1 2 3 4 5 6 7 8 9 10 11 12 13 14 15 16 17 18 19 20 21 22 23 24 25 26 27 28


ᠮᠠᠲ᠋ᠠᠢ ᠭᠤᠷᠪᠠ
 ᠤᠬᠢᠶᠠᠯ ᠬᠦᠷᠲᠡᠭᠡᠭᠴᠢ ᠶᠣᠬᠠᠨ ᠤ ᠲᠤᠩ᠋ᠬᠠᠭᠯᠠᠯ

1 ᠲᠡᠷᠡ ᠦᠶ᠎ᠡ ᠳᠦ ᠤᠬᠢᠶᠠᠯ ᠬᠦᠷᠲᠡᠭᠡᠭᠴᠢ ᠶᠣᠬᠠᠨ ᠭᠠᠷᠴᠤ ᠢᠷᠡᠨ ᠶᠦᠳᠠᠢ ᠶᠢᠨ ᠴᠥᠯ ᠳᠤ᠄ 2 《ᠭᠡᠮᠰᠢᠵᠡᠭᠡ᠂ ᠲᠩᠷᠢ ᠶᠢᠨ ᠬᠠᠭᠠᠨᠴᠢᠯᠠᠯ ᠣᠢᠷᠠᠲᠤᠯ᠎ᠠ》 ᠭᠡᠵᠦ ᠲᠤᠩ᠋ᠬᠠᠭᠯᠠᠪᠠ᠃ 3 ᠲᠡᠭᠦᠨ ᠦ ᠲᠤᠬᠠᠢ ᠡᠰᠢ ᠦᠵᠡᠭᠦᠯᠦᠭᠴᠢ ᠢᠰᠠᠢᠶ᠎ᠠ᠄ 《ᠴᠥᠯ ᠳᠤ ᠬᠠᠰᠬᠢᠷᠤᠭᠴᠢ ᠨᠢᠭᠡᠨ ᠦ ᠳᠠᠭᠤ᠄ 〈ᠡᠵᠡᠨ ᠦ ᠵᠠᠮ ᠢ ᠪᠡᠯᠡᠳᠬᠡᠵᠡᠭᠡ᠂ ᠲᠡᠭᠦᠨ ᠦ ᠬᠠᠷᠭᠤᠢ ᠶᠢ ᠰᠢᠯᠤᠭᠤᠳᠬᠠᠵᠠᠭ᠎ᠠ〉 ᠭᠡᠪᠡ》 ᠭᠡᠰᠡᠨ ᠶᠤᠮ᠃ 4 ᠶᠣᠬᠠᠨ ᠲᠡᠮᠡᠭᠡᠨ ᠨᠣᠣᠰᠣᠨ ᠬᠤᠪᠴᠠᠰᠤ ᠡᠮᠦᠰᠴᠦ᠂ ᠰᠣᠷ ᠪᠦᠰᠡ ᠪᠦᠰᠡᠯᠡᠭᠰᠡᠨ ᠪᠥᠭᠡᠳ ᠬᠣᠭᠣᠯᠠ ᠨᠢ ᠴᠠᠷᠴᠠᠬᠠᠢ᠂ ᠵᠡᠷᠯᠢᠭ ᠵᠥᠭᠡᠢ ᠶᠢᠨ ᠪᠠᠯ ᠪᠠᠢᠵᠠᠢ᠃ 5 ᠲᠡᠭᠡᠬᠦ ᠳᠦ ᠶᠧᠷᠦ᠋ᠰᠠᠯᠧᠮ᠂ ᠪᠦᠬᠦ ᠶᠦᠳᠠᠢ ᠪᠣᠯᠣᠨ ᠶᠣᠷᠳᠠᠨ ᠭᠣᠣᠯ ᠤᠨ ᠬᠠᠪᠢ ᠶᠢᠨ ᠬᠢᠨ ᠪᠦᠭᠦᠳᠡᠭᠡᠷ ᠲᠡᠭᠦᠨ ᠳᠦ ᠣᠴᠢᠨ᠂ 6 ᠭᠡᠮ ᠨᠢᠭᠦᠯ ᠢᠶᠡᠨ ᠥᠴᠢᠵᠦ᠂ ᠶᠣᠷᠳᠠᠨ ᠭᠣᠣᠯ ᠳᠤ ᠲᠡᠭᠦᠨ ᠡᠴᠡ ᠤᠬᠢᠶᠠᠯ ᠬᠦᠷᠲᠡᠵᠦ ᠪᠠᠢᠪᠠ᠃

7 ᠬᠠᠷᠢᠨ ᠶᠣᠬᠠᠨ ᠹᠠᠷᠢᠰᠠᠢᠴᠤᠳ ᠪᠣᠯᠣᠨ ᠰᠠᠳᠣᠺᠠᠢᠴᠤᠳ ᠤᠨ ᠤᠬᠢᠶᠠᠯ ᠬᠦᠷᠲᠡᠬᠦ ᠭᠡᠵᠦ ᠣᠯᠠᠭᠤᠯᠠ ᠢᠷᠡᠬᠦ ᠶᠢ ᠬᠠᠷᠠᠭᠠᠳ᠂ ᠲᠡᠳᠡᠨ ᠳᠦ᠄ 《ᠬᠣᠣᠷᠲᠤ ᠮᠣᠭᠠᠢ ᠶᠢᠨ ᠦᠷ᠎ᠡ ᠲᠥᠯ ᠡ︕ ᠠᠢᠰᠤᠢ ᠬᠢᠯᠢᠩᠨᠡᠯ ᠡᠴᠡ ᠵᠠᠢᠯᠠ ᠭᠡᠵᠦ ᠬᠡᠨ ᠲᠠ ᠨᠠᠷ ᠲᠤ ᠵᠢᠭᠠᠭᠰᠠᠨ ᠪᠤᠢ︖ 8 ᠭᠡᠮᠰᠢᠯ ᠳᠤ ᠨᠡᠢᠴᠡᠬᠦ ᠵᠢᠮᠢᠰ ᠢᠶᠠᠨ ᠰᠠᠭᠤᠯᠭ᠎ᠠ᠃ 9 〈ᠠᠪᠷᠠᠬᠠᠮ ᠪᠣᠯ ᠪᠢᠳᠡᠨ ᠦ ᠡᠪᠦᠭᠡ︕〉 ᠬᠡᠮᠡᠨ ᠶᠠᠷᠢᠶ᠎ᠠ ᠭᠡᠵᠦ ᠳᠣᠲᠣᠷ᠎ᠠ ᠪᠠᠨ ᠪᠢᠲᠡᠭᠡᠢ ᠪᠣᠳᠣ᠃ ᠲᠠ ᠨᠠᠷ ᠲᠤ ᠬᠡᠯᠡᠶ᠎ᠡ᠂ ᠪᠤᠷᠬᠠᠨ ᠡᠳᠡᠭᠡᠷ ᠴᠢᠯᠠᠭᠤᠨ ᠠᠴᠠ ᠴᠤ ᠠᠪᠷᠠᠬᠠᠮ ᠤᠨ ᠦᠷ᠎ᠡ ᠤᠳᠤᠮ ᠢ ᠪᠤᠢ ᠪᠣᠯᠭᠠᠵᠤ ᠴᠢᠳᠠᠨ᠎ᠠ᠃ 10 ᠮᠣᠳᠣᠳ ᠤᠨ ᠦᠨᠳᠦᠰᠦᠨ ᠳᠦ ᠰᠦᠬᠡ ᠬᠡᠳᠦᠢᠨᠡᠢ ᠲᠠᠯᠪᠢᠭᠳᠠᠭᠰᠠᠨ ᠪᠠᠢᠨ᠎ᠠ᠂ ᠰᠠᠢᠨ ᠵᠢᠮᠢᠰ ᠰᠠᠭᠤᠳᠠᠭ ᠦᠭᠡᠢ ᠮᠣᠳᠣ ᠪᠦᠬᠦᠨ ᠴᠠᠪᠴᠢᠭᠳᠠᠵᠤ ᠭᠠᠯ ᠳᠤ ᠬᠠᠶᠠᠭᠳᠠᠨ᠎ᠠ᠃

11 ᠭᠡᠮᠰᠢᠯ ᠤᠨ ᠴᠢᠨᠢ ᠲᠥᠯᠥᠭᠡ ᠪᠢ ᠲᠠ ᠨᠠᠷ ᠲᠤ ᠤᠰᠤ ᠪᠠᠷ 5 ᠤᠬᠢᠶᠠᠯ ᠬᠦᠷᠲᠡᠭᠡᠵᠦ ᠪᠠᠢᠨ᠎ᠠ᠃ ᠬᠠᠷᠢᠨ ᠨᠠᠳᠠ ᠠᠴᠠ ᠬᠦᠴᠦᠷᠬᠡᠭ ᠨᠢᠭᠡᠨ ᠨᠢ ᠮᠢᠨᠦ ᠠᠷᠤ ᠠᠴᠠ ᠢᠷᠡᠨ᠎ᠡ᠂ ᠨᠠᠳᠠ ᠳᠤ ᠲᠡᠭᠦᠨ ᠦ ᠱᠠᠬᠠᠢ ᠶᠢ ᠪᠠᠷᠢᠵᠤ ᠶᠠᠪᠤᠬᠤ ᠬᠢᠷᠢ ᠭᠡᠮ ᠴᠤ ᠪᠠᠢᠬᠤ ᠦᠭᠡᠢ᠃ ᠲᠡᠷᠡ ᠲᠠ ᠨᠠᠷ ᠲᠤ ᠠᠷᠢᠭᠤᠨ ᠰᠦᠨᠡᠰᠦ ᠪᠣᠯᠣᠨ ᠭᠠᠯ ᠢᠶᠠᠷ ᠤᠬᠢᠶᠠᠯ ᠬᠦᠷᠲᠡᠭᠡᠨ᠎ᠡ᠃ 12 ᠲᠡᠷᠡ ᠭᠠᠷ ᠲᠠᠭᠠᠨ ᠳᠡᠪᠢᠭᠦᠷ ᠪᠠᠷᠢᠵᠤ ᠦᠲᠦᠷᠮ᠎ᠡ ᠪᠡᠨ ᠴᠡᠪᠡᠷᠯᠡᠨ᠂ ᠪᠤᠭᠤᠳᠠᠢ ᠪᠠᠨ ᠬᠥᠮᠥᠷᠭᠡ ᠳᠦ ᠬᠤᠷᠢᠶᠠᠬᠤ ᠪᠣᠯᠪᠠᠴᠤ ᠬᠡᠪᠡᠭ ᠢ ᠨᠢ ᠤᠨᠲᠠᠷᠠᠰᠢ ᠦᠭᠡᠢ ᠭᠠᠯ ᠳᠤ ᠲᠦᠯᠡᠬᠦ ᠪᠣᠯᠣᠨ᠎ᠠ》 ᠭᠡᠯ᠎ᠡ᠃
 ᠢᠰᠦ᠋ᠰ ᠤᠬᠢᠶᠠᠯ ᠬᠦᠷᠲᠡᠭᠰᠡᠨ ᠨᠢ

13 ᠲᠡᠭᠡᠬᠦ ᠳᠦ᠂ ᠢᠰᠦ᠋ᠰ ᠶᠣᠬᠠᠨ ᠠᠴᠠ ᠤᠬᠢᠶᠠᠯ ᠬᠦᠷᠲᠡᠬᠦ ᠪᠡᠷ ᠭᠠᠯᠢᠯᠠᠶ᠎ᠠ ᠠᠴᠠ ᠶᠣᠷᠳᠠᠨ ᠭᠣᠣᠯ ᠳᠤ ᠢᠷᠡᠪᠡ᠃ 14 ᠬᠠᠷᠢᠨ ᠶᠣᠬᠠᠨ᠄ 《ᠪᠢ ᠲᠠᠨ ᠠᠴᠠ ᠤᠬᠢᠶᠠᠯ ᠬᠦᠷᠲᠡᠬᠦ ᠤᠴᠢᠷ ᠲᠠᠢ ᠠᠲᠠᠯ᠎ᠠ ᠲᠠ ᠨᠠᠳᠠ ᠤᠷᠤᠭᠤ ᠢᠷᠡᠬᠦ ᠨᠢ ᠤᠤ︖》 ᠬᠡᠮᠡᠨ ᠪᠣᠯᠢᠭᠤᠯᠬᠤ ᠭᠡᠬᠦ ᠳᠦ᠂ 15 ᠢᠰᠦ᠋ᠰ ᠬᠠᠷᠢᠭᠤ ᠳᠤᠨᠢ᠄ 《ᠡᠨᠡ ᠤᠳᠠᠭ᠎ᠠ ᠵᠥᠪᠰᠢᠶᠡᠷᠡᠭᠡᠴᠢ᠂ ᠪᠢᠳᠡ ᠠᠯᠢᠪᠠ ᠵᠥᠪ ᠶᠣᠰᠣ ᠶᠢ ᠢᠩᠭᠢᠵᠦ ᠪᠡᠶᠡᠯᠡᠭᠦᠯᠬᠦ ᠶᠣᠰᠣᠲᠠᠢ》 ᠭᠡᠰᠡᠨ ᠳᠦ᠂ ᠶᠣᠬᠠᠨ ᠵᠥᠪᠰᠢᠶᠡᠷᠡᠪᠡ᠃ 16 ᠢᠰᠦ᠋ᠰ ᠤᠬᠢᠶᠠᠯ ᠬᠦᠷᠲᠡᠮᠡᠭᠴᠡ ᠤᠰᠤᠨ ᠠᠴᠠ ᠭᠠᠷᠪᠠ᠃ ᠠᠩ᠋ᠬᠠᠷᠤᠭᠲᠤᠨ᠂ ᠲᠩᠷᠢ ᠲᠡᠭᠦᠨ ᠳᠦ ᠨᠡᠭᠡᠭᠡᠭᠳᠡᠵᠦ᠂ ᠪᠤᠷᠬᠠᠨ ᠤ ᠰᠦᠨᠡᠰᠦ ᠲᠠᠭᠲᠠᠭ᠎ᠠ ᠮᠡᠲᠦ ᠥᠪᠡᠷ ᠦᠨ ᠬᠢᠨᠢ ᠳᠡᠭᠡᠷ᠎ᠡ ᠪᠠᠭᠤᠬᠤ ᠶᠢ ᠬᠠᠷᠠᠯ᠎ᠠ᠃ 17 ᠲᠡᠭᠡᠲᠡᠯ᠎ᠡ ᠲᠩᠷᠢ ᠡᠴᠡ ᠳᠠᠭᠤ ᠭᠠᠷᠴᠤ᠄ 《ᠡᠨᠡ ᠪᠣᠯ ᠮᠢᠨᠦ ᠬᠠᠢᠷᠠᠲᠠᠢ ᠬᠦᠦ᠂ ᠲᠡᠷᠡ ᠨᠠᠳᠠ ᠳᠤ ᠲᠠᠭᠠᠯᠠᠭᠳᠠᠳᠠᠭ》 ᠭᠡᠪᠡ᠃