1 2 3 4 5 6 7 8 9 10 11 12 13 14 15 16 17 18 19 20 21 22 23 24 25 26 27 28


ᠮᠠᠲ᠋ᠠᠢ ᠠᠷᠪᠠᠨ ᠵᠢᠷᠭᠤᠭ᠎ᠠ
 ᠢᠰᠦ᠋ᠰ ᠢ ᠲᠡᠩᠰᠡᠭᠴᠢᠳ

1 ᠹᠠᠷᠢᠰᠠᠢᠴᠤᠳ᠂ ᠰᠠᠳᠣᠺᠠᠢᠴᠤᠳ ᠢᠷᠡᠵᠦ ᠢᠰᠦ᠋ᠰ ᠢ ᠲᠡᠩᠰᠡᠨ᠂ ᠲᠩᠷᠢ ᠶᠢᠨ ᠰᠢᠳᠢ ᠲᠡᠮᠳᠡᠭ ᠦᠵᠡᠭᠦᠯᠬᠦ ᠶᠢ ᠱᠠᠭᠠᠷᠳᠠᠪᠠ᠃ 2 ᠲᠡᠷᠡ ᠬᠠᠷᠢᠭᠤ ᠳᠤᠨᠢ᠄ 《ᠣᠷᠣᠢ ᠨᠢ ᠲᠠ ᠨᠠᠷ᠄ 〈ᠲᠩᠷᠢ ᠤᠯᠠᠢᠵᠦ ᠪᠠᠢᠨ᠎ᠠ᠂ ᠴᠡᠯᠮᠡᠭ ᠪᠣᠯᠬᠤ ᠨᠢ〉 ᠭᠡᠳᠡᠭ᠂ 3 ᠥᠷᠯᠥᠭᠡ ᠨᠢ᠄ 〈ᠲᠩᠷᠢ ᠤᠯᠠᠢᠵᠤ᠂ ᠪᠦᠷᠬᠦᠢᠵᠦ ᠪᠠᠢᠨ᠎ᠠ᠂ ᠥᠨᠥᠳᠥᠷ ᠰᠢᠭᠤᠷᠭ᠎ᠠ ᠲᠠᠢ ᠪᠠᠢᠬᠤ ᠨᠢ〉 ᠭᠡᠳᠡᠭ᠃ ᠲᠠ ᠨᠠᠷ ᠲᠩᠷᠢ ᠶᠢᠨ ᠪᠠᠢᠳᠠᠯ ᠢ ᠰᠢᠨᠵᠢᠯᠡᠵᠦ ᠮᠡᠳᠡᠳᠡᠭ ᠪᠠᠢᠲᠠᠯ᠎ᠠ ᠪᠠᠨ ᠴᠠᠭ ᠦᠶ᠎ᠡ ᠶᠢᠨ ᠲᠡᠮᠳᠡᠭ ᠢ ᠢᠯᠭᠠᠵᠤ ᠴᠢᠳᠠᠬᠤ ᠦᠭᠡᠢ ᠤᠤ︖ 4 ᠮᠠᠭᠤ᠂ ᠵᠠᠪᠬᠠᠢ ᠦᠶ᠎ᠡ ᠶᠢᠨ ᠬᠢᠨ ᠰᠢᠳᠢ ᠲᠡᠮᠳᠡᠭ ᠱᠠᠭᠠᠷᠳᠠᠳᠠᠭ ᠪᠣᠯᠪᠠᠴᠤ ᠶᠣᠨᠠ ᠶᠢᠨ ᠬᠢ ᠡᠴᠡ ᠥᠭᠡᠷ᠎ᠡ ᠰᠢᠳᠢ ᠲᠡᠮᠳᠡᠭ ᠲᠡᠳᠡᠨ ᠳᠦ ᠥᠭᠭᠥᠭᠳᠡᠬᠦ ᠦᠭᠡᠢ》 ᠭᠡᠵᠦ ᠬᠡᠯᠡᠭᠡᠳ ᠲᠡᠳᠡᠨ ᠢ ᠣᠷᠬᠢᠨ ᠶᠠᠪᠤᠪᠠ᠃

5 ᠱᠠᠪᠢ ᠨᠠᠷ ᠨᠢ ᠨᠠᠭᠤᠷ ᠤᠨ ᠨᠥᠭᠥᠭᠡ ᠲᠠᠯ᠎ᠠ ᠳᠤ ᠬᠦᠷᠪᠡ᠂ ᠲᠡᠳᠡ ᠪᠣᠣᠪᠣ ᠠᠪᠴᠢᠷᠠᠬᠤ ᠪᠠᠨ ᠮᠠᠷᠲᠠᠭᠰᠠᠨ ᠪᠠᠢᠵᠠᠢ᠃ 6 ᠢᠰᠦ᠋ᠰ ᠲᠡᠳᠡᠨ ᠳᠦ᠄ 《ᠠᠩ᠋ᠬᠠᠷᠤᠭᠲᠤᠨ᠂ ᠹᠠᠷᠢᠰᠠᠢᠴᠤᠳ ᠪᠠ ᠰᠠᠳᠣᠺᠠᠢᠴᠤᠳ ᠤᠨ ᠢᠰᠭᠡᠭᠦᠷ ᠡᠴᠡ ᠪᠣᠯᠭᠣᠮᠵᠢᠯᠠ》 ᠭᠡᠬᠦ ᠳᠦ᠂ 7 ᠱᠠᠪᠢ ᠨᠠᠷ ᠨᠢ ᠬᠣᠭᠣᠷᠣᠨᠳᠣ ᠪᠠᠨ᠄ 《ᠪᠢᠳᠡᠨ ᠢ ᠪᠣᠣᠪᠣ ᠠᠪᠤᠭ᠎ᠠ ᠦᠭᠡᠢ ᠭᠡᠵᠦ ᠪᠠᠢᠨ᠎ᠠ》 ᠭᠡᠯᠴᠡᠵᠦ ᠪᠠᠢᠪᠠ᠃ 8 ᠢᠰᠦ᠋ᠰ ᠡᠭᠦᠨ ᠢ ᠮᠡᠳᠡᠭᠡᠳ᠄ 《ᠢᠲᠡᠭᠡᠯ ᠪᠠᠭ᠎ᠠ ᠲᠠᠢ ᠬᠥᠮᠦᠰ ᠡ᠂ ᠶᠠᠭᠤᠨ ᠳᠤ ᠪᠣᠣᠪᠣ ᠪᠠᠢᠬᠤ ᠦᠭᠡᠢ ᠭᠡᠵᠦ ᠶᠠᠷᠢᠯᠴᠠᠨ᠎ᠠ ᠪᠤᠢ︖ 9 ᠲᠠ ᠨᠠᠷ ᠬᠠᠷᠠᠬᠠᠨ ᠣᠢᠯᠠᠭᠠᠭ᠎ᠠ ᠦᠭᠡᠢ ᠤᠤ︖ ᠲᠠᠪᠤᠨ ᠮᠢᠩ᠋ᠭᠠᠨ ᠬᠥᠮᠦᠨ ᠦ ᠲᠠᠪᠤᠨ ᠪᠣᠣᠪᠣ ᠶᠢ ᠰᠠᠨᠠᠬᠤ ᠦᠭᠡᠢ ᠤᠤ︖ ᠬᠤᠷᠢᠶᠠᠬᠤ ᠳᠤ ᠴᠢᠨᠢ ᠬᠡᠳᠦᠨ ᠰᠠᠭᠰᠤ ᠳᠦᠭᠦᠷᠦᠭᠰᠡᠨ ᠪᠤᠢ︖ 10 ᠮᠥᠨ ᠳᠥᠷᠪᠡᠨ ᠮᠢᠩ᠋ᠭᠠᠨ ᠬᠥᠮᠦᠨ ᠦ ᠳᠣᠯᠣᠭᠠᠨ ᠪᠣᠣᠪᠣ ᠶᠢ ᠰᠠᠨᠠᠬᠤ ᠦᠭᠡᠢ ᠤᠤ︖ ᠬᠤᠷᠢᠶᠠᠬᠤ ᠳᠤ ᠴᠢᠨᠢ ᠬᠡᠳᠦᠨ ᠰᠠᠭᠰᠤ ᠳᠦᠭᠦᠷᠦᠭᠰᠡᠨ ᠪᠤᠢ︖ 11 ᠲᠠ ᠨᠠᠷ ᠶᠠᠭᠠᠬᠢᠭᠠᠳ ᠣᠢᠯᠠᠭᠠᠬᠤ ᠦᠭᠡᠢ ᠪᠤᠢ︖ ᠪᠢ ᠲᠠ ᠨᠠᠷ ᠲᠤ ᠪᠣᠣᠪᠣ ᠶᠢᠨ ᠲᠤᠬᠠᠢ ᠶᠠᠷᠢᠭᠰᠠᠨ ᠦᠭᠡᠢ᠂ ᠹᠠᠷᠢᠰᠠᠢᠴᠤᠳ ᠪᠣᠯᠣᠨ ᠰᠠᠳᠣᠺᠠᠢᠴᠤᠳ ᠤᠨ ᠢᠰᠭᠡᠭᠦᠷ ᠡᠴᠡ ᠪᠣᠯᠭᠣᠮᠵᠢᠯᠠ》 ᠭᠡᠪᠡ᠃ 12 ᠲᠡᠭᠡᠬᠦ ᠳᠦ ᠯᠠ ᠪᠣᠣᠪᠣ ᠶᠢᠨ ᠢᠰᠭᠡᠭᠦᠷ ᠡᠴᠡ ᠪᠢᠰᠢ᠂ ᠬᠠᠷᠢᠨ ᠹᠠᠷᠢᠰᠠᠢᠴᠤᠳ ᠪᠣᠯᠣᠨ ᠰᠠᠳᠣᠺᠠᠢᠴᠤᠳ ᠤᠨ ᠰᠤᠷᠭᠠᠯ ᠠᠴᠠ ᠪᠣᠯᠭᠣᠮᠵᠢᠯᠠ ᠭᠡᠰᠡᠨ ᠢ ᠨᠢ ᠲᠡᠳᠡ ᠤᠬᠠᠭᠠᠷᠠᠯ᠎ᠠ᠃
 ᠫᠧᠲ᠋ᠧᠷ ᠢᠰᠦ᠋ᠰ ᠢ ᠠᠪᠤᠷᠠᠭᠴᠢ ᠭᠡᠵᠦ ᠢᠯᠡᠷᠬᠡᠶᠢᠯᠡᠭᠰᠡᠨ ᠨᠢ

13 ᠢᠰᠦ᠋ᠰ ᠹᠢᠯᠢᠫᠣᠢ ᠶᠢᠨ ᠺᠠᠶᠧᠰᠠᠷᠢᠶ᠎ᠠ ᠨᠤᠲᠤᠭ ᠲᠤ ᠬᠦᠷᠦᠭᠡᠳ ᠱᠠᠪᠢ ᠨᠠᠷ ᠠᠴᠠ ᠪᠠᠨ᠄ 《ᠬᠥᠮᠦᠰ ᠬᠥᠮᠦᠨ ᠦ ᠬᠦᠦ ᠶᠢ ᠬᠡᠨ ᠭᠡᠵᠦ ᠶᠠᠷᠢᠳᠠᠭ ᠪᠤᠢ︖》 ᠭᠡᠵᠦ ᠠᠰᠠᠭᠤᠪᠠ᠃ 14 ᠲᠡᠳᠡ᠄ 《ᠵᠠᠷᠢᠮ ᠨᠢ ᠤᠬᠢᠶᠠᠯ ᠬᠦᠷᠲᠡᠭᠡᠭᠴᠢ ᠶᠣᠬᠠᠨ ᠭᠡᠵᠦ᠂ ᠵᠠᠷᠢᠮ ᠨᠢ ᠧᠯᠢᠶ᠎ᠠ᠂ ᠪᠠᠰᠠ ᠵᠠᠷᠢᠮ ᠨᠢ ᠶᠧᠷᠧᠮᠢᠶ᠎ᠠ ᠪᠤᠶᠤ ᠡᠰᠢ ᠦᠵᠡᠭᠦᠯᠦᠭᠴᠢᠳ ᠤᠨ ᠨᠢᠭᠡ ᠭᠡᠳᠡᠭ》 ᠭᠡᠬᠦ ᠳᠦ᠂ 15 ᠲᠡᠷᠡ᠄ 《ᠬᠠᠷᠢᠨ ᠲᠠ ᠨᠠᠷ ᠨᠠᠮᠠᠶᠢ ᠬᠡᠨ ᠭᠡᠳᠡᠭ ᠪᠤᠢ︖》 ᠭᠡᠪᠡ᠃ 16 ᠰᠢᠮᠣᠨ ᠫᠧᠲ᠋ᠧᠷ ᠬᠠᠷᠢᠭᠤ ᠳᠤᠨᠢ᠄ 《ᠲᠠ ᠪᠣᠯ ᠾᠷᠢᠰᠲ᠋ᠣᠰ᠂ ᠠᠮᠢᠳᠤ ᠪᠤᠷᠬᠠᠨ ᠤ ᠬᠦᠦ ᠮᠥᠨ》 ᠭᠡᠰᠡᠨ ᠳᠦ᠂ 17 ᠢᠰᠦ᠋ᠰ ᠲᠡᠭᠦᠨ ᠳᠦ᠄ 《ᠶᠣᠨᠠ ᠶᠢᠨ ᠬᠦᠦ ᠰᠢᠮᠣᠨ ᠡ᠂ ᠴᠢ ᠪᠤᠶᠠᠨ ᠲᠠᠢ︕ ᠡᠭᠦᠨ ᠢ ᠴᠢᠮ᠎ᠠ ᠳᠤ ᠢᠯᠡᠷᠬᠡᠶᠢᠯᠡᠭᠴᠢ ᠨᠢ ᠮᠢᠬ᠎ᠠ ᠴᠢᠰᠤᠲᠤ ᠬᠥᠮᠦᠨ ᠪᠢᠰᠢ᠂ ᠬᠠᠷᠢᠨ ᠲᠩᠷᠢ ᠳᠠᠬᠢ ᠮᠢᠨᠦ ᠡᠴᠢᠭᠡ ᠶᠤᠮ᠃ 18 ᠪᠢ ᠴᠤ ᠴᠢᠮ᠎ᠠ ᠳᠤ ᠬᠡᠯᠡᠶ᠎ᠡ᠃ ᠴᠢ ᠪᠣᠯ ᠫᠧᠲ᠋ᠧᠷ 24 ᠂ ᠡᠨᠡ ᠬᠠᠳᠠᠨ ᠳᠡᠭᠡᠷ᠎ᠡ ᠪᠢ ᠴᠢᠭᠤᠯᠭᠠᠨ ᠢᠶᠠᠨ ᠪᠣᠰᠬᠠᠨ᠎ᠠ᠂ ᠲᠡᠭᠦᠨ ᠢ ᠦᠬᠦᠭᠰᠡᠳ ᠦᠨ ᠣᠷᠣᠨ ᠤ ᠬᠠᠭᠠᠯᠭ᠎ᠠ ᠳᠡᠢᠯᠬᠦ ᠦᠭᠡᠢ᠃ 19 ᠪᠢ ᠴᠢᠮ᠎ᠠ ᠳᠤ ᠲᠩᠷᠢ ᠶᠢᠨ ᠬᠠᠭᠠᠨᠴᠢᠯᠠᠯ ᠤᠨ ᠲᠦᠯᠬᠢᠭᠦᠷ ᠢ ᠥᠭᠭᠥᠨ᠎ᠡ᠃ ᠴᠢ ᠭᠠᠵᠠᠷ ᠳᠡᠭᠡᠷ᠎ᠡ ᠶᠠᠭᠤ ᠶᠢ ᠬᠦᠯᠢᠪᠡᠯ᠂ ᠲᠡᠷᠡ ᠨᠢ ᠲᠩᠷᠢ ᠳᠤ ᠴᠤ ᠬᠦᠯᠢᠭᠳᠡᠨ᠎ᠡ 25 ᠃ ᠭᠠᠵᠠᠷ ᠳᠡᠭᠡᠷ᠎ᠡ ᠶᠠᠭᠤ ᠶᠢ ᠰᠤᠯᠠᠯᠠᠪᠠᠯ᠂ ᠲᠡᠷᠡ ᠨᠢ ᠲᠩᠷᠢ ᠳᠤ ᠴᠤ ᠰᠤᠯᠠᠯᠠᠭᠳᠠᠨ᠎ᠠ 26 》 ᠭᠡᠯ᠎ᠡ᠃ 20 ᠲᠡᠭᠡᠭᠡᠳ ᠢᠰᠦ᠋ᠰ ᠥᠪᠡᠷ ᠦᠨ ᠬᠢᠨᠢ ᠾᠷᠢᠰᠲ᠋ᠣᠰ ᠭᠡᠳᠡᠭ ᠢ ᠬᠡᠨ ᠳᠦ ᠴᠤ ᠬᠡᠯᠡᠵᠦ ᠪᠣᠯᠬᠤ ᠦᠭᠡᠢ ᠶᠢ ᠱᠠᠪᠢ ᠨᠠᠷ ᠲᠠᠭᠠᠨ ᠵᠠᠬᠢᠵᠠᠢ᠃
 ᠢᠰᠦ᠋ᠰ ᠠᠯᠠᠭᠳᠠᠵᠤ ᠠᠮᠢᠯᠠᠬᠤ ᠲᠤᠬᠠᠢ ᠪᠠᠨ (1)

21 ᠢᠰᠦ᠋ᠰ ᠲᠡᠷᠡ ᠴᠠᠭ ᠠᠴᠠ ᠬᠣᠢᠰᠢ ᠶᠧᠷᠦ᠋ᠰᠠᠯᠧᠮ ᠳᠤ ᠣᠴᠢᠬᠤ ᠪᠠ ᠠᠬᠠᠯᠠᠭᠴᠢᠳ᠂ ᠠᠬᠠᠯᠠᠬᠤ ᠲᠠᠬᠢᠯᠴᠢᠳ ᠪᠣᠯᠣᠨ ᠪᠢᠴᠢᠭᠲᠡᠳ ᠦᠨ ᠭᠠᠷ ᠲᠤ ᠶᠡᠬᠡ ᠵᠣᠪᠠᠯᠠᠩ ᠠᠮᠰᠠᠬᠤ᠂ ᠠᠯᠠᠭᠳᠠᠭᠠᠳ ᠭᠤᠷᠪᠠᠳᠤᠭᠠᠷ ᠡᠳᠦᠷ ᠳᠡᠭᠡᠷ᠎ᠡ ᠪᠡᠨ ᠠᠮᠢᠯᠠᠬᠤ ᠶᠣᠰᠣᠲᠠᠢ ᠪᠠᠨ ᠱᠠᠪᠢ ᠨᠠᠷ ᠲᠠᠭᠠᠨ ᠲᠠᠢᠯᠪᠤᠷᠢᠯᠠᠵᠤ ᠡᠬᠢᠯᠡᠪᠡ᠃ 22 ᠫᠧᠲ᠋ᠧᠷ ᠢᠰᠦ᠋ᠰ ᠢ ᠬᠠᠵᠠᠭᠤ ᠲᠡᠰᠢ ᠠᠪᠠᠴᠢᠭᠠᠳ᠄ 《ᠶᠠᠭᠠᠬᠢᠯ᠎ᠠ ᠭᠡᠵᠢ᠂ ᠡᠵᠡᠨ ᠡ︕ ᠡᠢᠮᠦ ᠶᠠᠭᠤᠮ᠎ᠠ ᠲᠠᠨ ᠳᠤ ᠶᠠᠭᠠᠬᠢᠭᠰᠠᠨ ᠴᠤ ᠲᠣᠬᠢᠶᠠᠯᠳᠤᠬᠤ ᠦᠭᠡᠢ ᠶᠤᠮ》 ᠭᠡᠵᠦ ᠵᠢᠮᠡᠯᠡᠵᠦ ᠡᠬᠢᠯᠡᠭᠰᠡᠨ ᠳᠦ᠂ 23 ᠢᠰᠦ᠋ᠰ ᠡᠷᠭᠢᠨ ᠫᠧᠲ᠋ᠧᠷ ᠲᠤ᠄ 《ᠮᠢᠨᠦ ᠠᠷᠤ ᠠᠴᠠ ᠵᠠᠢᠯᠠ᠂ ᠰᠠᠲ᠋ᠠᠨ︕ ᠴᠢ ᠪᠣᠯ ᠨᠠᠮᠠᠶᠢ ᠪᠦᠳᠦᠷᠢᠭᠦᠯᠦᠭᠴᠢ᠃ ᠴᠢ ᠪᠤᠷᠬᠠᠨ ᠤ ᠬᠢ ᠶᠢ ᠪᠤᠰᠤ᠂ ᠬᠠᠷᠢᠨ ᠬᠥᠮᠦᠨ ᠦ ᠬᠢ ᠶᠢ ᠪᠣᠳᠣᠵᠤ ᠪᠠᠢᠨ᠎ᠠ》 ᠭᠡᠯ᠎ᠡ᠃
 ᠱᠠᠪᠢ ᠪᠣᠯᠬᠤ ᠶᠢᠨ ᠦᠨ᠎ᠡ ᠥᠷᠳᠡᠭ

24 ᠲᠡᠭᠡᠭᠡᠳ ᠢᠰᠦ᠋ᠰ ᠱᠠᠪᠢ ᠨᠠᠷ ᠲᠠᠭᠠᠨ᠄ 《ᠬᠡᠨ ᠨᠠᠮᠠᠶᠢ ᠳᠠᠭᠠᠶ᠎ᠠ ᠭᠡᠪᠡᠯ᠂ ᠥᠪᠡᠷ ᠢ ᠪᠠᠨ ᠣᠭᠣᠷᠴᠤ᠂ ᠵᠠᠭᠠᠯᠮᠠᠢ ᠪᠠᠨ ᠡᠭᠦᠷᠴᠦ ᠨᠠᠮᠠᠶᠢ ᠳᠠᠭ᠎ᠠ᠃ 25 ᠤᠴᠢᠷ ᠨᠢ ᠬᠡᠨ ᠠᠮᠢ ᠪᠠᠨ ᠠᠪᠤᠷᠠᠶ᠎ᠠ ᠭᠡᠪᠡᠯ᠂ ᠠᠮᠢ ᠪᠠᠨ ᠠᠯᠳᠠᠨ᠎ᠠ᠃ ᠬᠡᠨ ᠮᠢᠨᠦ ᠲᠥᠯᠥᠭᠡ ᠠᠮᠢ ᠪᠠᠨ ᠠᠯᠳᠠᠪᠠᠯ ᠠᠮᠢ ᠪᠠᠨ ᠣᠯᠣᠨ᠎ᠠ᠃ 26 ᠬᠥᠮᠦᠨ ᠪᠦᠬᠦ ᠳᠡᠯᠡᠬᠡᠢ ᠶᠢ ᠣᠯᠣᠭᠰᠠᠨ ᠴᠤ ᠠᠮᠢ ᠪᠠᠨ ᠠᠯᠳᠠᠪᠠᠯ ᠶᠠᠮᠠᠷ ᠠᠰᠢᠭ ᠪᠠᠢᠬᠤ ᠪᠢᠯᠡ︖ ᠬᠥᠮᠦᠨ ᠶᠠᠭᠤ ᠪᠠᠨ ᠥᠭᠴᠦ ᠠᠮᠢ ᠪᠠᠨ ᠰᠣᠯᠢᠵᠤ ᠠᠪᠬᠤ ᠪᠢᠯᠡ︖

27 ᠤᠴᠢᠷ ᠨᠢ ᠬᠥᠮᠦᠨ ᠦ ᠬᠦᠦ ᠡᠴᠢᠭᠡ ᠶᠢᠨ ᠢᠶᠠᠨ ᠠᠯᠳᠠᠷ ᠰᠤᠤ ᠪᠠᠷ ᠲᠩᠷᠢ ᠶᠢᠨ ᠡᠯᠴᠢᠳ ᠲᠠᠢ ᠪᠠᠨ ᠬᠠᠮᠲᠤ ᠢᠷᠡᠬᠦ ᠪᠥᠭᠡᠳ ᠲᠡᠷᠡ ᠦᠶ᠎ᠡ ᠳᠦ ᠬᠥᠮᠦᠨ ᠪᠦᠷᠢ ᠳᠤ ᠦᠢᠯᠡᠰ ᠦᠨ ᠬᠢᠨᠢ ᠶᠣᠰᠣᠭᠠᠷ ᠬᠠᠷᠢᠭᠤᠯᠬᠤ ᠪᠣᠯᠣᠨ᠎ᠠ᠃ 28 ᠲᠠ ᠨᠠᠷ ᠲᠤ ᠪᠠᠲᠤᠲᠠᠢ ᠬᠡᠯᠡᠶ᠎ᠡ᠃ ᠡ᠊ᠨᠳᠡ ᠵᠣᠭᠰᠣᠵᠤ ᠪᠤᠢ ᠬᠥᠮᠦᠰ ᠦᠨ ᠵᠠᠷᠢᠮ ᠨᠢ ᠬᠥᠮᠦᠨ ᠦ ᠬᠦᠦ ᠶᠢᠨ ᠬᠠᠭᠠᠨᠴᠢᠯᠠᠯ ᠳᠠᠭᠠᠨ ᠢᠷᠡᠬᠦ ᠶᠢ ᠦᠵᠡᠬᠦ ᠡᠴᠡ ᠨᠠᠰᠢ ᠦᠬᠦᠯ ᠢ ᠶᠡᠷᠦ ᠠᠮᠰᠠᠬᠤ ᠦᠭᠡᠢ》 ᠭᠡᠵᠡᠢ᠃