1 2 3 4 5 6 7 8 9 10 11 12 13 14 15 16 17 18 19 20 21 22 23 24 25 26 27 28


ᠮᠠᠲ᠋ᠠᠢ ᠠᠷᠪᠠᠨ ᠭᠤᠷᠪᠠ
 ᠦᠯᠢᠭᠡᠷᠯᠡᠯ ᠢᠶᠡᠷ ᠵᠢᠭᠠᠭᠰᠠᠨ ᠨᠢ

1 ᠲᠡᠷᠡ ᠡᠳᠦᠷ ᠢᠰᠦ᠋ᠰ ᠭᠡᠷ ᠡᠴᠡ ᠭᠠᠷᠴᠤ ᠨᠠᠭᠤᠷ ᠤᠨ ᠬᠥᠪᠡᠭᠡᠨ ᠳᠦ ᠰᠠᠭᠤᠵᠤ ᠪᠠᠢᠯ᠎ᠠ᠃ 2 ᠲᠡᠭᠦᠨ ᠦ ᠬᠠᠵᠠᠭᠤ ᠳᠤ ᠦᠯᠡᠮᠵᠢ ᠣᠯᠠᠨ ᠬᠥᠮᠦᠨ ᠴᠤᠭᠯᠠᠷᠠᠭᠰᠠᠨ ᠲᠤᠯᠠ ᠲᠡᠷᠡ ᠵᠠᠪᠢᠨ ᠳᠤ ᠭᠠᠷᠴᠤ ᠰᠠᠭᠤᠵᠠᠢ᠃ ᠬᠤᠷᠠᠭᠰᠠᠨ ᠣᠯᠠᠨ ᠴᠥᠮ ᠢᠶᠡᠷ ᠢᠶᠠᠨ ᠡᠷᠭᠢ ᠳᠡᠭᠡᠷ᠎ᠡ ᠵᠣᠭᠰᠣᠵᠤ ᠪᠠᠢᠯ᠎ᠠ᠃ 3 ᠢᠰᠦ᠋ᠰ ᠲᠡᠳᠡᠨ ᠳᠦ ᠦᠯᠢᠭᠡᠷᠯᠡᠯ ᠢᠶᠡᠷ ᠣᠯᠠᠨ ᠵᠦᠢᠯ ᠢ ᠵᠢᠭᠠᠬᠤ ᠳᠠᠭᠠᠨ᠄ 《ᠠᠩ᠋ᠬᠠᠷᠤᠭᠲᠤᠨ᠂ ᠲᠠᠷᠢᠶᠠᠴᠢᠨ ᠦᠷ᠎ᠡ ᠰᠠᠴᠤᠬᠤ ᠪᠠᠷ ᠭᠠᠷᠴᠠᠢ᠃ 4 ᠲᠡᠷᠡ ᠪᠡᠷ ᠦᠷ᠎ᠡ ᠶᠢ ᠰᠠᠴᠤᠬᠤ ᠳᠤ᠂ ᠵᠠᠷᠢᠮ ᠨᠢ ᠵᠠᠮ ᠢᠶᠠᠷ ᠤᠨᠠᠭᠰᠠᠨ ᠳᠤ ᠰᠢᠪᠠᠭᠤᠳ ᠢᠷᠡᠭᠡᠳ ᠢᠳᠡᠴᠢᠬᠡᠵᠡᠢ᠃ 5 ᠵᠠᠷᠢᠮ ᠨᠢ ᠬᠥᠷᠥᠰᠥ ᠨᠢᠮᠭᠡᠨ ᠴᠢᠯᠠᠭᠤᠷᠬᠠᠭ ᠭᠠᠵᠠᠷ ᠲᠤ ᠤᠨᠠᠵᠤ᠂ ᠲᠦᠳᠡᠬᠡᠨ ᠰᠣᠶᠣᠭᠠᠯᠠᠭᠰᠠᠨ ᠪᠣᠯᠪᠠᠴᠤ ᠬᠥᠷᠥᠰᠥ ᠨᠢ ᠭᠦᠨ ᠪᠢᠰᠢ ᠪᠥᠭᠡᠳ 6 ᠦᠨᠳᠦᠰᠦ ᠦᠭᠡᠢ ᠤᠴᠢᠷ ᠠᠴᠠ ᠨᠠᠷᠠ ᠮᠠᠨᠳᠤᠬᠤ ᠳᠤ ᠬᠣᠷᠪᠣᠢᠨ ᠬᠠᠲᠠᠵᠠᠢ᠃ 7 ᠵᠠᠷᠢᠮ ᠨᠢ ᠥᠷᠭᠡᠰᠦᠲᠦ ᠪᠤᠲᠠᠨ ᠳᠡᠭᠡᠷ᠎ᠡ ᠤᠨᠠᠭᠰᠠᠨ ᠳᠤ᠂ ᠥᠷᠭᠡᠰᠦᠲᠦ ᠪᠤᠲᠠ ᠤᠷᠭᠤᠭᠠᠳ᠂ ᠲᠡᠳᠡᠨ ᠢ ᠰᠢᠬᠠᠪᠠ᠃ 8 ᠬᠠᠷᠢᠨ ᠵᠠᠷᠢᠮ ᠨᠢ ᠰᠠᠢᠨ ᠬᠥᠷᠥᠰᠥᠨ ᠳᠤ ᠤᠨᠠᠵᠤ ᠵᠠᠭᠤ᠂ ᠵᠢᠷᠠ ᠪᠤᠶᠤ ᠭᠤᠴᠢ ᠳᠠᠬᠢᠨ ᠦᠷ᠎ᠡ ᠵᠢᠮᠢᠰ ᠰᠠᠭᠤᠵᠠᠢ᠃ 9 ᠴᠢᠬᠢ ᠲᠠᠢ ᠨᠢ ᠰᠣᠨᠣᠰᠣᠭᠲᠤᠨ》 ᠭᠡᠪᠡ᠃
 ᠲᠠᠢᠯᠪᠤᠷᠢ

10 ᠱᠠᠪᠢ ᠨᠠᠷ ᠨᠢ ᠲᠡᠭᠦᠨ ᠳᠦ ᠳᠥᠭᠥᠨ ᠢᠷᠡᠵᠦ᠄ 《ᠲᠠ ᠶᠠᠭᠠᠬᠢᠭᠠᠳ ᠲᠡᠳᠡᠨ ᠳᠦ ᠦᠯᠢᠭᠡᠷᠯᠡᠯ ᠢᠶᠡᠷ ᠶᠠᠷᠢᠳᠠᠭ ᠪᠤᠢ︖》 ᠭᠡᠬᠦ ᠳᠦ᠂ 11 ᠲᠡᠷᠡ ᠬᠠᠷᠢᠭᠤ ᠳᠤᠨᠢ᠄ 《ᠲᠩᠷᠢ ᠶᠢᠨ ᠬᠠᠭᠠᠨᠴᠢᠯᠠᠯ ᠤᠨ ᠨᠢᠭᠤᠴᠠ ᠨᠤᠭᠤᠳ ᠢ ᠮᠡᠳᠡᠬᠦ ᠨᠢ ᠲᠠ ᠨᠠᠷ ᠲᠤ ᠰᠣᠶᠣᠷᠬᠠᠭᠳᠠᠭᠰᠠᠨ ᠪᠣᠯᠪᠠᠴᠤ ᠲᠡᠳᠡᠨ ᠳᠦ ᠰᠣᠶᠣᠷᠬᠠᠭᠳᠠᠭ᠎ᠠ ᠦᠭᠡᠢ᠃ 12 ᠬᠡᠨ ᠳᠦ ᠴᠤ ᠭᠡᠰᠡᠨ ᠪᠠᠢᠪᠠᠯ ᠢᠯᠡᠭᠦᠦ ᠣᠯᠵᠤ᠂ ᠠᠷᠪᠢᠵᠢᠨ᠎ᠠ᠃ ᠬᠡᠨ ᠳᠦ ᠴᠤ ᠭᠡᠰᠡᠨ ᠪᠠᠢᠬᠤ ᠦᠭᠡᠢ ᠪᠣᠯ ᠪᠠᠢᠭ᠎ᠠ ᠨᠢ ᠴᠤ ᠪᠤᠯᠢᠶᠠᠭᠳᠠᠨ᠎ᠠ᠃ 13 ᠪᠢ ᠶᠠᠭᠠᠬᠢᠭᠠᠳ ᠲᠡᠳᠡᠨ ᠳᠦ ᠦᠯᠢᠭᠡᠷᠯᠡᠯ ᠢᠶᠡᠷ ᠶᠠᠷᠢᠳᠠᠭ ᠪᠤᠢ ᠭᠡᠪᠡᠯ᠂ 〈ᠲᠡᠳᠡ ᠬᠠᠷᠠᠪᠠᠴᠤ ᠣᠯᠵᠤ ᠬᠠᠷᠠᠬᠤ ᠦᠭᠡᠢ᠂ ᠰᠣᠨᠣᠰᠪᠠᠴᠤ ᠣᠢᠯᠠᠭᠠᠬᠤ ᠦᠭᠡᠢ〉 ᠪᠠᠢᠳᠠᠭ ᠶᠤᠮ᠃ 14 ᠢᠰᠠᠢᠶ᠎ᠠ ᠶᠢᠨ ᠡᠰᠢ ᠦᠵᠡᠭᠦᠯᠦᠭᠰᠡᠨ ᠨᠢ ᠲᠡᠳᠡᠨ ᠦ ᠳᠡᠭᠡᠷ᠎ᠡ ᠪᠡᠶᠡᠯᠡᠭᠳᠡᠵᠦ ᠪᠠᠢᠨ᠎ᠠ᠃ 〈ᠲᠠ ᠨᠠᠷ ᠰᠣᠨᠣᠰᠣᠨ ᠰᠣᠨᠣᠰᠪᠠᠴᠤ ᠶᠡᠷᠦ ᠣᠢᠯᠠᠭᠠᠬᠤ ᠦᠭᠡᠢ ᠬᠠᠷᠠᠨ ᠬᠠᠷᠠᠪᠠᠴᠤ ᠶᠡᠷᠦ ᠦᠵᠡᠬᠦ ᠦᠭᠡᠢ᠃〉
15 〈ᠡᠨᠡ ᠠᠷᠠᠳ ᠲᠦᠮᠡᠨ ᠦ ᠵᠢᠷᠦᠬᠡ ᠨᠢ ᠬᠠᠲᠠᠭᠤᠷᠠᠵᠤ ᠴᠢᠬᠢ ᠨᠢ ᠮᠠᠭᠤᠳᠠᠵᠤ᠂ ᠨᠢᠳᠦ ᠨᠢ ᠠᠨᠢᠵᠠᠢ ᠲᠡᠳᠡ ᠨᠢᠳᠦ ᠪᠡᠷ ᠢᠶᠠᠨ ᠬᠠᠷᠠᠬᠤ᠂ ᠴᠢᠬᠢ ᠪᠠᠷ ᠢᠶᠠᠨ ᠰᠣᠨᠣᠰᠬᠤ᠂ ᠵᠢᠷᠦᠬᠡ ᠪᠡᠷ ᠢᠶᠠᠨ ᠣᠢᠯᠠᠭᠠᠬᠤ᠂ ᠡᠷᠭᠢᠵᠦ ᠢᠷᠡᠬᠦ ᠤᠴᠢᠷ ᠦᠭᠡᠢ᠂ ᠪᠢ ᠲᠡᠳᠡᠨ ᠢ ᠡᠳᠡᠭᠡᠭᠡᠬᠦ ᠦᠭᠡᠢ〉
ᠭᠡᠵᠦ ᠲᠡᠷᠡ ᠬᠡᠯᠡᠭᠰᠡᠨ ᠪᠢᠯᠡ᠃ 16 ᠬᠠᠷᠢᠨ ᠲᠠ ᠨᠠᠷ ᠤᠨ ᠨᠢᠳᠦ ᠬᠠᠷᠠᠵᠤ ᠪᠠᠢᠭ᠎ᠠ ᠲᠤᠯᠠ ᠪᠤᠶᠠᠨ ᠲᠠᠢ᠂ ᠲᠠ ᠨᠠᠷ ᠤᠨ ᠴᠢᠬᠢ ᠰᠣᠨᠣᠰᠴᠤ ᠪᠠᠢᠭ᠎ᠠ ᠲᠤᠯᠠ ᠪᠤᠶᠠᠨ ᠲᠠᠢ᠃ 17 ᠲᠠ ᠨᠠᠷ ᠲᠤ ᠪᠠᠲᠤᠲᠠᠢ ᠬᠡᠯᠡᠶ᠎ᠡ᠃ ᠣᠯᠠᠨ ᠡᠰᠢ ᠦᠵᠡᠭᠦᠯᠦᠭᠴᠢ ᠪᠣᠯᠣᠨ ᠵᠥᠪᠲᠦ ᠬᠥᠮᠦᠨ ᠲᠠ ᠨᠠᠷ ᠤᠨ ᠬᠠᠷᠠᠵᠤ ᠪᠠᠢᠭ᠎ᠠ ᠶᠢ ᠬᠠᠷᠠᠬᠤ ᠭᠡᠵᠦ ᠲᠡᠮᠡᠦᠯᠦᠭᠰᠡᠨ ᠪᠣᠯᠪᠠᠴᠤ ᠬᠠᠷᠠᠭᠰᠠᠨ ᠦᠭᠡᠢ᠂ ᠲᠠ ᠨᠠᠷ ᠤᠨ ᠰᠣᠨᠣᠰᠴᠤ ᠪᠠᠢᠭ᠎ᠠ ᠶᠢ ᠰᠣᠨᠣᠰᠬᠤ ᠭᠡᠵᠦ ᠲᠡᠮᠡᠦᠯᠦᠭᠰᠡᠨ ᠪᠣᠯᠪᠠᠴᠤ ᠰᠣᠨᠣᠰᠣᠭᠰᠠᠨ ᠦᠭᠡᠢ᠃

18 ᠲᠠ ᠨᠠᠷ ᠣᠳᠣ ᠦᠷ᠎ᠡ ᠰᠠᠴᠤᠭᠴᠢ ᠶᠢᠨ ᠦᠯᠢᠭᠡᠷᠯᠡᠯ ᠢ ᠰᠣᠨᠣᠰᠣᠭᠲᠤᠨ᠃ 19 ᠬᠡᠨ ᠬᠠᠭᠠᠨᠴᠢᠯᠠᠯ ᠤᠨ ᠦᠭᠡ ᠶᠢ ᠰᠣᠨᠣᠰᠣᠭᠠᠳ ᠣᠢᠯᠠᠭᠠᠬᠤ ᠦᠭᠡᠢ ᠪᠣᠯ ᠮᠠᠭᠤ ᠨᠢᠭᠡᠨ ᠨᠢ ᠢᠷᠡᠵᠦ᠂ ᠲᠡᠭᠦᠨ ᠦ ᠰᠡᠳᠬᠢᠯ ᠳᠤ ᠰᠠᠴᠤᠭᠳᠠᠭᠰᠠᠨ ᠢ ᠪᠤᠯᠢᠶᠠᠨ ᠠᠪᠤᠨ᠎ᠠ᠃ ᠡᠳᠡᠭᠡᠷ ᠬᠥᠮᠦᠨ ᠪᠣᠯ ᠵᠠᠮ ᠤᠨ ᠬᠠᠪᠢ ᠪᠠᠷ ᠰᠠᠴᠤᠭᠳᠠᠭᠰᠠᠨ ᠦᠷ᠎ᠡ ᠶᠤᠮ᠃ 20 ᠴᠢᠯᠠᠭᠤᠷᠬᠠᠭ ᠭᠠᠵᠠᠷ ᠲᠤ ᠰᠠᠴᠤᠭᠳᠠᠭᠰᠠᠨ ᠦᠷ᠎ᠡ ᠭᠡᠳᠡᠭ ᠨᠢ᠂ ᠦᠭᠡ ᠶᠢ ᠰᠣᠨᠣᠰᠣᠮᠠᠭᠴᠠ ᠪᠠᠨ ᠪᠠᠶᠠᠷ ᠲᠠᠢ ᠪᠠᠷ ᠬᠦᠯᠢᠶᠡᠨ ᠠᠪᠳᠠᠭ ᠪᠣᠯᠪᠠᠴᠤ 21 ᠳᠣᠲᠣᠷ᠎ᠠ ᠨᠢ ᠦᠨᠳᠦᠰᠦ ᠦᠭᠡᠢ ᠪᠣᠯᠬᠣᠷ ᠲᠦᠷ ᠵᠠᠭᠤᠷ᠎ᠠ ᠪᠠᠢᠭᠰᠠᠨ ᠢᠶᠠᠨ᠂ ᠦᠭᠡ ᠡᠴᠡ ᠪᠣᠯᠵᠤ ᠬᠠᠪᠴᠢᠯᠭ᠎ᠠ ᠵᠣᠪᠠᠯᠠᠩ ᠲᠣᠬᠢᠶᠠᠯᠳᠤᠪᠠᠯ ᠳᠣᠣᠷ᠎ᠠ ᠪᠠᠨ ᠤᠨᠠᠳᠠᠭ ᠬᠥᠮᠦᠨ ᠪᠢᠯᠡ᠃ 22 ᠥᠷᠭᠡᠰᠦᠲᠦ ᠪᠤᠲᠠᠨ ᠳᠤ ᠰᠠᠴᠤᠭᠳᠠᠭᠰᠠᠨ ᠦᠷ᠎ᠡ ᠭᠡᠳᠡᠭ ᠨᠢ ᠦᠭᠡ ᠶᠢ ᠰᠣᠨᠣᠰᠣᠭᠰᠠᠨ ᠤ ᠳᠠᠷᠠᠭ᠎ᠠ᠂ ᠠᠮᠢᠳᠤᠷᠠᠯ ᠤᠨ ᠵᠣᠪᠠᠭᠤᠷᠢ ᠪᠣᠯᠣᠨ ᠡᠳ᠋ ᠪᠠᠶᠠᠯᠢᠭ ᠤᠨ ᠥᠭᠡᠰᠢ ᠦᠭᠡ ᠶᠢ ᠰᠢᠬᠠᠬᠤ ᠳᠤ᠂ ᠦᠷ᠎ᠡ ᠵᠢᠮᠢᠰ ᠦᠭᠡᠢ ᠪᠣᠯᠳᠠᠭ ᠬᠥᠮᠦᠨ ᠶᠤᠮ᠃ 23 ᠰᠠᠢᠨ ᠬᠥᠷᠥᠰᠥᠨ ᠳᠤ ᠰᠠᠴᠤᠭᠳᠠᠭᠰᠠᠨ ᠦᠷ᠎ᠡ ᠭᠡᠳᠡᠭ ᠨᠢ ᠰᠣᠨᠣᠰᠣᠭᠠᠳ ᠣᠢᠯᠠᠭᠠᠳᠠᠭ ᠬᠥᠮᠦᠨ ᠶᠤᠮ᠂ ᠲᠡᠷᠡ ᠯᠠᠪᠲᠠᠢ ᠦᠷ᠎ᠡ ᠵᠢᠮᠢᠰ ᠰᠠᠭᠤᠯᠭᠠᠳᠠᠭ ᠪᠥᠭᠡᠳ ᠵᠠᠭᠤ᠂ ᠵᠢᠷᠠ᠂ ᠭᠤᠴᠢ ᠳᠠᠬᠢᠨ ᠵᠢᠮᠢᠰᠯᠡᠳᠡᠭ》 ᠭᠡᠵᠡᠢ᠃
 ᠪᠤᠭᠤᠳᠠᠢ ᠶᠢᠨ ᠳᠤᠮᠳᠠᠬᠢ ᠬᠣᠣᠷᠲᠤ ᠪᠤᠭᠤᠳᠠᠢ

24 ᠢᠰᠦ᠋ᠰ ᠲᠡᠳᠡᠨ ᠳᠦ ᠥᠭᠡᠷ᠎ᠡ ᠨᠢᠭᠡᠨ ᠦᠯᠢᠭᠡᠷᠯᠡᠯ ᠶᠠᠷᠢᠵᠤ᠄ 《ᠲᠩᠷᠢ ᠶᠢᠨ ᠬᠠᠭᠠᠨᠴᠢᠯᠠᠯ ᠪᠣᠯ ᠲᠠᠷᠢᠶᠠᠨ ᠳᠠᠭᠠᠨ ᠰᠠᠢᠨ ᠦᠷ᠎ᠡ ᠰᠠᠭᠤᠯᠭᠠᠭᠰᠠᠨ ᠬᠥᠮᠦᠨ ᠲᠡᠢ ᠠᠳᠠᠯᠢ ᠶᠤᠮ᠃ 25 ᠬᠥᠮᠦᠰ ᠤᠨᠲᠠᠵᠤ ᠪᠠᠢᠬᠤ ᠳᠤ ᠲᠡᠭᠦᠨ ᠦ ᠳᠠᠢᠰᠤᠨ ᠢᠷᠡᠵᠦ᠂ ᠪᠤᠭᠤᠳᠠᠢ ᠳᠤᠮᠳᠠ ᠬᠣᠣᠷᠲᠤ ᠪᠤᠭᠤᠳᠠᠢ ᠲᠠᠷᠢᠴᠢᠬᠠᠭᠠᠳ ᠶᠠᠪᠤᠵᠠᠢ᠃ 26 ᠪᠤᠭᠤᠳᠠᠢ ᠰᠣᠶᠣᠭᠠᠯᠠᠵᠤ ᠲᠦᠷᠦᠭᠦᠦ ᠭᠠᠷᠬᠤ ᠳᠤ᠂ ᠬᠣᠣᠷᠲᠤ ᠪᠤᠭᠤᠳᠠᠢ ᠴᠤ ᠦᠵᠡᠭᠳᠡᠪᠡ᠃ 27 ᠵᠠᠷᠤᠴᠠ ᠨᠠᠷ ᠨᠢ ᠲᠠᠷᠢᠶᠠᠨ ᠤ ᠡᠵᠡᠨ ᠳᠡᠭᠡᠨ ᠢᠷᠡᠵᠦ᠄ 〈ᠡᠵᠡᠨ ᠡ᠂ ᠲᠠ ᠲᠠᠷᠢᠶᠠᠨ ᠳᠠᠭᠠᠨ ᠰᠠᠢᠨ ᠦᠷ᠎ᠡ ᠰᠠᠭᠤᠯᠭᠠᠭᠰᠠᠨ ᠪᠢᠰᠢ ᠤᠤ︖ ᠬᠠᠷᠢᠨ ᠬᠣᠣᠷᠲᠤ ᠪᠤᠭᠤᠳᠠᠢ ᠬᠠᠮᠢᠭ᠎ᠠ ᠠᠴᠠ ᠭᠠᠷᠴᠢᠬᠠᠭᠰᠠᠨ ᠪᠣᠯ︖〉 ᠭᠡᠬᠦ ᠳᠦ᠂ 28 ᠡᠵᠡᠨ ᠨᠢ᠄ 〈ᠳᠠᠢᠰᠤᠨ ᠡᠭᠦᠨ ᠢ ᠬᠢᠵᠡᠢ〉 ᠭᠡᠪᠡ᠃ ᠵᠠᠷᠤᠴᠠ ᠨᠠᠷ ᠨᠢ᠄ 〈ᠲᠡᠭᠡᠪᠡᠯ ᠪᠢᠳᠡ ᠶᠠᠪᠤᠵᠤ ᠲᠡᠳᠡᠭᠡᠷ ᠢ ᠲᠡᠭᠦᠬᠦ ᠤᠤ︖〉 ᠭᠡᠰᠡᠨ ᠳᠦ᠂ 29 ᠲᠡᠷᠡ᠄ 〈ᠬᠡᠷᠡᠭ ᠦᠭᠡᠢ᠂ ᠲᠠ ᠨᠠᠷ ᠬᠣᠣᠷᠲᠤ ᠪᠤᠭᠤᠳᠠᠢ ᠶᠢ ᠲᠡᠭᠦᠬᠦ ᠳᠡᠭᠡᠨ ᠪᠤᠭᠤᠳᠠᠢ ᠶᠢ ᠴᠤ ᠬᠠᠮᠲᠤ ᠦᠭᠲᠡᠭᠡᠬᠦᠵᠡᠢ᠂ 30 ᠬᠤᠷᠢᠶᠠᠯᠲᠠ ᠪᠣᠯᠲᠠᠯ᠎ᠠ ᠬᠠᠮᠲᠤ ᠳᠠᠭᠠᠨ ᠤᠷᠭᠤᠭ᠂ ᠬᠤᠷᠢᠶᠠᠯᠲᠠ ᠶᠢᠨ ᠦᠶ᠎ᠡ ᠳᠦ ᠪᠢ ᠬᠤᠷᠢᠶᠠᠭᠴᠢᠳ ᠲᠠᠭᠠᠨ ᠤᠷᠢᠳᠠᠪᠠᠷ ᠬᠣᠣᠷᠲᠤ ᠪᠤᠭᠤᠳᠠᠢ ᠶᠢ ᠲᠡᠭᠦᠵᠦ᠂ ᠪᠠᠭᠴᠠᠯᠠᠨ ᠪᠣᠭᠣᠭᠠᠳ ᠲᠦᠯᠡᠬᠦ ᠳᠦ ᠪᠡᠯᠡᠳᠬᠡ᠂ ᠬᠠᠷᠢᠨ ᠪᠤᠭᠤᠳᠠᠢ ᠶᠢ ᠬᠥᠮᠥᠷᠭᠡ ᠳᠦ ᠮᠢᠨᠢ ᠬᠠᠳᠠᠭᠠᠯᠠ ᠭᠡᠵᠦ ᠬᠡᠯᠡᠨ᠎ᠡ〉 ᠭᠡᠵᠡᠢ》 ᠭᠡᠪᠡ᠃
 ᠭᠠᠢᠮᠤ ᠶᠢᠨ ᠦᠷ᠎ᠡ ᠶᠢᠨ ᠦᠯᠢᠭᠡᠷᠯᠡᠯ

31 ᠢᠰᠦ᠋ᠰ ᠪᠠᠰᠠ ᠥᠭᠡᠷ᠎ᠡ ᠦᠯᠢᠭᠡᠷᠯᠡᠯ ᠶᠠᠷᠢᠵᠤ᠄ 《ᠲᠩᠷᠢ ᠶᠢᠨ ᠬᠠᠭᠠᠨᠴᠢᠯᠠᠯ ᠪᠣᠯ ᠭᠠᠢᠮᠤ ᠶᠢᠨ ᠦᠷ᠎ᠡ ᠲᠠᠢ ᠠᠳᠠᠯᠢ ᠶᠤᠮ᠃ ᠬᠥᠮᠦᠨ ᠲᠡᠷᠡ ᠦᠷ᠎ᠡ ᠶᠢ ᠠᠪᠴᠤ ᠲᠠᠷᠢᠶᠠᠨ ᠳᠠᠭᠠᠨ ᠲᠠᠷᠢᠪᠠᠯ᠂ 32 ᠲᠡᠷᠡ ᠨᠢ ᠪᠦᠬᠦ ᠦᠷ᠎ᠡ ᠶᠢᠨ ᠳᠣᠲᠣᠷ᠎ᠠ ᠬᠠᠮᠤᠭ ᠤᠨ ᠵᠢᠵᠢᠭᠬᠡᠨ ᠪᠣᠯᠪᠠᠴᠤ ᠤᠷᠭᠤᠭᠰᠠᠨ ᠤ ᠪᠠᠨ ᠳᠠᠷᠠᠭ᠎ᠠ᠂ ᠠᠯᠢᠪᠠ ᠨᠣᠭᠣᠭ᠎ᠠ ᠠᠴᠠ ᠢᠯᠡᠭᠦᠦ ᠥᠰᠥᠭᠡᠳ ᠮᠣᠳᠣ ᠪᠣᠯᠳᠠᠭ ᠲᠤᠯᠠ ᠣᠭᠲᠠᠷᠭᠤᠢ ᠶᠢᠨ ᠰᠢᠪᠠᠭᠤᠳ ᠢᠷᠡᠵᠦ ᠰᠠᠯᠠᠭᠠᠨ ᠳᠤᠨᠢ ᠡᠭᠦᠷᠯᠡᠨ᠎ᠡ》 ᠭᠡᠪᠡ᠃

33 ᠢᠰᠦ᠋ᠰ ᠳᠠᠬᠢᠨ ᠥᠭᠡᠷ᠎ᠡ ᠦᠯᠢᠭᠡᠷᠯᠡᠯ ᠢᠶᠡᠷ᠄ 《ᠲᠩᠷᠢ ᠶᠢᠨ ᠬᠠᠭᠠᠨᠴᠢᠯᠠᠯ ᠪᠣᠯ ᠢᠰᠭᠡᠭᠦᠷ ᠲᠡᠢ ᠠᠳᠠᠯᠢ᠂ ᠪᠦᠰᠡᠭᠦᠢ ᠲᠡᠭᠦᠨ ᠢ ᠠᠪᠴᠤ ᠭᠤᠷᠪᠠᠨ ᠰᠠᠭᠤᠯᠠᠭ᠎ᠠ 23 ᠭᠤᠯᠢᠷ ᠲᠤ ᠬᠣᠯᠢᠬᠤ ᠳᠤ ᠴᠥᠮ ᠢᠶᠡᠷ ᠢᠶᠠᠨ ᠢᠰᠴᠡᠢ》 ᠭᠡᠪᠡ᠃

34 ᠢᠰᠦ᠋ᠰ ᠬᠤᠷᠠᠭᠰᠠᠨ ᠣᠯᠠᠨ ᠳᠤ ᠦᠯᠢᠭᠡᠷᠯᠡᠯ ᠢᠶᠡᠷ ᠡᠨᠡ ᠪᠦᠬᠦᠨ ᠢ ᠶᠠᠷᠢᠭᠰᠠᠨ ᠪᠥᠭᠡᠳ ᠦᠯᠢᠭᠡᠷᠯᠡᠯ ᠦᠭᠡᠢ ᠪᠠᠷ ᠲᠡᠳᠡᠨ ᠳᠦ ᠶᠠᠭᠤ ᠴᠤ ᠶᠠᠷᠢᠳᠠᠭ ᠦᠭᠡᠢ ᠪᠠᠢᠪᠠ᠃ 35 ᠡᠢᠨ ᠬᠦ᠄ 《ᠪᠢ ᠦᠯᠢᠭᠡᠷᠯᠡᠯ ᠢᠶᠡᠷ ᠠᠮᠠ ᠨᠡᠭᠡᠭᠡᠨ᠂ ᠶᠢᠷᠲᠢᠨᠴᠦ ᠪᠦᠲᠦᠭᠡᠭᠳᠡᠭᠰᠡᠨ ᠡᠴᠡ ᠬᠣᠢᠰᠢᠬᠢ ᠨᠢᠭᠤᠭᠳᠠᠭᠰᠠᠨ ᠵᠦᠢᠯᠡᠰ ᠢ ᠭᠠᠷᠭᠠᠨ᠎ᠠ》 ᠭᠡᠵᠦ ᠡᠰᠢ ᠦᠵᠡᠭᠦᠯᠦᠭᠴᠢ ᠪᠠᠷ ᠬᠡᠯᠡᠭᠦᠯᠦᠭᠰᠡᠨ ᠨᠢ ᠪᠡᠶᠡᠯᠡᠭᠳᠡᠵᠡᠢ᠃
 ᠬᠣᠣᠷᠲᠤ ᠪᠤᠭᠤᠳᠠᠢ ᠶᠢᠨ ᠦᠯᠢᠭᠡᠷᠯᠡᠯ ᠢ ᠲᠠᠢᠯᠪᠤᠷᠢᠯᠠᠭᠰᠠᠨ ᠨᠢ

36 ᠢᠰᠦ᠋ᠰ ᠬᠤᠷᠠᠭᠰᠠᠨ ᠣᠯᠠᠨ ᠠᠴᠠ ᠰᠠᠯᠵᠤ ᠭᠡᠷ ᠲᠦ ᠣᠷᠣᠪᠠ᠃ ᠱᠠᠪᠢ ᠨᠠᠷ ᠨᠢ ᠲᠡᠭᠦᠨ ᠳᠦ ᠢᠷᠡᠭᠡᠳ᠄ 《ᠲᠠᠷᠢᠶᠠᠨ ᠳᠠᠬᠢ ᠬᠣᠣᠷᠲᠤ ᠪᠤᠭᠤᠳᠠᠢ ᠶᠢᠨ ᠲᠤᠬᠠᠢ ᠦᠯᠢᠭᠡᠷᠯᠡᠯ ᠢᠶᠡᠨ ᠪᠢᠳᠡᠨ ᠳᠦ ᠲᠠᠢᠯᠪᠤᠷᠢᠯᠠᠵᠤ ᠥᠭᠭᠥᠭᠡᠴᠢ》 ᠭᠡᠬᠦ ᠳᠦ᠂ 37 ᠲᠡᠷᠡ ᠬᠠᠷᠢᠭᠤ ᠳᠤᠨᠢ᠄ 《ᠰᠠᠢᠨ ᠦᠷ᠎ᠡ ᠪᠡᠨ ᠰᠠᠴᠤᠭᠴᠢ ᠨᠢ ᠬᠥᠮᠦᠨ ᠦ ᠬᠦᠦ᠂ 38 ᠲᠠᠷᠢᠶ᠎ᠠ ᠨᠢ ᠶᠢᠷᠲᠢᠨᠴᠦ᠂ ᠰᠠᠢᠨ ᠦᠷ᠎ᠡ ᠨᠢ ᠬᠠᠭᠠᠨᠴᠢᠯᠠᠯ ᠤᠨ ᠬᠡᠦᠬᠡᠳ ᠤᠳ᠂ ᠬᠣᠣᠷᠲᠤ ᠪᠤᠭᠤᠳᠠᠢ ᠨᠢ ᠮᠠᠭᠤ ᠨᠢᠭᠡᠨ ᠦ ᠬᠡᠦᠬᠡᠳ ᠤᠳ᠂ 39 ᠲᠡᠳᠡᠭᠡᠷ ᠢ ᠲᠠᠷᠢᠭᠰᠠᠨ ᠳᠠᠢᠰᠤᠨ ᠨᠢ ᠰᠠᠲ᠋ᠠᠨ᠂ ᠬᠤᠷᠢᠶᠠᠯᠲᠠ ᠨᠢ ᠡᠨᠡ ᠦᠶ᠎ᠡ ᠶᠢᠨ ᠲᠡᠭᠦᠰᠬᠡᠯ᠂ ᠬᠤᠷᠢᠶᠠᠭᠴᠢᠳ ᠨᠢ ᠲᠩᠷᠢ ᠶᠢᠨ ᠡᠯᠴᠢᠳ ᠶᠤᠮ᠃ 40 ᠬᠣᠣᠷᠲᠤ ᠪᠤᠭᠤᠳᠠᠢ ᠶᠢ ᠲᠡᠭᠦᠵᠦ ᠭᠠᠯ ᠳᠤ ᠲᠦᠯᠡᠬᠦ ᠲᠠᠢ ᠠᠳᠠᠯᠢ ᠪᠠᠷ ᠡᠨᠡ ᠦᠶ᠎ᠡ ᠶᠢᠨ ᠲᠡᠭᠦᠰᠬᠡᠯ ᠳᠦ ᠴᠤ ᠲᠡᠢᠮᠦ ᠪᠣᠯᠣᠨ᠎ᠠ᠃ 41 ᠬᠥᠮᠦᠨ ᠦ ᠬᠦᠦ ᠲᠩᠷᠢ ᠡᠯᠴᠢᠳ ᠢᠶᠠᠨ ᠢᠯᠡᠭᠡᠬᠦ ᠳᠦ᠂ ᠲᠡᠳᠡ ᠪᠦᠳᠦᠷᠢᠭᠦᠯᠦᠭᠴᠢ ᠪᠣᠯᠣᠨ ᠬᠠᠤᠯᠢ ᠪᠤᠰᠤ ᠶᠢ ᠦᠢᠯᠡᠳᠦᠭᠴᠢ ᠪᠦᠬᠦᠨ ᠢ ᠲᠡᠭᠦᠨ ᠦ ᠬᠠᠭᠠᠨᠴᠢᠯᠠᠯ ᠠᠴᠠ ᠲᠡᠭᠦᠵᠦ᠂ 42 ᠭᠠᠯ ᠲᠠᠢ ᠵᠤᠤᠬᠠᠨ ᠳᠤ ᠬᠠᠶᠠᠬᠤ ᠪᠣᠯᠣᠨ᠎ᠠ᠂ ᠲᠡᠳᠡ ᠨᠠᠷ ᠲᠡᠨᠳᠡ ᠤᠬᠢᠯᠠᠯᠳᠤᠵᠤ᠂ ᠰᠢᠳᠦ ᠪᠡᠨ ᠬᠠᠪᠢᠷᠤᠨ᠎ᠠ᠃ 43 ᠲᠡᠭᠡᠬᠦ ᠳᠦ ᠵᠥᠪᠲᠦ ᠬᠥᠮᠦᠰ ᠡᠴᠢᠭᠡ ᠶᠢᠨ ᠢᠶᠠᠨ ᠬᠠᠭᠠᠨᠴᠢᠯᠠᠯ ᠳᠤ ᠨᠠᠷᠠᠨ ᠮᠡᠲᠦ ᠭᠡᠷᠡᠯᠲᠦᠬᠦ ᠪᠣᠯᠣᠨ᠎ᠠ᠃ ᠴᠢᠬᠢ ᠲᠠᠢ ᠨᠢ ᠰᠣᠨᠣᠰᠣᠭᠲᠤᠨ᠃
 ᠨᠢᠭᠤᠭᠳᠠᠭᠰᠠᠨ ᠡᠷᠳᠡᠨᠢᠰ

44 ᠲᠩᠷᠢ ᠶᠢᠨ ᠬᠠᠭᠠᠨᠴᠢᠯᠠᠯ ᠪᠣᠯ ᠲᠠᠷᠢᠶᠠᠨ ᠳᠤ ᠨᠢᠭᠤᠭᠳᠠᠭᠰᠠᠨ ᠡᠷᠳᠡᠨᠢᠰ ᠲᠠᠢ ᠠᠳᠠᠯᠢ᠃ ᠬᠥᠮᠦᠨ ᠲᠡᠭᠦᠨ ᠢ ᠣᠯᠪᠠᠯ ᠲᠡᠨᠳᠡ ᠪᠡᠨ ᠨᠢᠭᠤᠭᠠᠳ ᠪᠠᠶᠠᠷ ᠲᠠᠢ ᠪᠠᠷ ᠶᠠᠪᠤᠵᠤ᠂ ᠪᠠᠢᠭ᠎ᠠ ᠪᠦᠬᠦᠨ ᠢᠶᠡᠨ ᠬᠤᠳᠠᠯᠳᠤᠭᠠᠳ ᠲᠡᠷᠡ ᠲᠠᠷᠢᠶ᠎ᠠ ᠶᠢ ᠠᠪᠤᠨ᠎ᠠ᠃

45 ᠲᠩᠷᠢ ᠶᠢᠨ ᠬᠠᠭᠠᠨᠴᠢᠯᠠᠯ ᠪᠣᠯ ᠮᠥᠨ ᠰᠠᠢᠨ ᠰᠤᠪᠤᠳ ᠬᠠᠢᠭᠴᠢ ᠬᠤᠳᠠᠯᠳᠤᠭᠠᠴᠢᠨ ᠲᠠᠢ ᠠᠳᠠᠯᠢ᠃ 46 ᠶᠡᠬᠡ ᠦᠨ᠎ᠡ ᠲᠠᠢ ᠨᠢᠭᠡ ᠮᠥᠬᠥᠯᠢᠭ ᠰᠤᠪᠤᠳ ᠣᠯᠪᠠᠯ᠂ ᠲᠡᠷᠡ ᠶᠠᠪᠤᠵᠤ᠂ ᠪᠠᠢᠭ᠎ᠠ ᠪᠦᠬᠦᠨ ᠢᠶᠡᠨ ᠬᠤᠳᠠᠯᠳᠤᠭᠠᠳ ᠲᠡᠭᠦᠨ ᠢ ᠠᠪᠤᠨ᠎ᠠ᠃

47 ᠲᠩᠷᠢ ᠶᠢᠨ ᠬᠠᠭᠠᠨᠴᠢᠯᠠᠯ ᠪᠣᠯ ᠮᠥᠨ ᠲᠥᠷᠥᠯ ᠪᠦᠷᠢ ᠶᠢᠨ ᠵᠢᠭᠠᠰᠤ ᠪᠠᠷᠢᠬᠤ ᠪᠠᠷ ᠳᠠᠯᠠᠢ ᠳᠤ ᠬᠠᠶᠠᠭᠳᠠᠭᠰᠠᠨ ᠲᠣᠣᠷ ᠲᠠᠢ ᠠᠳᠠᠯᠢ᠃ 48 ᠲᠣᠣᠷ ᠳᠦᠭᠦᠷᠪᠡᠯ ᠬᠥᠮᠦᠰ ᠲᠡᠭᠦᠨ ᠢ ᠬᠥᠪᠡᠭᠡᠨ ᠳᠦ ᠲᠠᠲᠠᠵᠤ ᠭᠠᠷᠭᠠᠨ᠎ᠠ᠂ ᠳᠠᠷᠠᠭ᠎ᠠ ᠨᠢ ᠰᠠᠭᠤᠭᠠᠳ ᠰᠠᠢᠨ ᠢ ᠨᠢ ᠰᠠᠪᠠᠨ ᠳᠤ ᠬᠢᠵᠦ ᠮᠠᠭᠤ ᠶᠢ ᠨᠢ ᠬᠠᠶᠠᠨ᠎ᠠ᠃ 49 ᠡᠨᠡ ᠦᠶ᠎ᠡ ᠶᠢᠨ ᠲᠡᠭᠦᠰᠬᠡᠯ ᠳᠦ ᠴᠤ ᠡᠢᠮᠦ ᠪᠣᠯᠣᠨ᠎ᠠ᠃ ᠲᠩᠷᠢ ᠶᠢᠨ ᠡᠯᠴᠢᠳ ᠢᠷᠡᠵᠦ ᠵᠥᠪᠲᠦ ᠬᠥᠮᠦᠰ ᠦᠨ ᠳᠤᠮᠳᠠ ᠠᠴᠠ ᠮᠠᠭᠤ ᠬᠥᠮᠦᠰ ᠢ ᠢᠯᠭᠠᠵᠤ᠂ 50 ᠭᠠᠯ ᠲᠠᠢ ᠵᠤᠤᠬᠠᠨ ᠳᠤ ᠬᠠᠶᠠᠨ᠎ᠠ᠃ ᠲᠡᠳᠡ ᠲᠡᠨᠳᠡ ᠤᠬᠢᠯᠠᠯᠳᠤᠵᠤ ᠰᠢᠳᠦ ᠪᠡᠨ ᠬᠠᠪᠢᠷᠬᠤ ᠪᠣᠯᠣᠨ᠎ᠠ᠃

51 ᠲᠠ ᠨᠠᠷ ᠡᠨᠡ ᠪᠦᠬᠦᠨ ᠢ ᠣᠢᠯᠠᠭᠠᠪᠠ ᠤᠤ︖》 ᠭᠡᠬᠦ ᠳᠦ᠂ ᠲᠡᠳᠡ᠄ 《ᠣᠢᠯᠠᠭᠠᠯ᠎ᠠ》 ᠭᠡᠪᠡ᠃ 52 ᠢᠰᠦ᠋ᠰ ᠲᠡᠳᠡᠨ ᠳᠦ᠄ 《ᠡᠢᠮᠦ ᠡᠴᠡ ᠲᠩᠷᠢ ᠶᠢᠨ ᠬᠠᠭᠠᠨᠴᠢᠯᠠᠯ ᠳᠤ ᠱᠠᠪᠢᠯᠠᠭᠰᠠᠨ ᠪᠢᠴᠢᠭᠲᠡᠨ ᠪᠦᠬᠦᠨ ᠪᠣᠯ ᠬᠥᠮᠥᠷᠭᠡ ᠡᠴᠡ ᠪᠡᠨ ᠬᠠᠭᠤᠴᠢᠨ ᠪᠠ ᠰᠢᠨ᠎ᠡ ᠡᠷᠳᠡᠨᠢᠰ ᠢ ᠭᠠᠷᠭᠠᠭᠴᠢ ᠭᠡᠷ ᠦᠨ ᠡᠵᠡᠨ ᠲᠡᠢ ᠠᠳᠠᠯᠢ ᠶᠤᠮ》 ᠭᠡᠪᠡ᠃
 ᠢᠰᠦ᠋ᠰ ᠨᠠᠽᠠᠷᠧᠲ ᠲᠤ ᠳᠠᠬᠢᠨ ᠣᠴᠢᠭᠰᠠᠨ ᠨᠢ

53 ᠢᠰᠦ᠋ᠰ ᠡᠳᠡᠭᠡᠷ ᠦᠯᠢᠭᠡᠷᠯᠡᠯ ᠢ ᠠᠢᠯᠠᠳᠤᠭᠰᠠᠨ ᠤ ᠳᠠᠷᠠᠭ᠎ᠠ᠂ ᠲᠡᠨᠳᠡ ᠡᠴᠡ ᠣᠳᠣᠯ᠎ᠠ᠃ 54 ᠲᠡᠷᠡ ᠨᠤᠲᠤᠭ ᠲᠠᠭᠠᠨ ᠣᠴᠢᠵᠤ ᠬᠤᠷᠠᠯ ᠤᠨ ᠲᠠᠩᠬᠢᠮ ᠳᠤ ᠰᠤᠷᠭᠠᠵᠤ ᠡᠬᠢᠯᠡᠭᠰᠡᠨ ᠳᠦ᠂ ᠬᠥᠮᠦᠰ ᠴᠣᠴᠢᠷᠳᠠᠨ᠄ 《ᠡᠨᠡ ᠮᠡᠷᠭᠡᠨ ᠤᠬᠠᠭᠠᠨ᠂ ᠬᠦᠴᠦᠲᠦ ᠦᠢᠯᠡᠰ ᠢ ᠡᠨᠡ ᠬᠥᠮᠦᠨ ᠬᠠᠮᠢᠭ᠎ᠠ ᠠᠴᠠ ᠣᠯᠣᠭᠰᠠᠨ ᠪᠣᠯ︖ 55 ᠡᠨᠡ ᠴᠢᠨᠢ ᠮᠣᠳᠣᠴᠢᠨ ᠤ ᠬᠦᠦ ᠪᠢᠰᠢ ᠤᠤ︖ ᠡᠬᠡ ᠶᠢ ᠨᠢ ᠮᠠᠷᠢᠶᠠ᠂ ᠳᠡᠭᠦᠦ ᠨᠠᠷ ᠢ ᠨᠢ ᠶᠠᠺᠣᠪ᠂ ᠶᠣᠰᠧᠹ᠂ ᠰᠢᠮᠣᠨ᠂ ᠶᠦᠳᠠ ᠭᠡᠳᠡᠭ ᠪᠢᠰᠢ ᠤᠤ︖ 56 ᠥᠬᠢᠨ ᠳᠡᠭᠦᠦ ᠨᠠᠷ ᠨᠢ ᠴᠥᠮ ᠪᠢᠳᠡᠨ ᠲᠡᠢ ᠬᠠᠮᠲᠤ ᠪᠠᠢᠭ᠎ᠠ ᠪᠢᠰᠢ ᠪᠢᠯᠡ ᠤᠤ︖ ᠲᠡᠢᠮᠦ ᠪᠠᠢᠲᠠᠯ᠎ᠠ ᠡᠨᠡ ᠬᠥᠮᠦᠨ ᠲᠡᠷᠡ ᠪᠦᠬᠦᠨ ᠢ ᠬᠠᠮᠢᠭ᠎ᠠ ᠠᠴᠠ ᠣᠯᠪᠠ︖》 ᠭᠡᠵᠡᠭᠡᠵᠦ᠂ 57 ᠲᠡᠭᠦᠨ ᠳᠦ ᠳᠤᠷ᠎ᠠ ᠦᠭᠡᠶᠢᠴᠡᠵᠦ ᠪᠠᠢᠯ᠎ᠠ᠃ ᠬᠠᠷᠢᠨ ᠢᠰᠦ᠋ᠰ ᠲᠡᠳᠡᠨ ᠳᠦ᠄ 《ᠡᠰᠢ ᠦᠵᠡᠭᠦᠯᠦᠭᠴᠢ ᠨᠤᠲᠤᠭ ᠲᠠᠭᠠᠨ᠂ ᠭᠡᠷ ᠣᠷᠣᠨ ᠳᠠᠭᠠᠨ ᠬᠦᠨᠳᠦᠯᠡᠭᠳᠡᠬᠦ ᠦᠭᠡᠢ ᠪᠠᠢᠳᠠᠭ》 ᠭᠡᠵᠡᠢ᠃ 58 ᠲᠡᠳᠡ ᠢᠲᠡᠭᠡᠯ ᠦᠭᠡᠢ ᠪᠣᠯᠬᠣᠷ ᠢᠰᠦ᠋ᠰ ᠲᠡᠨᠳᠡ ᠬᠦᠴᠦᠲᠦ ᠦᠢᠯᠡᠰ ᠢ ᠣᠯᠠᠨ ᠦᠢᠯᠡᠳᠦᠭᠰᠡᠨ ᠦᠭᠡᠢ᠃