1 2 3 4 5 6 7 8 9 10 11 12 13 14 15 16 17 18 19 20 21 22 23 24 25 26 27 28


ᠮᠠᠲ᠋ᠠᠢ ᠬᠣᠷᠢᠨ ᠨᠢᠭᠡ
 ᠶᠧᠷᠦ᠋ᠰᠠᠯᠧᠮ ᠬᠣᠲᠠ ᠳᠤ ᠣᠷᠣᠭᠰᠠᠨ ᠨᠢ

1 ᠲᠡᠳᠡ ᠶᠧᠷᠦ᠋ᠰᠠᠯᠧᠮ ᠳᠤ ᠣᠢᠷᠠᠲᠤᠵᠤ᠂ ᠴᠢᠳᠦᠨ ᠠᠭᠤᠯᠠ ᠶᠢᠨ ᠪᠡᠯ ᠳᠠᠬᠢ ᠪᠧᠲ᠋ᠹᠠᠭᠧ ᠳᠤ ᠬᠦᠷᠪᠡ᠃ ᠲᠡᠷᠡ ᠦᠶ᠎ᠡ ᠳᠦ ᠢᠰᠦ᠋ᠰ ᠬᠣᠶᠠᠷ ᠱᠠᠪᠢ ᠪᠠᠨ ᠶᠠᠪᠤᠭᠤᠯᠬᠤ ᠳᠠᠭᠠᠨ᠄ 2 《ᠡᠰᠡᠷᠭᠦ ᠲᠠᠯ᠎ᠠ ᠶᠢᠨ ᠲᠣᠰᠬᠣᠨ ᠳᠤ ᠣᠴᠢ᠂ ᠲᠡᠨᠳᠡ ᠤᠶᠠᠭᠠᠲᠠᠢ ᠡᠯᠵᠢᠭᠡ ᠪᠠ ᠬᠠᠮᠲᠤ ᠪᠠᠢᠭ᠎ᠠ ᠳᠠᠭ᠎ᠠ ᠶᠢ ᠲᠦᠳᠡᠬᠡᠨ ᠬᠠᠷᠠᠬᠤ ᠪᠣᠯᠣᠨ᠎ᠠ᠃ ᠲᠠ ᠨᠠᠷ ᠲᠠᠢᠯᠤᠭᠠᠳ ᠨᠠᠳᠠ ᠤᠷᠤᠭᠤ ᠠᠪᠴᠢᠷᠠ᠃ 3 ᠬᠡᠨ ᠨᠢᠭᠡ ᠨᠢ ᠲᠠ ᠨᠠᠷ ᠲᠤ ᠶᠠᠭᠤᠮ᠎ᠠ ᠬᠡᠯᠡᠪᠡᠯ᠂ 〈ᠡᠵᠡᠨ ᠳᠦ ᠬᠡᠷᠡᠭ ᠲᠡᠢ〉 ᠭᠡᠵᠦ ᠬᠡᠯᠡᠭᠡᠷᠡᠢ᠃ ᠲᠡᠭᠡᠪᠡᠯ ᠲᠡᠷᠡ ᠬᠥᠮᠦᠨ ᠳᠠᠷᠤᠢᠬᠠᠨ ᠶᠠᠪᠤᠭᠤᠯᠤᠨ᠎ᠠ》 ᠭᠡᠵᠡᠢ᠃ 4 ᠡᠢᠨ ᠬᠦ ᠡᠰᠢ ᠦᠵᠡᠭᠦᠯᠦᠭᠴᠢ ᠪᠠᠷ᠂ 5 《ᠽᠢᠶᠣᠨ ᠥᠬᠢᠨ ᠳᠤ ᠬᠡᠯᠡᠭᠡᠴᠢ᠄ 〈ᠬᠠᠷᠠ᠂ ᠳᠥᠯᠭᠡᠨ ᠬᠠᠭᠠᠨ ᠴᠢᠨᠢ ᠡᠯᠵᠢᠭᠡᠨ ᠳᠡᠭᠡᠷ᠎ᠡ᠂ ᠡᠯᠵᠢᠭᠡᠨ ᠳᠠᠭ᠎ᠠ ᠶᠢᠨ ᠳᠡᠭᠡᠷ᠎ᠡ ᠤᠨᠤᠵᠤ ᠴᠢᠮ᠎ᠠ ᠤᠷᠤᠭᠤ ᠠᠢᠰᠤᠢ〉》 ᠭᠡᠵᠦ ᠬᠡᠯᠡᠭᠦᠯᠦᠭᠰᠡᠨ ᠨᠢ ᠪᠡᠶᠡᠯᠡᠭᠳᠡᠵᠡᠢ᠃ 6 ᠱᠠᠪᠢ ᠨᠠᠷ ᠨᠢ ᠶᠠᠪᠤᠵᠤ ᠢᠰᠦ᠋ᠰ ᠤᠨ ᠵᠠᠬᠢᠭᠰᠠᠨ ᠶᠣᠰᠣᠭᠠᠷ ᠬᠢᠪᠡ᠃ 7 ᠲᠡᠳᠡ ᠡᠯᠵᠢᠭᠡ ᠶᠢ ᠳᠠᠭ᠎ᠠ ᠲᠠᠢ ᠨᠢ ᠠᠪᠴᠢᠷᠠᠵᠤ ᠬᠤᠪᠴᠠᠰᠤ ᠪᠠᠨ ᠲᠣᠬᠣᠬᠤ ᠳᠤ᠂ ᠢᠰᠦ᠋ᠰ ᠤᠨᠤᠯ᠎ᠠ᠃ 8 ᠦᠢ ᠲᠦᠮᠡᠨ ᠬᠥᠮᠦᠨ ᠵᠠᠮ ᠳᠡᠭᠡᠷ᠎ᠡ ᠬᠤᠪᠴᠠᠰᠤ ᠪᠠᠨ ᠳᠡᠪᠢᠰᠦᠭᠰᠡᠨ ᠪᠥᠭᠡᠳ ᠵᠠᠷᠢᠮ ᠨᠢ ᠮᠣᠳᠣᠨ ᠤ ᠮᠥᠴᠢᠷ ᠣᠭᠲᠣᠯᠣᠨ ᠵᠠᠮ ᠳᠡᠭᠡᠷ᠎ᠡ ᠳᠡᠪᠢᠰᠴᠦ ᠪᠠᠢᠯ᠎ᠠ᠃ 9 ᠡᠮᠦᠨ᠎ᠡ ᠬᠣᠢᠨ᠎ᠠ ᠨᠢ ᠶᠠᠪᠤᠭ᠎ᠠ ᠣᠯᠠᠨ ᠬᠥᠮᠦᠨ ᠴᠢᠩᠭ᠍᠎ᠠ ᠳᠠᠭᠤ ᠪᠠᠷ᠄ 《ᠳ᠋ᠠᠸᠢᠳ᠋ ᠤᠨ ᠤᠳᠤᠮ ᠳᠤ ᠬᠣᠰᠠᠨᠨᠠ 35 ︕ ᠡᠵᠡᠨ ᠦ ᠨᠡᠷ᠎ᠡ ᠪᠡᠷ ᠢᠷᠡᠭᠴᠢ ᠢᠷᠥᠭᠡᠯ ᠲᠡᠢ ᠡ 36 ︕ ᠳᠡᠭᠡᠳᠦ ᠶᠢᠨ ᠳᠡᠭᠡᠳᠦ ᠳᠦ ᠬᠣᠰᠠᠨᠨᠠ 37 ︕》 ᠭᠡᠵᠦ ᠪᠠᠢᠯ᠎ᠠ᠃ 10 ᠢᠰᠦ᠋ᠰ ᠶᠧᠷᠦ᠋ᠰᠠᠯᠧᠮ ᠳᠤ ᠣᠷᠣᠭᠰᠠᠨ ᠳᠤ᠂ ᠪᠦᠬᠦ ᠬᠣᠲᠠ ᠪᠠᠷ ᠢᠶᠠᠨ ᠦᠢᠮᠡᠯᠳᠦᠭᠰᠡᠨ ᠪᠥᠭᠡᠳ 《ᠡᠨᠡ ᠬᠡᠨ ᠪᠢᠯᠡ︖》 ᠭᠡᠵᠡᠭᠡᠬᠦ ᠳᠦ᠂ 11 ᠬᠤᠷᠠᠭᠰᠠᠨ ᠣᠯᠠᠨ᠄ 《ᠡᠨᠡ ᠴᠢᠨᠢ ᠭᠠᠯᠢᠯᠠᠶ᠎ᠠ ᠳᠠᠬᠢ ᠨᠠᠽᠠᠷᠧᠲ ᠤᠨ ᠡᠰᠢ ᠦᠵᠡᠭᠦᠯᠦᠭᠴᠢ ᠢᠰᠦ᠋ᠰ ᠪᠠᠢᠨ᠎ᠠ》 ᠭᠡᠯᠴᠡᠪᠡ᠃
 ᠠᠷᠢᠭᠤᠨ ᠣᠷᠳᠣᠨ ᠠᠴᠠ ᠬᠤᠳᠠᠯᠳᠤᠭᠠᠴᠢᠳ ᠢ ᠬᠥᠭᠡᠭᠡᠭᠰᠡᠨ ᠨᠢ

12 ᠢᠰᠦ᠋ᠰ ᠠᠷᠢᠭᠤᠨ ᠣᠷᠳᠣᠨ ᠤ ᠬᠦᠷᠢᠶᠡᠨ ᠳᠦ ᠣᠷᠣᠭᠠᠳ᠂ ᠲᠡᠨᠳᠡ ᠪᠠᠢᠭᠰᠠᠨ ᠬᠤᠳᠠᠯᠳᠤᠭᠴᠢᠳ ᠪᠣᠯᠣᠨ ᠬᠤᠳᠠᠯᠳᠤᠨ ᠠᠪᠤᠭᠴᠢᠳ ᠢ ᠴᠥᠮ ᠢ ᠨᠢ ᠬᠥᠭᠡᠭᠡᠵᠦ᠂ ᠵᠣᠭᠣᠰ ᠰᠣᠯᠢᠭᠴᠢᠳ ᠤᠨ ᠰᠢᠷᠡᠭᠡ᠂ ᠲᠠᠭᠲᠠᠭ᠎ᠠ ᠬᠤᠳᠠᠯᠳᠤᠭᠴᠢᠳ ᠤᠨ ᠰᠠᠨᠳᠠᠯᠢ ᠶᠢ ᠬᠥᠮᠥᠷᠢᠵᠦ ᠣᠷᠬᠢᠪᠠ᠃ 13 ᠢᠰᠦ᠋ᠰ ᠲᠡᠳᠡᠨ ᠳᠦ᠄ 《〈ᠮᠢᠨᠦ ᠥᠷᠭᠥᠭᠡ ᠳᠠᠭᠠᠳᠬᠠᠯ ᠤᠨ ᠥᠷᠭᠥᠭᠡ ᠭᠡᠵᠦ ᠨᠡᠷᠡᠯᠡᠭᠳᠡᠨ᠎ᠡ〉 ᠬᠡᠮᠡᠨ ᠪᠢᠴᠢᠭᠳᠡᠭᠰᠡᠨ ᠠᠲᠠᠯ᠎ᠠ᠂ ᠲᠠ ᠨᠠᠷ ᠡᠭᠦᠨ ᠢ ᠳᠡᠭᠡᠷᠡᠮᠴᠢᠳ ᠤᠨ ᠡᠭᠦᠷ ᠪᠣᠯᠭᠠᠵᠤ ᠪᠠᠢᠨ᠎ᠠ》 ᠭᠡᠯ᠎ᠡ᠃

14 ᠠᠷᠢᠭᠤᠨ ᠣᠷᠳᠣᠨ ᠳᠤ ᠪᠠᠢᠬᠤ ᠳᠤᠨᠢ ᠰᠣᠬᠣᠷ᠂ ᠳᠣᠭᠣᠯᠠᠩ ᠬᠥᠮᠦᠰ ᠢᠷᠡᠪᠡ᠃ ᠢᠰᠦ᠋ᠰ ᠲᠡᠳᠡᠨ ᠢ ᠡᠳᠡᠭᠡᠭᠡᠵᠡᠢ᠃ 15 ᠬᠠᠷᠢᠨ ᠠᠬᠠᠯᠠᠬᠤ ᠲᠠᠬᠢᠯᠴᠢᠳ ᠪᠠ ᠪᠢᠴᠢᠭᠲᠡᠳ ᠢᠰᠦ᠋ᠰ ᠤᠨ ᠦᠢᠯᠡᠳᠦᠭᠰᠡᠨ ᠭᠠᠢᠬᠠᠮᠰᠢᠭᠲᠤ ᠵᠦᠢᠯᠡᠰ ᠪᠣᠯᠣᠨ ᠣᠷᠳᠣᠨ ᠤ ᠬᠦᠷᠢᠶᠡᠨ ᠳᠦ 《ᠳ᠋ᠠᠸᠢᠳ᠋ ᠤᠨ ᠤᠳᠤᠮ ᠳᠤ ᠬᠣᠰᠠᠨᠨᠠ︕》 ᠭᠡᠵᠦ ᠬᠠᠰᠬᠢᠷᠤᠯᠳᠤᠵᠤ ᠪᠤᠢ ᠬᠡᠦᠬᠡᠳ ᠤᠳ ᠢ ᠬᠠᠷᠠᠭᠠᠳ ᠠᠭᠤᠷᠯᠠᠵᠤ᠂ 16 ᠢᠰᠦ᠋ᠰ ᠲᠤ 《ᠲᠡᠳᠡᠨ ᠦ ᠶᠠᠭᠤ ᠭᠡᠵᠡᠭᠡᠵᠦ ᠪᠠᠢᠭ᠎ᠠ ᠶᠢ ᠰᠣᠨᠣᠰᠴᠤ ᠪᠠᠢᠨ᠎ᠠ ᠤᠤ︖》 ᠬᠡᠮᠡᠬᠦ ᠳᠦ᠂ ᠢᠰᠦ᠋ᠰ᠄ 《ᠲᠡᠢᠮᠦ ᠡ᠂ 〈ᠲᠠ ᠪᠠᠯᠴᠢᠷ᠂ ᠬᠥᠬᠥᠭᠦᠯ ᠬᠡᠦᠬᠡᠳ ᠤᠳ ᠤᠨ ᠠᠮᠠ ᠪᠠᠷ ᠮᠠᠭᠲᠠᠭᠠᠯ ᠢ ᠲᠡᠭᠦᠯᠳᠡᠷᠵᠢᠭᠦᠯᠦᠭᠰᠡᠨ〉 ᠭᠡᠰᠡᠨ ᠢ ᠲᠠ ᠨᠠᠷ ᠬᠠᠷᠠᠬᠠᠨ ᠤᠩ᠋ᠰᠢᠭ᠎ᠠ ᠦᠭᠡᠢ ᠶᠤᠮ ᠤᠤ︖》 ᠭᠡᠪᠡ᠃ 17 ᠢᠰᠦ᠋ᠰ ᠲᠡᠳᠡᠨ ᠢ ᠣᠷᠬᠢᠨ ᠬᠣᠲᠠ ᠠᠴᠠ ᠭᠠᠷᠴᠤ᠂ ᠪᠧᠲ᠋ᠠᠨᠢᠶ᠎ᠠ ᠳᠤ ᠣᠴᠢᠭᠠᠳ ᠲᠡᠨᠳᠡ ᠪᠡᠨ ᠬᠣᠨᠣᠭᠯᠠᠪᠠ᠃
 ᠦᠷ᠎ᠡ ᠵᠢᠮᠢᠰ ᠦᠭᠡᠢ ᠮᠣᠳᠣ

18 ᠢᠰᠦ᠋ᠰ ᠦᠷ ᠢᠶᠡᠷ ᠬᠣᠲᠠ ᠤᠷᠤᠭᠤ ᠪᠤᠴᠠᠬᠤ ᠳᠠᠭᠠᠨ ᠥᠯᠥᠰᠴᠦ ᠪᠠᠢᠯ᠎ᠠ᠃ 19 ᠲᠡᠷᠡ ᠵᠠᠮ ᠤᠨ ᠬᠠᠵᠠᠭᠤ ᠳᠠᠬᠢ ᠨᠢᠭᠡ ᠢᠨᠵᠢᠷ ᠤᠨ ᠮᠣᠳᠣ ᠶᠢ ᠬᠠᠷᠠᠭᠠᠳ ᠲᠡᠰᠢ ᠣᠴᠢᠭᠰᠠᠨ ᠪᠣᠯᠪᠠᠴᠤ ᠨᠠᠪᠴᠢᠨ ᠠᠴᠠ ᠥᠭᠡᠷ᠎ᠡ ᠶᠠᠭᠤ ᠴᠤ ᠣᠯᠣᠭᠰᠠᠨ ᠦᠭᠡᠢ᠃ ᠢᠰᠦ᠋ᠰ ᠲᠡᠷᠡ ᠮᠣᠳᠣᠨ ᠳᠤ᠄ 《ᠡᠭᠦᠨ ᠡᠴᠡ ᠬᠣᠢᠰᠢ ᠥᠨᠢ ᠮᠥᠩᠬᠡᠳᠡ ᠴᠢᠮ᠎ᠠ ᠳᠤ ᠵᠢᠮᠢᠰ ᠦᠯᠦ ᠰᠠᠭᠤᠬᠤ ᠪᠣᠯᠲᠤᠭᠠᠢ︕》 ᠭᠡᠬᠦ ᠳᠦ᠂ ᠢᠨᠵᠢᠷ ᠤᠨ ᠮᠣᠳᠣ ᠳᠣᠣᠷ᠎ᠠ ᠪᠠᠨ ᠬᠠᠲᠠᠵᠠᠢ᠃ 20 ᠱᠠᠪᠢ ᠨᠠᠷ ᠨᠢ ᠡᠭᠦᠨ ᠢ ᠬᠠᠷᠠᠭᠠᠳ ᠭᠠᠢᠬᠠᠵᠤ᠄ 《ᠢᠨᠵᠢᠷ ᠤᠨ ᠮᠣᠳᠣ ᠶᠠᠭᠠᠬᠢᠭᠠᠳ ᠳᠣᠣᠷ᠎ᠠ ᠪᠠᠨ ᠬᠠᠲᠠᠴᠢᠬᠠᠪᠠ︖》 ᠭᠡᠵᠡᠭᠡᠪᠡ᠃ 21 ᠢᠰᠦ᠋ᠰ ᠬᠠᠷᠢᠭᠤ ᠳᠤᠨᠢ᠄ 《ᠲᠠ ᠨᠠᠷ ᠲᠤ ᠪᠠᠲᠤᠲᠠᠢ ᠬᠡᠯᠡᠶ᠎ᠡ᠂ ᠬᠡᠷᠪᠡ ᠲᠠ ᠨᠠᠷ ᠢᠲᠡᠭᠡᠯ ᠲᠡᠢ᠂ ᠡᠷᠡᠭᠡᠯᠵᠡᠯ ᠦᠭᠡᠢ ᠪᠠᠢᠪᠠᠯ ᠢᠨᠵᠢᠷ ᠤᠨ ᠮᠣᠳᠣᠨ ᠳᠤ ᠦᠢᠯᠡᠳᠦᠭᠰᠡᠨ ᠢ ᠮᠢᠨᠢ ᠦᠢᠯᠡᠳᠬᠦ ᠪᠡᠷ ᠪᠠᠷᠠᠬᠤ ᠦᠭᠡᠢ᠂ ᠡᠨᠡ ᠠᠭᠤᠯᠠᠨ ᠳᠤ 〈ᠡ᠊ᠨᠳᠡ ᠡᠴᠡ ᠨᠡᠭᠦᠵᠦ᠂ ᠳᠠᠯᠠᠢ ᠳᠤ ᠬᠠᠶᠠᠭᠳᠠ〉 ᠭᠡᠰᠡᠨ ᠴᠤ ᠲᠡᠢᠨ ᠬᠦ ᠪᠡᠶᠡᠯᠡᠭᠳᠡᠬᠦ ᠪᠣᠯᠣᠨ᠎ᠠ᠃ 22 ᠲᠠ ᠨᠠᠷ ᠢᠲᠡᠭᠡᠪᠡᠯ᠂ ᠶᠠᠭᠤ ᠳᠠᠭᠠᠳᠬᠠᠵᠤ ᠭᠤᠶᠤᠭᠰᠠᠨ ᠴᠤ ᠪᠦᠬᠦᠨ ᠢ ᠣᠯᠬᠤ ᠪᠣᠯᠣᠨ᠎ᠠ》 ᠭᠡᠪᠡ᠃
 ᠢᠰᠦ᠋ᠰ ᠤᠨ ᠡᠷᠬᠡ

23 ᠢᠰᠦ᠋ᠰ ᠠᠷᠢᠭᠤᠨ ᠣᠷᠳᠣᠨ ᠳᠤ ᠣᠷᠣᠭᠠᠳ ᠰᠤᠷᠭᠠᠯ ᠵᠢᠭᠠᠵᠤ ᠪᠠᠢᠲᠠᠯ᠎ᠠ᠂ ᠠᠬᠠᠯᠠᠬᠤ ᠲᠠᠬᠢᠯᠴᠢᠳ ᠬᠢᠭᠡᠳ ᠠᠷᠠᠳ ᠤᠨ ᠠᠬᠠᠯᠠᠭᠴᠢᠳ ᠢᠷᠡᠵᠦ ᠲᠡᠭᠦᠨ ᠳᠦ᠄ 《ᠴᠢ ᠶᠠᠮᠠᠷ ᠡᠷᠬᠡ ᠪᠡᠷ ᠡᠳᠡᠭᠡᠷ ᠢ ᠦᠢᠯᠡᠳᠴᠦ ᠪᠠᠢᠨ᠎ᠠ ᠪᠤᠢ︖ ᠬᠡᠨ ᠴᠢᠮ᠎ᠠ ᠳᠤ ᠡᠨᠡ ᠡᠷᠬᠡ ᠶᠢ ᠥᠭᠭᠥᠭᠰᠡᠨ ᠪᠤᠢ︖》 ᠭᠡᠬᠦ ᠳᠦ᠂ 24 ᠢᠰᠦ᠋ᠰ ᠬᠠᠷᠢᠭᠤ ᠳᠤᠨᠢ᠄ 《ᠪᠢ ᠴᠤ ᠲᠠ ᠨᠠᠷ ᠠᠴᠠ ᠨᠢᠭᠡ ᠶᠠᠭᠤᠮ᠎ᠠ ᠠᠰᠠᠭᠤᠶ᠎ᠠ᠃ ᠲᠠ ᠨᠠᠷ ᠨᠠᠳᠠ ᠳᠤ ᠬᠠᠷᠢᠭᠤᠯᠪᠠᠯ᠂ ᠪᠢ ᠶᠠᠮᠠᠷ ᠡᠷᠬᠡ ᠪᠡᠷ ᠡᠳᠡᠭᠡᠷ ᠢ ᠦᠢᠯᠡᠳᠴᠦ ᠪᠠᠢᠭ᠎ᠠ ᠪᠠᠨ ᠲᠠ ᠨᠠᠷ ᠲᠤ ᠬᠡᠯᠡᠶ᠎ᠡ᠃ 25 ᠶᠣᠬᠠᠨ ᠤ ᠤᠬᠢᠶᠠᠯ ᠬᠠᠮᠢᠭ᠎ᠠ ᠠᠴᠠ ᠢᠷᠡᠭᠰᠡᠨ ᠪᠤᠢ︖ ᠲᠩᠷᠢ ᠡᠴᠡ ᠤᠤ︖ ᠡᠰᠡᠪᠡᠯ ᠬᠥᠮᠦᠨ ᠡᠴᠡ ᠤᠤ︖》 ᠭᠡᠯ᠎ᠡ᠃ ᠲᠡᠳᠡ ᠬᠣᠭᠣᠷᠣᠨᠳᠣ ᠪᠠᠨ ᠵᠥᠪᠳᠡᠵᠦ᠄ 《ᠬᠡᠷᠪᠡ ᠪᠢᠳᠡ᠄ 〈ᠲᠩᠷᠢ ᠡᠴᠡ〉 ᠭᠡᠪᠡᠯ᠂ ᠲᠡᠷᠡ᠄ 〈ᠲᠡᠭᠡᠪᠡᠯ ᠲᠠ ᠨᠠᠷ ᠶᠠᠭᠠᠬᠢᠭᠠᠳ ᠲᠡᠭᠦᠨ ᠳᠦ ᠢᠲᠡᠭᠡᠭᠰᠡᠨ ᠦᠭᠡᠢ ᠪᠤᠢ︖〉 ᠭᠡᠨ᠎ᠡ ᠳᠠ᠃ 26 〈ᠬᠥᠮᠦᠨ ᠡᠴᠡ〉 ᠭᠡᠬᠦ ᠨᠢ ᠠᠶᠤᠮᠰᠢᠭ ᠲᠠᠢ᠂ ᠶᠠᠭᠠᠬᠢᠭᠠᠳ ᠭᠡᠪᠡᠯ᠂ ᠠᠷᠠᠳ ᠣᠯᠠᠨ ᠪᠦᠭᠦᠳᠡᠭᠡᠷ ᠢᠶᠡᠨ ᠶᠣᠬᠠᠨ ᠢ ᠡᠰᠢ ᠦᠵᠡᠭᠦᠯᠦᠭᠴᠢ ᠭᠡᠵᠦ ᠦᠵᠡᠵᠦ ᠪᠠᠢᠨ᠎ᠠ》 ᠭᠡᠳ᠂ 27 ᠢᠰᠦ᠋ᠰ ᠲᠤ᠄ 《ᠪᠢᠳᠡ ᠮᠡᠳᠡᠬᠦ ᠦᠭᠡᠢ》 ᠭᠡᠵᠦ ᠬᠠᠷᠢᠭᠤᠯᠤᠭᠰᠠᠨ ᠳᠤ᠂ ᠢᠰᠦ᠋ᠰ ᠲᠡᠳᠡᠨ ᠳᠦ᠄ 《ᠪᠢ ᠴᠤ ᠭᠡᠰᠡᠨ ᠶᠠᠮᠠᠷ ᠡᠷᠬᠡ ᠪᠡᠷ ᠡᠳᠡᠭᠡᠷ ᠢ ᠬᠢᠵᠦ ᠪᠠᠢᠭ᠎ᠠ ᠪᠠᠨ ᠲᠠ ᠨᠠᠷ ᠲᠤ ᠬᠡᠯᠡᠬᠦ ᠦᠭᠡᠢ᠃
 ᠬᠣᠶᠠᠷ ᠬᠦᠦ ᠶᠢᠨ ᠦᠯᠢᠭᠡᠷᠯᠡᠯ

28 ᠬᠠᠷᠢᠨ ᠲᠠ ᠨᠠᠷ ᠶᠠᠭᠤ ᠭᠡᠵᠦ ᠪᠣᠳᠣᠵᠤ ᠪᠠᠢᠨ᠎ᠠ︖ ᠨᠢᠭᠡᠨ ᠬᠥᠮᠦᠨ ᠬᠣᠶᠠᠷ ᠬᠦᠦ ᠲᠠᠢ ᠪᠠᠢᠵᠠᠢ᠃ ᠲᠡᠷᠡ ᠤᠤᠭᠠᠨ ᠬᠦᠦ ᠳᠡᠭᠡᠨ ᠣᠴᠢᠵᠤ᠄ 〈ᠬᠦᠦ ᠮᠢᠨᠢ᠂ ᠥᠨᠥᠳᠥᠷ ᠴᠢ ᠦᠵᠦᠮ ᠦᠨ ᠬᠦᠷᠢᠶᠡᠯᠡᠩ ᠳᠡᠭᠡᠨ ᠶᠠᠪᠤᠵᠤ ᠠᠵᠢᠯᠯᠠᠭᠠᠷᠠᠢ〉 ᠭᠡᠰᠡᠨ ᠳᠦ᠂ 29 ᠬᠦᠦ ᠨᠢ᠄ 〈ᠪᠢ ᠶᠠᠪᠤᠬᠤ ᠦᠭᠡᠢ〉 ᠭᠡᠰᠡᠨ ᠪᠣᠯᠪᠠᠴᠤ ᠡᠴᠦᠰ ᠲᠡᠭᠡᠨ ᠰᠠᠨᠠᠭ᠎ᠠ ᠪᠠᠨ ᠥᠭᠡᠷᠡᠴᠢᠯᠡᠵᠦ ᠶᠠᠪᠤᠵᠠᠢ᠃ 30 ᠡᠴᠢᠭᠡ ᠨᠢ ᠬᠣᠶᠠᠳᠤᠭᠠᠷ ᠬᠦᠦ ᠳᠡᠭᠡᠨ ᠣᠴᠢᠭᠠᠳ ᠲᠡᠭᠦᠨᠴᠢᠯᠡᠨ ᠬᠡᠯᠡᠬᠦ ᠳᠦ᠂ ᠬᠦᠦ ᠨᠢ᠄ 〈ᠠᠪᠤ ᠡ᠂ ᠪᠢ ᠶᠠᠪᠤᠶ᠎ᠠ〉 ᠭᠡᠰᠡᠨ ᠪᠣᠯᠪᠠᠴᠤ ᠶᠠᠪᠤᠭᠰᠠᠨ ᠦᠭᠡᠢ᠃ 31 ᠬᠣᠶᠠᠷ ᠬᠦᠦ ᠶᠢᠨ ᠠᠯᠢ ᠨᠢ ᠡᠴᠢᠭᠡ ᠶᠢᠨ ᠢᠶᠠᠨ ᠰᠠᠨᠠᠭ᠎ᠠ ᠶᠢ ᠪᠡᠶᠡᠯᠡᠭᠦᠯᠦᠭᠰᠡᠨ ᠪᠤᠢ︖》 ᠭᠡᠬᠦ ᠳᠦ᠂ ᠲᠡᠳᠡ᠄ 《ᠤᠤᠭᠠᠨ ᠨᠢ》 ᠭᠡᠪᠡ᠃ ᠢᠰᠦ᠋ᠰ ᠲᠡᠳᠡᠨ ᠳᠦ᠄ 《ᠲᠠ ᠨᠠᠷ ᠲᠤ ᠪᠠᠲᠤᠲᠠᠢ ᠬᠡᠯᠡᠶ᠎ᠡ᠃ ᠭᠠᠢᠯᠢᠴᠢᠳ ᠪᠠ ᠶᠠᠩ᠋ᠬᠠᠨ ᠨᠤᠭᠤᠳ ᠲᠠ ᠨᠠᠷ ᠠᠴᠠ ᠤᠷᠢᠳᠠᠪᠠᠷ ᠪᠤᠷᠬᠠᠨ ᠤ ᠬᠠᠭᠠᠨᠴᠢᠯᠠᠯ ᠳᠤ ᠣᠷᠣᠵᠤ ᠪᠠᠢᠨ᠎ᠠ᠃ 32 ᠶᠣᠬᠠᠨ ᠵᠥᠪ ᠶᠣᠰᠣᠨ ᠤ ᠵᠠᠮ ᠢᠶᠠᠷ ᠲᠠ ᠨᠠᠷ ᠤᠷᠤᠭᠤ ᠢᠷᠡᠬᠦ ᠳᠦ᠂ ᠲᠠ ᠨᠠᠷ ᠲᠡᠭᠦᠨ ᠳᠦ ᠢᠲᠡᠭᠡᠭᠰᠡᠨ ᠦᠭᠡᠢ᠃ ᠬᠠᠷᠢᠨ ᠭᠠᠢᠯᠢᠴᠢᠳ ᠪᠣᠯᠣᠨ ᠶᠠᠩ᠋ᠬᠠᠨ ᠨᠤᠭᠤᠳ ᠲᠡᠭᠦᠨ ᠳᠦ ᠢᠲᠡᠭᠡᠭᠰᠡᠨ ᠶᠤᠮ᠃ ᠲᠠ ᠨᠠᠷ ᠡᠨᠡ ᠶᠠᠪᠤᠳᠠᠯ ᠢ ᠦᠵᠡᠭᠰᠡᠨ ᠪᠣᠯᠪᠠᠴᠤ ᠡᠴᠦᠰ ᠲᠤᠨᠢ ᠬᠦᠷᠲᠡᠯ᠎ᠡ ᠰᠠᠨᠠᠭ᠎ᠠ ᠪᠠᠨ ᠥᠭᠡᠷᠡᠴᠢᠯᠡᠭᠰᠡᠨ ᠦᠭᠡᠢ᠂ ᠲᠡᠭᠦᠨ ᠳᠦ ᠢᠲᠡᠭᠡᠭᠰᠡᠨ ᠦᠭᠡᠢ᠃
 ᠮᠠᠭᠤ ᠦᠵᠦᠮᠴᠢᠳ ᠤᠨ ᠦᠯᠢᠭᠡᠷᠯᠡᠯ

33 ᠥᠭᠡᠷ᠎ᠡ ᠨᠢᠭᠡ ᠦᠯᠢᠭᠡᠷᠯᠡᠯ ᠢ ᠰᠣᠨᠣᠰᠴᠠᠭ᠎ᠠ᠃ ᠨᠢᠭᠡ ᠭᠠᠵᠠᠷ ᠤᠨ ᠡᠵᠡᠨ ᠪᠠᠢᠵᠠᠢ᠃ ᠲᠡᠷᠡ ᠦᠵᠦᠮ ᠦᠨ ᠬᠦᠷᠢᠶᠡᠯᠡᠩ ᠪᠠᠢᠭᠤᠯᠵᠤ ᠬᠠᠰᠢᠶᠠᠯᠠᠭᠠᠳ᠂ ᠦᠵᠦᠮ ᠰᠢᠬᠠᠬᠤ ᠨᠦᠬᠡ ᠮᠠᠯᠲᠠᠵᠤ᠂ ᠴᠠᠮᠬᠠᠭ ᠪᠣᠰᠬᠠᠨ᠂ ᠦᠵᠦᠮᠴᠢᠳ ᠲᠤ ᠬᠦᠷᠢᠶᠡᠯᠡᠩ ᠢᠶᠡᠨ ᠲᠦᠷᠢᠶᠡᠰᠦᠯᠡᠵᠦ ᠥᠭᠭᠥᠭᠡᠳ ᠭᠠᠳᠠᠭᠠᠳᠤ ᠳᠤ ᠶᠠᠪᠤᠵᠤ ᠭᠡᠨ᠎ᠡ᠃ 34 ᠬᠤᠷᠢᠶᠠᠯᠲᠠ ᠶᠢᠨ ᠴᠠᠭ ᠣᠢᠷᠠᠲᠤᠬᠤ ᠳᠤ᠂ ᠡᠵᠡᠨ ᠨᠢ ᠵᠢᠮᠢᠰ ᠢᠶᠠᠨ ᠠᠪᠴᠢᠷᠠᠭᠤᠯᠬᠤ ᠪᠠᠷ ᠵᠠᠷᠤᠴᠠ ᠨᠠᠷ ᠢᠶᠠᠨ ᠦᠵᠦᠮᠴᠢᠳ ᠤᠷᠤᠭᠤ ᠶᠠᠪᠤᠭᠤᠯᠵᠠᠢ᠃ 35 ᠦᠵᠦᠮᠴᠢᠳ ᠵᠠᠷᠤᠴᠠ ᠨᠠᠷ ᠢ ᠨᠢ ᠪᠠᠷᠢᠵᠤ ᠨᠢᠭᠡ ᠶᠢ ᠨᠢ ᠵᠣᠳᠣᠵᠤ᠂ ᠨᠥᠭᠥᠭᠡ ᠶᠢ ᠨᠢ ᠠᠯᠠᠵᠤ᠂ ᠭᠤᠷᠪᠠᠳᠠᠬᠢ ᠶᠢ ᠨᠢ ᠴᠢᠯᠠᠭᠤ ᠪᠠᠷ ᠴᠣᠬᠢᠪᠠ᠃ 36 ᠡᠵᠡᠨ ᠨᠢ ᠳᠠᠬᠢᠭᠠᠳ ᠠᠩ᠋ᠬᠠᠨ ᠤ ᠬᠢ ᠡᠴᠡ ᠪᠡᠨ ᠣᠯᠠᠨ ᠵᠠᠷᠤᠴᠠ ᠶᠢ ᠶᠠᠪᠤᠭᠤᠯᠤᠭᠰᠠᠨ ᠳᠤ᠂ ᠦᠵᠦᠮᠴᠢᠳ ᠲᠡᠳᠡᠨ ᠳᠦ ᠮᠥᠨ ᠯᠠ ᠲᠡᠭᠡᠵᠦ ᠬᠠᠨᠳᠤᠵᠠᠢ᠃ 37 ᠡᠴᠦᠰ ᠲᠤᠨᠢ ᠲᠡᠷᠡ᠄ 〈ᠲᠡᠳᠡ ᠬᠦᠦ ᠶᠢ ᠮᠢᠨᠢ ᠬᠦᠨᠳᠦᠯᠡᠬᠦ ᠪᠢᠵᠡ〉 ᠭᠡᠳ ᠬᠦᠦ ᠪᠡᠨ ᠢᠯᠡᠭᠡᠪᠡ᠃ 38 ᠭᠡᠲᠡᠯ᠎ᠡ ᠦᠵᠦᠮᠴᠢᠳ ᠬᠦᠦ ᠶᠢ ᠨᠢ ᠬᠠᠷᠠᠭᠠᠳ ᠬᠣᠭᠣᠷᠣᠨᠳᠣ ᠪᠠᠨ᠄ 〈ᠥᠪᠯᠡᠭᠴᠢ ᠨᠢ ᠶᠤᠮ ᠪᠠᠢᠨ᠎ᠠ᠂ ᠠᠯᠢ᠂ ᠲᠡᠭᠦᠨ ᠢ ᠠᠯᠠᠭᠠᠳ ᠥᠪ ᠢ ᠨᠢ ᠡᠵᠡᠯᠡᠵᠡᠭᠡᠶ᠎ᠡ〉 ᠭᠡᠯᠴᠡᠨ᠂ 39 ᠲᠡᠭᠦᠨ ᠢ ᠪᠠᠷᠢᠪᠴᠢᠯᠠᠨ ᠦᠵᠦᠮ ᠦᠨ ᠬᠦᠷᠢᠶᠡᠯᠡᠭ ᠡᠴᠡ ᠭᠠᠷᠭᠠᠵᠤ ᠠᠯᠠᠪᠠ᠃ 40 ᠣᠳᠣ ᠦᠵᠦᠮ ᠦᠨ ᠬᠦᠷᠢᠶᠡᠯᠡᠩ ᠦᠨ ᠡᠵᠡᠨ ᠪᠤᠴᠠᠵᠤ ᠢᠷᠡᠬᠦ ᠳᠡᠭᠡᠨ ᠲᠡᠷᠡ ᠦᠵᠦᠮᠴᠢᠳ ᠢ ᠶᠠᠭᠠᠬᠢᠬᠤ ᠪᠤᠢ︖》 ᠭᠡᠰᠡᠨ ᠳᠦ᠂ 41 ᠲᠡᠳᠡ᠄ 《ᠮᠠᠭᠤ ᠶᠢ ᠮᠠᠭᠤ ᠪᠠᠷ ᠨᠢ ᠲᠡᠭᠦᠰᠬᠡᠵᠦ᠂ ᠦᠷ᠎ᠡ ᠵᠢᠮᠢᠰ ᠢ ᠴᠠᠭ ᠲᠠᠭᠠᠨ ᠲᠤᠰᠢᠶᠠᠬᠤ ᠥᠭᠡᠷ᠎ᠡ ᠦᠵᠦᠮᠴᠢᠳ ᠲᠤ ᠬᠦᠷᠢᠶᠡᠯᠡᠩ ᠢᠶᠡᠨ ᠲᠦᠷᠢᠶᠡᠰᠦᠯᠡᠵᠦ ᠥᠭᠭᠥᠨ᠎ᠡ》 ᠭᠡᠪᠡ᠃

42 ᠢᠰᠦ᠋ᠰ ᠲᠡᠳᠡᠨ ᠳᠦ᠄ 《〈ᠪᠠᠷᠢᠯᠭᠠᠴᠢᠳ ᠤᠨ ᠭᠣᠯᠣᠭᠰᠠᠨ ᠴᠢᠯᠠᠭᠤ᠂ ᠲᠤᠯᠭᠠᠭᠤᠷᠢ ᠴᠢᠯᠠᠭᠤ 38 ᠪᠣᠯᠪᠠ᠃ ᠡᠵᠡᠨ ᠡᠭᠦᠨ ᠢ ᠬᠢᠭᠰᠡᠨ᠂ ᠪᠢᠳᠡᠨ ᠦ ᠨᠢᠳᠦᠨ ᠳᠦ ᠭᠠᠢᠬᠠᠯᠲᠠᠢ〉 ᠭᠡᠰᠡᠨ ᠡᠰᠢᠯᠡᠯ ᠢ ᠲᠠ ᠨᠠᠷ ᠶᠡᠷᠦ ᠳᠡᠭᠡᠨ ᠤᠩ᠋ᠰᠢᠭ᠎ᠠ ᠦᠭᠡᠢ ᠤᠤ︖ 43 ᠡᠢᠮᠦ ᠡᠴᠡ ᠲᠠ ᠨᠠᠷ ᠲᠤ ᠬᠡᠯᠡᠶ᠎ᠡ᠃ ᠪᠤᠷᠬᠠᠨ ᠬᠠᠭᠠᠨᠴᠢᠯᠠᠯ ᠢᠶᠠᠨ ᠲᠠ ᠨᠠᠷ ᠠᠴᠠ ᠠᠪᠴᠤ᠂ ᠬᠠᠭᠠᠨᠴᠢᠯᠠᠯ ᠤᠨ ᠦᠷ᠎ᠡ ᠵᠢᠮᠢᠰ ᠰᠠᠭᠤᠳᠠᠭ ᠦᠨᠳᠦᠰᠦᠲᠡᠨ ᠳᠦ ᠰᠣᠶᠣᠷᠬᠠᠬᠤ ᠪᠣᠯᠣᠨ᠎ᠠ᠃ 44 [ᠬᠡᠨ ᠲᠡᠷᠡ ᠴᠢᠯᠠᠭᠤᠨ ᠳᠡᠭᠡᠷ᠎ᠡ ᠤᠨᠠᠪᠠᠯ ᠪᠢᠴᠠᠷᠠᠨ᠎ᠠ᠂ ᠬᠡᠨ ᠦ ᠳᠡᠭᠡᠷ᠎ᠡ ᠡᠨᠡ ᠴᠢᠯᠠᠭᠤ ᠤᠨᠠᠪᠠᠯ ᠨᠢᠴᠠᠯᠤᠨ᠎ᠠ]》 ᠭᠡᠪᠡ᠃

45 ᠹᠠᠷᠢᠰᠠᠢᠴᠤᠳ ᠪᠣᠯᠣᠨ ᠠᠬᠠᠯᠠᠬᠤ ᠲᠠᠬᠢᠯᠴᠢᠳ ᠢᠰᠦ᠋ᠰ ᠤᠨ ᠦᠯᠢᠭᠡᠷᠯᠡᠯ ᠢ ᠰᠣᠨᠣᠰᠣᠭᠠᠳ᠂ ᠥᠪᠡᠷᠰᠡᠳ ᠦᠨ ᠬᠢᠨᠢ ᠲᠤᠬᠠᠢ ᠶᠠᠷᠢᠵᠤ ᠪᠤᠢ ᠶᠢ ᠨᠢ ᠮᠡᠳᠡᠭᠡᠳ᠂ 46 ᠲᠡᠭᠦᠨ ᠢ ᠪᠠᠷᠢᠪᠴᠢᠯᠠᠬᠤ ᠭᠡᠰᠡᠨ ᠪᠣᠯᠪᠠᠴᠤ ᠠᠷᠠᠳ ᠣᠯᠠᠨ ᠠᠴᠠ ᠠᠶᠤᠪᠠ᠃ ᠤᠴᠢᠷ ᠨᠢ ᠲᠡᠳᠡ ᠢᠰᠦ᠋ᠰ ᠢ ᠡᠰᠢ ᠦᠵᠡᠭᠦᠯᠦᠭᠴᠢ ᠭᠡᠵᠦ ᠦᠵᠡᠳᠡᠭ ᠠᠵᠢ᠃