᠣᠶᠣᠷᠬᠠᠭᠠᠴᠢ》 ᠭᠡᠪᠡ᠃ 22 ᠢᠰᠦ᠋ᠰ ᠬᠠᠷᠢᠭᠤ ᠳᠤᠨᠢ᠄ 《ᠲᠠ ᠨᠠᠷ ᠶᠠᠭᠤ ᠭᠤᠶᠤᠵᠤ ᠪᠠᠢᠭ᠎ᠠ ᠪᠠᠨ ᠮᠡᠳᠡᠬᠦ ᠦᠭᠡᠢ ᠪᠠᠢᠨ᠎ᠠ᠃ ᠲᠠ ᠨᠠᠷ ᠮᠢᠨᠦ ᠤᠤᠭᠤᠬᠤ ᠭᠡᠵᠦ ᠪᠠᠢᠭ᠎ᠠ ᠴᠣᠮᠣ ᠠᠴᠠ ᠤᠤᠭᠤᠵᠤ ᠴᠢᠳᠠᠬᠤ ᠤᠤ︖》 ᠭᠡᠰᠡᠨ ᠳᠦ᠂ ᠲᠡᠳᠡ᠄ 《ᠴᠢᠳᠠᠨ᠎ᠠ》 ᠭᠡᠵᠡᠭᠡᠪᠡ᠃ 23 ᠢᠰᠦ᠋ᠰ ᠲᠡᠳᠡᠨ ᠳᠦ᠄ 《ᠲᠠ ᠨᠠᠷ ᠨᠡᠭᠡᠷᠡᠨ ᠮᠢᠨᠦ ᠴᠣᠮᠣ ᠠᠴᠠ ᠤᠤᠭᠤᠨ᠎ᠠ᠃ ᠬᠠᠷᠢᠨ ᠮᠢᠨᠦ ᠪᠠᠷᠠᠭᠤᠨ ᠵᠡᠭᠦᠨ ᠲᠠᠯ᠎ᠠ ᠳᠤ ᠰᠠᠭᠤᠬᠤ ᠶᠢ ᠰᠣᠶᠣᠷᠬᠠᠬᠤ ᠨᠢ ᠪᠢ ᠪᠢᠰᠢ᠂ ᠮᠢᠨᠦ ᠡᠴᠢᠭᠡ ᠬᠡᠨ ᠳᠦ ᠪᠡᠯᠡᠳᠬᠡᠭᠰᠡᠨ ᠪᠣᠯ ᠲᠡᠷᠡ ᠰᠠᠭᠤᠨ᠎ᠠ》 ᠭᠡᠵᠡᠢ᠃ 24 ᠠᠷᠪᠠᠨ ᠱᠠᠪᠢ ᠡᠭᠦᠨ ᠢ ᠰᠣᠨᠣᠰᠣᠭᠠᠳ ᠲᠡᠷᠡ ᠠᠬ᠎ᠠ ᠳᠡᠭᠦᠦ ᠬᠣᠶᠠᠷ ᠲᠤ ᠠᠭᠤᠷᠯᠠᠪᠠ᠃ 25 ᠬᠠᠷᠢᠨ ᠢᠰᠦ᠋ᠰ ᠲᠡᠳᠡᠨ ᠢ ᠬᠠᠵᠠᠭᠤ ᠳᠠᠭᠠᠨ ᠳᠠᠭᠤᠳᠠᠵᠤ᠄ 《ᠬᠠᠷᠢᠴᠤᠳ ᠤᠨ ᠵᠠᠬᠢᠷᠤᠭᠴᠢᠳ ᠠᠷᠠᠳ ᠣᠯᠠᠨ ᠢᠶᠠᠨ ᠨᠣᠶᠠᠷᠬᠠᠳᠠᠭ ᠪᠥᠭᠡᠳ ᠶᠡᠬᠡ ᠲᠦᠰᠢᠮᠡᠳ ᠨᠢ ᠲᠡᠳᠡᠨ ᠢ ᠡᠷᠬᠡᠰᠢᠶᠡᠳᠡᠭ ᠢ ᠲᠠ ᠨᠠᠷ ᠮᠡᠳᠡᠨ᠎ᠡ᠃ 26 ᠲᠠ ᠨᠠᠷ ᠤᠨ ᠳᠤᠮᠳᠠ ᠲᠡᠭᠡᠵᠦ ᠪᠣᠯᠬᠤ ᠦᠭᠡᠢ᠃ ᠬᠠᠷᠢᠨ ᠲᠠ ᠨᠠᠷ ᠤᠨ ᠳᠤᠮᠳᠠ ᠠᠭᠤᠤ ᠪᠣᠯᠬᠤ ᠶᠢ ᠬᠦᠰᠡᠭᠴᠢ ᠨᠢ ᠦᠢᠯᠡᠴᠢᠯᠡᠭᠴᠢ ᠪᠣᠯᠵᠤ᠂ 27 ᠲᠠ ᠨᠠᠷ ᠤᠨ ᠳᠤᠮᠳᠠ ᠲᠡᠷᠢᠭᠦᠨ ᠪᠣᠯᠬᠤ ᠶᠢ ᠬᠦᠰᠡᠭᠴᠢ ᠨᠢ ᠵᠠᠷᠤᠴᠠ ᠴᠢᠨᠢ ᠪᠣᠯᠣᠭ᠃ 28 ᠬᠥᠮᠦᠨ ᠦ ᠬᠦᠦ ᠴᠤ ᠦᠢᠯᠡᠴᠢᠯᠡᠭᠦᠯᠬᠦ ᠪᠡᠷ ᠪᠤᠰᠤ᠂ ᠬᠠᠷᠢᠨ ᠦᠢᠯᠡᠴᠢᠯᠡᠬᠦ ᠪᠡᠷ᠂ ᠠᠮᠢ ᠪᠠᠨ ᠣᠯᠠᠨ ᠤ ᠲᠥᠯᠥᠭᠡ ᠵᠣᠯᠢᠶᠠᠰᠤ ᠪᠣᠯᠭᠠᠨ ᠥᠭᠬᠦ ᠪᠡᠷ ᠢᠷᠡᠭᠰᠡᠨ ᠶᠤᠮ》 ᠭᠡᠪᠡ᠃
 ᠬᠠᠷᠠᠭ᠎ᠠ ᠣᠷᠣᠭᠰᠠᠨ ᠬᠣᠶᠠᠷ

29 ᠲᠡᠳᠡ ᠶᠧᠷᠢᠺᠣ ᠠᠴᠠ ᠭᠠᠷᠴᠤ ᠶᠠᠪᠤᠬᠤ ᠳᠤ᠂ ᠮᠠᠰᠢ ᠣᠯᠠᠨ ᠬᠥᠮᠦᠨ ᠢᠰᠦ᠋ᠰ ᠢ ᠳᠠᠭᠠᠵᠠᠢ᠃ 30 ᠵᠠᠮ ᠤᠨ ᠬᠠᠵᠠᠭᠤ ᠳᠤ ᠰᠠᠭᠤᠵᠤ ᠪᠠᠢᠭᠰᠠᠨ ᠬᠣᠶᠠᠷ ᠰᠣᠬᠣᠷ ᠬᠥᠮᠦᠨ ᠳᠡᠷᠭᠡᠳᠡᠭᠦᠷ ᠨᠢ ᠢᠰᠦ᠋ᠰ ᠤᠨ ᠥᠩᠭᠡᠷᠡᠵᠦ ᠪᠤᠢ ᠶᠢ ᠰᠣᠨᠣᠰᠣᠭᠠᠳ ᠥᠨᠳᠥᠷ ᠳᠠᠭᠤ ᠪᠠᠷ᠄ 《ᠳ᠋ᠠᠸᠢᠳ᠋ ᠤᠨ ᠤᠳᠤᠮ᠂ ᠡᠵᠡᠨ ᠮᠢᠨᠢ ᠡ︕ ᠪᠢᠳᠡᠨ ᠢ ᠡᠨᠡᠷᠢᠭᠡᠴᠢ》 ᠭᠡᠪᠡ᠃ 31 ᠣᠯᠠᠨ ᠬᠥᠮᠦᠨ ᠲᠡᠳᠡᠨ ᠢ᠄ 《ᠳᠠᠭᠤ ᠦᠭᠡᠢ ᠪᠠᠢ》 ᠭᠡᠵᠦ ᠵᠠᠩᠨᠠᠭᠰᠠᠨ ᠪᠣᠯᠪᠠᠴᠤ ᠲᠡᠳᠡ ᠤᠯᠠᠮ ᠴᠢᠩᠭ᠍᠎ᠠ ᠪᠠᠷ᠄ 《ᠳ᠋ᠠᠸᠢᠳ᠋ ᠤᠨ ᠤᠳᠤᠮ᠂ ᠡᠵᠡᠨ ᠮᠢᠨᠢ ᠡ︕ ᠪᠢᠳᠡᠨ ᠢ ᠡᠨᠡᠷᠢᠭᠡᠴᠢ》 ᠭᠡᠵᠦ ᠬᠠᠰᠬᠢᠷᠪᠠ᠃ 32 ᠢᠰᠦ᠋ᠰ ᠬᠦᠯᠢᠶᠡᠰᠬᠢᠵᠦ ᠲᠡᠳᠡᠨ ᠢ ᠳᠠᠭᠤᠳᠠᠭᠠᠳ᠄ 《ᠲᠠ ᠨᠠᠷ ᠨᠠᠳᠠ ᠪᠠᠷ ᠶᠠᠭᠤ ᠬᠢᠯᠭᠡᠬᠦ ᠶᠢ ᠬᠦᠰᠡᠵᠦ ᠪᠠᠢᠨ᠎ᠠ ᠪᠤᠢ︖》 ᠭᠡᠬᠦ ᠳᠦ᠂ 33 ᠲᠡᠳᠡ᠄ 《ᠡᠵᠡᠨ ᠡ᠂ ᠪᠢᠳᠡ ᠬᠠᠷᠠᠭ᠎ᠠ ᠲᠠᠢ ᠪᠣᠯᠬᠤ ᠶᠤᠮ ᠰᠠᠨ》 ᠭᠡᠪᠡ᠃ 34 ᠢᠰᠦ᠋ᠰ ᠲᠡᠳᠡᠨ ᠢ ᠥᠷᠥᠪᠳᠥᠵᠦ᠂ ᠨᠢᠳᠦᠨ ᠳᠦᠨᠢ ᠭᠠᠷ ᠢᠶᠠᠨ ᠬᠦᠷᠭᠡᠮᠡᠭᠴᠡ ᠲᠡᠳᠡ ᠬᠠᠷᠠᠭ᠎ᠠ ᠣᠷᠣᠵᠤ ᠲᠡᠭᠦᠨ ᠢ ᠳᠠᠭᠠᠯ᠎ᠠ᠃