ᠮᠠᠲ᠋ᠠᠢ ᠠᠷᠪᠠᠨ ᠲᠠᠪᠤ
ᠬᠥᠮᠦᠨ ᠦ ᠤᠯᠠᠮᠵᠢᠯᠠᠯ ᠪᠠ ᠪᠤᠷᠬᠠᠨ ᠤ ᠲᠤᠰᠢᠶᠠᠯ
1 ᠲᠡᠭᠡᠲᠡᠯ᠎ᠡ ᠵᠠᠷᠢᠮ ᠹᠠᠷᠢᠰᠠᠢᠴᠤᠳ ᠪᠣᠯᠣᠨ ᠪᠢᠴᠢᠭᠲᠡᠳ ᠶᠧᠷᠦ᠋ᠰᠠᠯᠧᠮ ᠡᠴᠡ ᠢᠷᠡᠵᠦ᠂ ᠢᠰᠦ᠋ᠰ ᠲᠤ᠄ 2 《ᠲᠠᠨ ᠤ ᠱᠠᠪᠢ ᠨᠠᠷ ᠶᠠᠭᠤᠨ ᠳᠤ ᠳᠡᠭᠡᠳᠦᠰ ᠦᠨ ᠤᠯᠠᠮᠵᠢᠯᠠᠯ ᠠᠴᠠ ᠵᠥᠷᠢᠴᠡᠳᠡᠭ ᠪᠤᠢ︖ ᠲᠡᠳᠡ ᠬᠣᠭᠣᠯᠠ ᠢᠳᠡᠬᠦ ᠳᠡᠭᠡᠨ ᠭᠠᠷ ᠢᠶᠠᠨ ᠤᠬᠢᠶᠠᠳᠠᠭ ᠦᠭᠡᠢ ᠪᠠᠢᠨ᠎ᠠ》 ᠭᠡᠵᠡᠭᠡᠬᠦ ᠳᠦ᠂ 3 ᠢᠰᠦ᠋ᠰ ᠬᠠᠷᠢᠭᠤ ᠳᠤᠨᠢ᠄ 《ᠲᠠ ᠨᠠᠷ ᠶᠠᠭᠤᠨ ᠤ ᠤᠴᠢᠷ ᠠᠴᠠ ᠥᠪᠡᠷᠰᠡᠳ ᠦᠨ ᠢᠶᠠᠨ ᠤᠯᠠᠮᠵᠢᠯᠠᠯ ᠢᠶᠠᠷ ᠪᠤᠷᠬᠠᠨ ᠤ ᠵᠠᠷᠯᠢᠭ ᠢ ᠵᠥᠷᠢᠴᠡᠳᠡᠭ ᠪᠤᠢ︖ 4 ᠪᠤᠷᠬᠠᠨ᠄ 〈ᠡᠴᠢᠭᠡ ᠡᠬᠡ ᠪᠡᠨ ᠬᠦᠨᠳᠦᠯᠡ〉 ᠭᠡᠰᠡᠨ᠂ ᠪᠠᠰᠠ 〈ᠡᠴᠢᠭᠡ ᠪᠤᠶᠤ ᠡᠬᠡ ᠪᠡᠨ ᠮᠠᠭᠤᠯᠠᠭᠴᠢ ᠨᠢ ᠴᠠᠭᠠᠵᠠᠯᠠᠭᠳᠠᠬᠤ ᠶᠣᠰᠣᠲᠠᠢ〉 ᠭᠡᠵᠦ ᠬᠡᠯᠡᠭᠰᠡᠨ ᠪᠠᠢᠬᠤ ᠳᠤ᠂ 5 ᠲᠠ ᠨᠠᠷ 〈ᠬᠡᠨ ᠪᠣᠯᠪᠠᠴᠤ ᠡᠴᠢᠭᠡ ᠪᠤᠶᠤ ᠡᠬᠡ ᠳᠡᠭᠡᠨ᠂ ᠨᠠᠳᠠ ᠠᠴᠠ ᠠᠪᠬᠤ ᠶᠣᠰᠣᠲᠠᠢ ᠲᠡᠳᠬᠦᠮᠵᠢ ᠴᠢᠨᠢ ᠪᠤᠷᠬᠠᠨ ᠳᠤ ᠡᠷᠭᠦᠬᠦ ᠪᠡᠯᠡᠭ ᠪᠣᠯᠴᠢᠬᠠᠯ᠎ᠠ ᠭᠡᠵᠦ ᠬᠡᠯᠡᠪᠡᠯ᠂ 6 ᠡᠴᠢᠭᠡ ᠡᠬᠡ ᠪᠡᠨ ᠬᠦᠨᠳᠦᠯᠡᠬᠦ ᠦᠭᠡᠢ ᠪᠠᠢᠵᠤ ᠪᠣᠯᠣᠨ᠎ᠠ〉 ᠬᠡᠮᠡᠨ ᠤᠯᠠᠮᠵᠢᠯᠠᠯ ᠢᠶᠠᠷ ᠢᠶᠠᠨ ᠪᠤᠷᠬᠠᠨ ᠤ ᠦᠭᠡ ᠶᠢ ᠬᠦᠴᠦᠨ ᠦᠭᠡᠢ ᠪᠣᠯᠭᠠᠯ᠎ᠠ᠃ 7 ᠬᠣᠶᠠᠷ ᠨᠢᠭᠤᠷᠲᠤ ᠬᠥᠮᠦᠰ ᠡ᠂ ᠢᠰᠠᠢᠶ᠎ᠠ ᠲᠠ ᠨᠠᠷ ᠤᠨ ᠲᠤᠬᠠᠢ ᠵᠥᠪ ᠡᠰᠢ ᠦᠵᠡᠭᠦᠯᠦᠭᠰᠡᠨ ᠪᠠᠢᠨ᠎ᠠ᠂ 8 ᠲᠡᠷᠡ᠄ 〈ᠡᠨᠡ ᠠᠷᠠᠳ ᠲᠦᠮᠡᠨ ᠨᠠᠮᠠᠶᠢ ᠣᠷᠣᠭᠤᠯ ᠢᠶᠠᠷ ᠢᠶᠠᠨ ᠬᠦᠨᠳᠦᠯᠡᠳᠡᠭ ᠪᠣᠯᠪᠠᠴᠤ ᠵᠢᠷᠦᠬᠡ ᠨᠢ ᠨᠠᠳᠠ ᠠᠴᠠ ᠬᠣᠯᠠ ᠪᠠᠢᠳᠠᠭ᠃ 9 ᠲᠡᠳᠡ ᠬᠥᠮᠦᠨ ᠦ ᠵᠠᠷᠯᠢᠭ ᠤᠳ ᠢ ᠰᠤᠷᠭᠠᠯ ᠪᠣᠯᠭᠠᠨ ᠰᠤᠷᠭᠠᠵᠤ᠂ ᠨᠠᠳᠠ ᠳᠤ ᠳᠡᠮᠡᠢ ᠮᠥᠷᠭᠥᠳᠡᠭ ᠶᠤᠮ〉 ᠭᠡᠰᠡᠨ》 ᠭᠡᠪᠡ᠃
10 ᠢᠰᠦ᠋ᠰ ᠴᠤᠭᠯᠠᠷᠠᠭᠰᠠᠨ ᠣᠯᠠᠨ ᠢ ᠬᠠᠵᠠᠭᠤ ᠳᠠᠭᠠᠨ ᠳᠠᠭᠤᠳᠠᠵᠤ᠂ ᠲᠡᠳᠡᠨ ᠳᠦ᠄ 《ᠰᠣᠨᠣᠰᠴᠤ ᠣᠢᠯᠠᠭᠠᠭᠲᠤᠨ᠂ 11 ᠠᠮᠠᠨ ᠳᠤ ᠣᠷᠣᠳᠠᠭ ᠵᠦᠢᠯ ᠬᠥᠮᠦᠨ ᠢ ᠪᠤᠵᠠᠷᠯᠠᠳᠠᠭ ᠦᠭᠡᠢ᠂ ᠬᠠᠷᠢᠨ ᠠᠮᠠᠨ ᠠᠴᠠ ᠭᠠᠷᠳᠠᠭ ᠵᠦᠢᠯ ᠬᠥᠮᠦᠨ ᠢ ᠪᠤᠵᠠᠷᠯᠠᠳᠠᠭ》 ᠭᠡᠵᠡᠢ᠃ 12 ᠲᠡᠭᠡᠬᠦ ᠳᠦ ᠱᠠᠪᠢ ᠨᠠᠷ ᠨᠢ ᠳᠥᠭᠥᠨ ᠢᠷᠡᠵᠦ ᠲᠡᠭᠦᠨ ᠳᠦ᠄ 《ᠹᠠᠷᠢᠰᠠᠢᠴᠤᠳ ᠡᠨᠡ ᠦᠭᠡ ᠶᠢ ᠴᠢᠨᠢ ᠰᠣᠨᠣᠰᠣᠭᠠᠳ ᠪᠦᠳᠦᠷᠢᠭᠰᠡᠨ ᠢ ᠲᠠ ᠮᠡᠳᠡᠪᠡ ᠤᠤ︖》 ᠭᠡᠰᠡᠨ ᠳᠦ᠂ 13 ᠢᠰᠦ᠋ᠰ ᠬᠠᠷᠢᠭᠤ ᠳᠤᠨᠢ᠄ 《ᠲᠩᠷᠢᠯᠢᠭ ᠡᠴᠢᠭᠡ ᠶᠢᠨ ᠮᠢᠨᠢ ᠲᠠᠷᠢᠭ᠎ᠠ ᠦᠭᠡᠢ ᠤᠷᠭᠤᠮᠠᠯ ᠪᠦᠬᠦᠨ ᠦᠭᠲᠡᠭᠡᠭᠳᠡᠨᠡ᠂ 14 ᠲᠡᠳᠡ ᠬᠡᠪ ᠢᠶᠡᠷ ᠢᠶᠠᠨ ᠪᠠᠶᠢᠭ᠂ ᠲᠡᠳᠡ ᠪᠣᠯ ᠰᠣᠬᠣᠷ ᠤᠳ ᠢ ᠵᠠᠮᠴᠢᠯᠠᠳᠠᠭ ᠰᠣᠬᠣᠷ ᠶᠤᠮ᠃ ᠬᠡᠷᠪᠡ ᠰᠣᠬᠣᠷ ᠨᠢ ᠰᠣᠬᠣᠷ ᠢᠶᠠᠨ ᠵᠠᠮᠴᠢᠯᠠᠪᠠᠯ᠂ ᠬᠣᠶᠠᠭᠤᠯᠠ ᠪᠠᠨ ᠨᠦᠬᠡᠨ ᠳᠦ ᠤᠨᠠᠬᠤ ᠪᠣᠯᠣᠨ᠎ᠠ》 ᠭᠡᠪᠡ᠃ 15 ᠫᠧᠲ᠋ᠧᠷ ᠲᠡᠭᠦᠨ ᠳᠦ᠄ 《ᠡᠨᠡ ᠦᠯᠢᠭᠡᠷᠯᠡᠯ ᠢ ᠪᠢᠳᠡᠨ ᠳᠦ ᠲᠠᠢᠯᠪᠤᠷᠢᠯᠠᠭᠠᠳ ᠥᠭᠭᠥᠭᠡᠴᠢ》 ᠭᠡᠰᠡᠨ ᠳᠦ᠂ 16 ᠲᠡᠷᠡ᠄ 《ᠲᠠ ᠨᠠᠷ ᠴᠤ ᠮᠥᠨ ᠣᠢᠯᠠᠭᠠᠳᠠᠭ ᠦᠭᠡᠢ ᠬᠡᠪ ᠢᠶᠡᠷ ᠢᠶᠠᠨ ᠤᠤ︖ 17 ᠠᠮᠠᠨ ᠳᠤ ᠣᠷᠣᠳᠠᠭ ᠠᠯᠢᠪᠠ ᠶᠠᠭᠤᠮ᠎ᠠ ᠬᠣᠳᠣᠭᠣᠳᠣᠨ ᠳᠤ ᠣᠷᠣᠭᠠᠳ ᠭᠠᠳᠠᠭᠰᠢᠯᠠᠳᠠᠭ ᠢ ᠲᠠ ᠨᠠᠷ ᠮᠡᠳᠡᠬᠦ ᠦᠭᠡᠢ ᠭᠡᠵᠢ ᠤᠤ︖ 18 ᠬᠠᠷᠢᠨ ᠠᠮᠠᠨ ᠠᠴᠠ ᠭᠠᠷᠳᠠᠭ ᠶᠠᠭᠤᠮ᠎ᠠ ᠨᠢ ᠰᠡᠳᠬᠢᠯ ᠡᠴᠡ ᠡᠭᠦᠰᠳᠡᠭ ᠪᠥᠭᠡᠳ ᠲᠡᠳᠡᠭᠡᠷ ᠵᠦᠢᠯ ᠬᠥᠮᠦᠨ ᠢ ᠪᠤᠵᠠᠷᠯᠠᠳᠠᠭ᠃ 19 ᠤᠴᠢᠷ ᠨᠢ ᠰᠡᠳᠬᠢᠯ ᠡᠴᠡ ᠮᠠᠭᠤ ᠰᠠᠨᠠᠭ᠎ᠠ᠂ ᠠᠯᠠᠯᠭ᠎ᠠ᠂ ᠵᠠᠪᠬᠠᠢᠷᠠᠯ᠂ ᠰᠠᠳᠤᠷ ᠰᠠᠮᠠᠭᠤᠨ᠂ ᠬᠤᠯᠠᠭᠠᠢ᠂ ᠬᠤᠳᠠᠯ ᠭᠡᠷᠡᠴᠢᠯᠡᠯ᠂ ᠳᠣᠷᠣᠮᠵᠢᠯᠠᠯ ᠵᠡᠷᠭᠡ ᠡᠭᠦᠰᠳᠡᠭ᠃ 20 ᠬᠥᠮᠦᠨ ᠢ ᠪᠤᠵᠠᠷᠯᠠᠭᠴᠢ ᠨᠢ ᠡᠳᠡᠭᠡᠷ ᠵᠦᠢᠯ ᠶᠤᠮ᠂ ᠭᠠᠷ ᠢᠶᠠᠨ ᠤᠬᠢᠶᠠᠯ ᠦᠭᠡᠢ ᠢᠳᠡᠬᠦ ᠨᠢ ᠬᠥᠮᠦᠨ ᠢ ᠪᠤᠵᠠᠷᠯᠠᠳᠠᠭ ᠦᠭᠡᠢ》 ᠭᠡᠵᠡᠢ᠃
ᠺᠠᠨᠠᠨ ᠡᠮᠡᠭᠲᠡᠢ ᠶᠢᠨ ᠢᠲᠡᠭᠡᠯ
21 ᠢᠰᠦ᠋ᠰ ᠲᠡᠨᠳᠡ ᠡᠴᠡ ᠭᠠᠷᠴᠤ᠂ ᠲᠢᠷ ᠪᠣᠯᠣᠨ ᠰᠢᠢᠳᠣᠨ ᠤ ᠨᠤᠲᠤᠭ ᠤᠷᠤᠭᠤ ᠣᠳᠪᠠ᠃ 22 ᠬᠠᠷ᠎ᠠ ᠡ᠂ ᠲᠡᠷᠡ ᠨᠤᠲᠤᠭ ᠤᠨ ᠨᠢᠭᠡᠨ ᠺᠠᠨᠠᠨ ᠡᠮᠡᠭᠲᠡᠢ ᠢᠷᠡᠵᠦ ᠥᠨᠳᠥᠷ ᠳᠠᠭᠤ ᠪᠠᠷ᠄ 《ᠨᠠᠮᠠᠶᠢ ᠡᠨᠡᠷᠢᠭᠡᠴᠢ᠂ ᠡᠵᠡᠨ᠂ ᠳ᠋ᠠᠸᠢᠳ᠋ ᠤᠨ ᠤᠳᠤᠮ ᠡ︕ ᠮᠢᠨᠦ ᠥᠬᠢᠨ ᠢ ᠴᠢᠳᠬᠥᠷ ᠵᠣᠪᠠᠭᠠᠵᠤ ᠪᠠᠢᠨ᠎ᠠ》 ᠭᠡᠪᠡ᠃ 23 ᠬᠠᠷᠢᠨ ᠢᠰᠦ᠋ᠰ ᠲᠡᠭᠦᠨ ᠳᠦ ᠨᠢᠭᠡ ᠴᠤ ᠦᠭᠡ ᠬᠡᠯᠡᠭᠰᠡᠨ ᠦᠭᠡᠢ᠃ ᠱᠠᠪᠢ ᠨᠠᠷ ᠨᠢ ᠳᠥᠭᠥᠨ ᠢᠷᠡᠵᠦ᠄ 《ᠲᠡᠷᠡ ᠡᠮᠡᠭᠲᠡᠢ ᠶᠢ ᠶᠠᠪᠤᠭᠤᠯᠤᠭᠠᠴᠢ᠂ ᠲᠡᠷᠡ ᠪᠢᠳᠡᠨ ᠦ ᠠᠷᠤ ᠠᠴᠠ ᠬᠠᠰᠬᠢᠷᠤᠭᠰᠠᠭᠠᠷ ᠪᠠᠢᠨ᠎ᠠ ᠰᠢᠦ ᠳᠠ》 ᠭᠡᠵᠦ ᠭᠤᠶᠤᠪᠠ᠃ 24 ᠢᠰᠦ᠋ᠰ ᠬᠠᠷᠢᠭᠤ ᠳᠤᠨᠢ᠄ 《ᠪᠢ ᠢᠰᠷᠧᠯ ᠤᠨ ᠭᠡᠷ ᠦᠨ ᠠᠯᠳᠠᠭᠳᠠᠭᠰᠠᠨ ᠬᠣᠨᠢᠳ ᠤᠷᠤᠭᠤ ᠯᠠ ᠢᠯᠡᠭᠡᠭᠳᠡᠭᠰᠡᠨ ᠶᠤᠮ》 ᠭᠡᠬᠦ ᠳᠦ᠂ 25 ᠡᠮᠡᠭᠲᠡᠢ ᠲᠡᠭᠦᠨ ᠦ ᠡᠮᠦᠨ᠎ᠡ ᠢᠷᠡᠭᠡᠳ ᠮᠥᠷᠭᠥᠵᠦ᠄ 《ᠡᠵᠡᠨ ᠡ᠂ ᠨᠠᠳᠠ ᠳᠤ ᠲᠤᠰᠠᠯᠠᠭᠠᠴᠢ》 ᠭᠡᠪᠡ᠃ 26 ᠢᠰᠦ᠋ᠰ᠄ 《ᠬᠡᠦᠬᠡᠳ ᠤᠳ ᠤᠨ ᠪᠣᠣᠪᠣ ᠶᠢ ᠠᠪᠴᠤ ᠭᠥᠯᠥᠭᠡ ᠳᠦᠨᠢ ᠬᠠᠶᠠᠵᠤ ᠥᠭᠬᠦ ᠨᠢ ᠰᠠᠢᠨ ᠪᠢᠰᠢ》 ᠭᠡᠵᠦ ᠬᠠᠷᠢᠭᠤᠯᠤᠭᠰᠠᠨ ᠳᠤ᠂ 27 ᠡᠮᠡᠭᠲᠡᠢ᠄ 《ᠲᠡᠢᠮᠦ ᠡ᠂ ᠡᠵᠡᠨ᠂ ᠭᠡᠪᠡᠴᠦ ᠭᠥᠯᠥᠭᠡ ᠴᠤ ᠡᠵᠡᠨ ᠦ ᠪᠠᠨ ᠰᠢᠷᠡᠭᠡᠨ ᠡᠴᠡ ᠤᠨᠠᠭᠠᠭᠰᠠᠨ ᠦᠢᠷᠡᠮᠡᠭ ᠢᠶᠡᠷ ᠬᠣᠭᠣᠯᠠᠯᠠᠳᠠᠭ ᠰᠢᠦ ᠳᠠ》 ᠭᠡᠵᠡᠢ᠃ 28 ᠶᠠᠭ ᠲᠡᠭᠡᠲᠡᠯ᠎ᠡ ᠢᠰᠦ᠋ᠰ᠄ 《ᠥ᠂ ᠪᠦᠰᠡᠭᠦᠢ ᠡ᠂ ᠢᠲᠡᠭᠡᠯ ᠴᠢᠨᠢ ᠶᠡᠬᠡ ᠪᠠᠢᠨ᠎ᠠ ᠳᠠ︕ ᠬᠦᠰᠡᠭᠰᠡᠨ ᠢᠶᠡᠷ ᠴᠢᠨᠢ ᠪᠡᠶᠡᠯᠡᠭᠳᠡᠬᠦ ᠪᠣᠯᠲᠤᠭᠠᠢ》 ᠭᠡᠪᠡ᠃ ᠶᠠᠭ ᠲᠡᠷᠡ ᠴᠠᠭ ᠲᠤ ᠥᠬᠢᠨ ᠨᠢ ᠢᠯᠠᠷᠢᠰᠢᠵᠠᠢ᠃
ᠮᠠᠰᠢ ᠣᠯᠠᠨ ᠡᠪᠡᠳᠴᠢᠲᠡᠨ ᠢ ᠡᠳᠡᠭᠡᠭᠡᠭᠰᠡᠨ ᠨᠢ
29 ᠢᠰᠦ᠋ᠰ ᠲᠡᠨᠳᠡ ᠡᠴᠡ ᠶᠠᠪᠤᠵᠤ᠂ ᠭᠠᠯᠢᠯᠠᠶ᠎ᠠ ᠨᠠᠭᠤᠷ ᠤᠨ ᠬᠠᠪᠢ ᠳᠤ ᠣᠴᠢᠪᠠ᠃ ᠲᠡᠷᠡ ᠠᠭᠤᠯᠠᠨ ᠳᠤ ᠭᠠᠷᠤᠭᠠᠳ ᠲᠡᠨᠳᠡ ᠰᠠᠭᠤᠵᠤ ᠪᠠᠢᠬᠤ ᠳᠤ᠂ 30 ᠦᠯᠡᠮᠵᠢ ᠣᠯᠠᠨ ᠬᠥᠮᠦᠨ ᠳᠣᠭᠣᠯᠠᠩ᠂ ᠰᠣᠬᠣᠷ᠂ ᠵᠡᠮᠳᠡᠭ᠂ ᠬᠡᠯᠡ ᠦᠭᠡᠢ ᠪᠣᠯᠣᠨ ᠪᠤᠰᠤᠳ ᠣᠯᠠᠨ ᠡᠪᠡᠳᠴᠢᠲᠡᠨ ᠢ ᠠᠪᠴᠢᠷᠠᠨ ᠬᠥᠯ ᠦᠨ ᠬᠢᠨᠢ ᠳᠡᠷᠭᠡᠳᠡ ᠲᠠᠯᠪᠢᠭᠰᠠᠨ ᠳᠤ᠂ ᠲᠡᠷᠡ ᠲᠡᠳᠡᠨ ᠢ ᠡᠳᠡᠭᠡᠭᠡᠪᠡ᠃ 31 ᠬᠤᠷᠠᠭᠰᠠᠨ ᠣᠯᠠᠨ ᠬᠡᠯᠡ ᠦᠭᠡᠶᠢᠴᠦᠳ ᠦᠨ ᠬᠡᠯᠡᠬᠦ᠂ ᠵᠡᠮᠳᠡᠭᠴᠦᠳ ᠦᠨ ᠡᠷᠡᠭᠦᠯᠵᠢᠬᠦ᠂ ᠳᠣᠭᠣᠯᠠᠩ ᠤᠳ ᠤᠨ ᠠᠯᠬᠤᠬᠤ᠂ ᠰᠣᠬᠣᠷᠴᠤᠳ ᠤᠨ ᠬᠠᠷᠠᠬᠤ ᠶᠢ ᠦᠵᠡᠭᠡᠳ ᠭᠠᠢᠬᠠᠵᠤ᠂ ᠢᠰᠷᠧᠯ ᠤᠨ ᠪᠤᠷᠬᠠᠨ ᠢ ᠠᠯᠳᠠᠷᠰᠢᠭᠤᠯᠪᠠ᠃
ᠢᠰᠦ᠋ᠰ ᠳᠥᠷᠪᠡᠨ ᠮᠢᠩ᠋ᠭᠠᠨ ᠬᠥᠮᠦᠨ ᠢ ᠬᠣᠭᠣᠯᠠᠯᠠᠭᠤᠯᠤᠭᠰᠠᠨ ᠨᠢ
32 ᠢᠰᠦ᠋ᠰ ᠱᠠᠪᠢ ᠨᠠᠷ ᠢᠶᠠᠨ ᠬᠠᠵᠠᠭᠤ ᠳᠠᠭᠠᠨ ᠳᠠᠭᠤᠳᠠᠵᠤ᠄ 《ᠪᠢ ᠡᠨᠡ ᠣᠯᠠᠨ ᠬᠥᠮᠦᠨ ᠢ ᠥᠷᠥᠪᠳᠥᠵᠦ ᠪᠠᠢᠨ᠎ᠠ᠃ ᠲᠡᠳᠡ ᠨᠠᠳᠠ ᠲᠠᠢ ᠭᠤᠷᠪᠠᠨ ᠡᠳᠦᠷ ᠬᠠᠮᠲᠤ ᠪᠠᠢᠵᠤ᠂ ᠢᠳᠡᠬᠦ ᠶᠠᠭᠤᠮ᠎ᠠ ᠦᠭᠡᠢ ᠪᠣᠯᠣᠯ᠎ᠠ᠃ ᠪᠢ ᠲᠡᠳᠡᠨ ᠢ ᠥᠯᠥᠰᠬᠥᠯᠡᠩ ᠪᠤᠴᠠᠭᠠᠬᠤ ᠳᠤᠷ᠎ᠠ ᠦᠭᠡᠢ ᠪᠠᠢᠨ᠎ᠠ᠂ ᠲᠡᠳᠡ ᠵᠠᠮ ᠳᠠᠭᠠᠨ ᠬᠠᠷᠠᠩ᠋ᠭᠤᠳᠤᠨ ᠤᠨᠠᠬᠤ ᠪᠤᠢ》 ᠭᠡᠵᠡᠢ᠃ 33 ᠱᠠᠪᠢ ᠨᠠᠷ ᠨᠢ᠄ 《ᠪᠢᠳᠡ ᠡᠨᠡ ᠵᠡᠯᠢᠭᠦᠳ ᠭᠠᠵᠠᠷ ᠬᠠᠮᠢᠭ᠎ᠠ ᠠᠴᠠ ᠡᠢᠮᠦ ᠣᠯᠠᠨ ᠬᠥᠮᠦᠨ ᠢ ᠴᠠᠳᠬᠠᠬᠤ ᠲᠡᠢᠮᠦ ᠶᠡᠬᠡ ᠪᠣᠣᠪᠣ ᠶᠢ ᠣᠯᠬᠤ ᠪᠢᠯᠡ︖》 ᠭᠡᠬᠦ ᠳᠦ᠂ 34 ᠢᠰᠦ᠋ᠰ᠄ 《ᠲᠠ ᠨᠠᠷ ᠲᠤ ᠬᠡᠳᠦᠨ ᠪᠣᠣᠪᠣ ᠪᠠᠢᠨ᠎ᠠ ᠪᠤᠢ︖》 ᠭᠡᠵᠦ ᠠᠰᠠᠭᠤᠪᠠ᠃ ᠲᠡᠳᠡ᠄ 《ᠳᠣᠯᠣᠭ᠎ᠠ᠂ ᠪᠠᠰᠠ ᠬᠡᠳᠦᠨ ᠵᠢᠵᠢᠭ ᠵᠢᠭᠠᠰᠤ ᠪᠤᠢ》 ᠭᠡᠯᠡ᠃ 35 ᠢᠰᠦ᠋ᠰ ᠬᠤᠷᠠᠭᠰᠠᠨ ᠣᠯᠠᠨ ᠳᠤ ᠭᠠᠵᠠᠷ ᠳᠡᠭᠡᠷ᠎ᠡ ᠰᠠᠭᠤ ᠭᠡᠵᠦ ᠵᠠᠬᠢᠭᠠᠳ᠂ 36 ᠳᠣᠯᠣᠭᠠᠨ ᠪᠣᠣᠪᠣ ᠪᠠ ᠥᠨᠥᠬᠢ ᠵᠢᠭᠠᠰᠤ ᠶᠢ ᠠᠪᠴᠤ᠂ ᠲᠠᠯᠠᠷᠬᠠᠭᠰᠠᠨ ᠤ ᠳᠠᠷᠠᠭ᠎ᠠ ᠬᠤᠪᠢᠶᠠᠭᠰᠠᠨ ᠪᠥᠭᠡᠳ ᠲᠡᠳᠡᠭᠡᠷ ᠢ ᠱᠠᠪᠢ ᠨᠠᠷ ᠲᠠᠭᠠᠨ ᠥᠭᠬᠦ ᠳᠦ᠂ ᠲᠡᠳᠡ ᠬᠥᠮᠦᠰ ᠲᠦ ᠥᠭᠴᠦ ᠪᠠᠢᠯ᠎ᠠ᠃ 37 ᠪᠦᠬᠦ ᠬᠥᠮᠦᠨ ᠢᠳᠡᠵᠦ ᠴᠠᠳᠤᠭᠰᠠᠨ ᠪᠥᠭᠡᠳ ᠦᠯᠡᠳᠡᠪᠦᠷᠢ ᠶᠢ ᠨᠢ ᠴᠤᠭᠯᠠᠭᠤᠯᠬᠤ ᠳᠤ᠂ ᠳᠣᠯᠣᠭᠠᠨ ᠲᠣᠮᠣ ᠰᠠᠭᠰᠤ ᠳᠦᠭᠦᠷᠴᠡᠢ᠃ 38 ᠢᠳᠡᠭᠰᠡᠨ ᠬᠥᠮᠦᠰ ᠨᠢ ᠡᠮᠡᠭᠲᠡᠢᠴᠦᠳ᠂ ᠬᠡᠦᠬᠡᠳ ᠤᠳ ᠠᠴᠠ ᠭᠠᠳᠠᠨ᠎ᠠ ᠳᠥᠷᠪᠡᠨ ᠮᠢᠩ᠋ᠭᠠᠨ ᠡᠷ᠎ᠡ ᠪᠠᠢᠵᠠᠢ᠃ 39 ᠢᠰᠦ᠋ᠰ ᠬᠤᠷᠠᠭᠰᠠᠨ ᠣᠯᠠᠨ ᠢ ᠲᠠᠷᠬᠠᠭᠠᠭᠰᠠᠨ ᠤ ᠳᠠᠷᠠᠭ᠎ᠠ᠂ ᠵᠠᠪᠢᠨ ᠳᠤ ᠰᠠᠭᠤᠭᠠᠳ ᠮᠠᠭᠠᠳᠠᠨ ᠨᠤᠲᠤᠭ ᠤᠷᠤᠭᠤ ᠶᠠᠪᠤᠭᠰᠠᠨ ᠪᠠᠢᠨ᠎ᠠ᠃