1 2 3 4 5 6 7 8 9 10 11 12 13 14 15 16 17 18 19 20 21 22 23 24 25 26 27 28


ᠮᠠᠲ᠋ᠠᠢ ᠬᠣᠶᠠᠷ
 ᠳᠣᠷᠣᠨᠠᠲᠤ ᠶᠢᠨ ᠮᠡᠷᠭᠡᠳ ᠢᠷᠡᠭᠰᠡᠨ ᠨᠢ

1 ᠾᠧᠷᠣᠳ᠋ ᠬᠠᠨ ᠤ ᠦᠶ᠎ᠡ ᠳᠦ ᠢᠰᠦ᠋ᠰ ᠶᠦᠳᠠᠢ ᠶᠢᠨ ᠪᠧᠲ᠋ᠯᠧᠾᠧᠮ ᠳᠤ ᠮᠡᠨᠳᠦᠯᠡᠭᠰᠡᠨ᠎ᠡ᠂ ᠮᠡᠷᠭᠡᠳ ᠳᠣᠷᠣᠨ᠎ᠠ ᠵᠦᠭ ᠡᠴᠡ ᠶᠧᠷᠦ᠋ᠰᠠᠯᠧᠮ ᠳᠤ ᠢᠷᠡᠭᠡᠳ᠄ 2 《ᠶᠦᠳᠠᠢᠴᠤᠳ ᠤᠨ ᠬᠠᠭᠠᠨ ᠪᠣᠯᠬᠤ ᠪᠠᠷ ᠮᠡᠨᠳᠦᠯᠡᠭᠰᠡᠨ ᠲᠡᠷᠡ ᠬᠠᠮᠢᠭ᠎ᠠ ᠪᠠᠢᠨ᠎ᠠ︖ ᠪᠢᠳᠡ ᠳᠣᠷᠣᠨᠠᠲᠤ ᠳᠤ ᠪᠠᠢᠬᠤ ᠳᠠᠭᠠᠨ 4 ᠣᠳᠣ ᠶᠢ ᠨᠢ ᠦᠵᠡᠭᠡᠳ ᠲᠡᠭᠦᠨ ᠳᠦ ᠮᠥᠷᠭᠥᠬᠦ ᠪᠡᠷ ᠢᠷᠡᠯ᠎ᠡ》 ᠭᠡᠪᠡ᠃ 3 ᠡᠭᠦᠨ ᠢ ᠰᠣᠨᠣᠰᠣᠭᠠᠳ ᠾᠧᠷᠣᠳ᠋ ᠬᠠᠨ ᠪᠠᠯᠠᠭᠳᠠᠵᠤ᠂ ᠪᠦᠬᠦ ᠶᠧᠷᠦ᠋ᠰᠠᠯᠧᠮ ᠬᠣᠲᠠ ᠶᠢᠨ ᠬᠢᠨ ᠴᠤ ᠪᠤᠵᠢᠭᠢᠨᠠᠯᠳᠤᠪᠠ᠃ 4 ᠾᠧᠷᠣᠳ᠋ ᠬᠠᠨ ᠠᠷᠠᠳ ᠤᠨ ᠠᠬᠠᠯᠠᠬᠤ ᠲᠠᠬᠢᠯᠴᠢᠳ ᠪᠠ ᠪᠢᠴᠢᠭᠲᠡᠳ ᠢ ᠪᠦᠬᠦᠨ ᠢ ᠴᠤᠭᠯᠠᠭᠤᠯᠵᠤ᠂ ᠾᠷᠢᠰᠲ᠋ᠣᠰ ᠤᠨ ᠬᠠᠮᠢᠭ᠎ᠠ ᠲᠥᠷᠥᠬᠦ ᠶᠢ ᠯᠠᠪᠯᠠᠭᠰᠠᠨ ᠳᠤ᠂ 5 ᠲᠡᠳᠡ᠄ 《ᠶᠦᠳᠠᠢ ᠶᠢᠨ ᠪᠧᠲ᠋ᠯᠧᠾᠧᠮ ᠳᠤ ᠰᠢᠦ ᠳᠠ᠂ ᠤᠴᠢᠷ ᠨᠢ ᠡᠰᠢ ᠦᠵᠡᠭᠦᠯᠦᠭᠴᠢ᠄
6 〈ᠬᠠᠷᠢᠨ ᠶᠦᠳᠠ ᠨᠤᠲᠤᠭ ᠤᠨ ᠪᠧᠲ᠋ᠯᠧᠾᠧᠮ ᠡ ᠴᠢ ᠶᠦᠳᠠ ᠶᠢᠨ ᠵᠠᠬᠢᠷᠤᠭᠴᠢᠳ ᠠᠴᠠ ᠬᠠᠮᠤᠭ ᠤᠨ ᠥᠴᠦᠬᠡᠨ ᠨᠢ ᠬᠡᠷᠬᠢᠪᠡᠴᠦ ᠪᠢᠰᠢ ᠶᠠᠭᠤ ᠭᠡᠪᠡᠯ᠂ ᠴᠢᠮ᠎ᠠ ᠠᠴᠠ ᠨᠢᠭᠡ ᠵᠠᠬᠢᠷᠤᠭᠴᠢ ᠡᠭᠦᠰᠦᠭᠡᠳ ᠮᠢᠨᠦ ᠠᠷᠠᠳ ᠲᠦᠮᠡᠨ ᠢᠰᠷᠧᠯ ᠢ ᠬᠠᠷᠢᠭᠤᠯᠬᠤ ᠪᠣᠯᠣᠨ᠎ᠠ〉 ᠭᠡᠵᠦ ᠪᠢᠴᠢᠭᠰᠡᠨ ᠪᠠᠢᠳᠠᠭ》 ᠭᠡᠪᠡ᠃

7 ᠾᠧᠷᠣᠳ᠋ ᠮᠡᠷᠭᠡᠳ ᠢ ᠨᠢᠭᠤᠴᠠ ᠪᠠᠷ ᠳᠠᠭᠤᠳᠠᠵᠤ᠂ ᠣᠳᠣ ᠦᠵᠡᠭᠳᠡᠭᠰᠡᠨ ᠬᠤᠭᠤᠴᠠᠭ᠎ᠠ ᠶᠢ ᠲᠡᠳᠡᠨ ᠡᠴᠡ ᠨᠠᠷᠢᠪᠴᠢᠯᠠᠨ᠂ 8 ᠪᠧᠲ᠋ᠯᠧᠾᠧᠮ ᠤᠷᠤᠭᠤ ᠢᠯᠡᠭᠡᠬᠦ ᠳᠡᠭᠡᠨ᠄ 《ᠶᠠᠪᠤ᠂ ᠲᠡᠷᠡ ᠬᠡᠦᠬᠡᠳ ᠢ ᠨᠠᠷᠢᠪᠴᠢᠯᠠᠨ ᠡᠷᠢᠵᠦ᠂ ᠲᠡᠭᠦᠨ ᠢ ᠣᠯᠪᠠᠯ ᠨᠠᠳᠠ ᠳᠤ ᠲᠤᠭᠤᠯᠭ᠎ᠠ᠂ ᠪᠢ ᠪᠠᠰᠠ ᠣᠴᠢᠵᠤ ᠲᠡᠭᠦᠨ ᠳᠦ ᠮᠥᠷᠭᠥᠶ᠎ᠡ》 ᠭᠡᠯ᠎ᠡ᠃ 9 ᠲᠡᠳᠡ ᠬᠠᠨ ᠤ ᠦᠭᠡ ᠶᠢ ᠰᠣᠨᠣᠰᠣᠭᠠᠳ ᠶᠠᠪᠤᠯ᠎ᠠ᠃ ᠠᠩ᠋ᠬᠠᠷᠤᠭᠲᠤᠨ︕ ᠳᠣᠷᠣᠨᠠᠲᠤ ᠳᠤ ᠬᠠᠷᠠᠭᠰᠠᠨ ᠥᠨᠥᠬᠢ ᠣᠳᠣ ᠲᠡᠳᠡᠨ ᠢ ᠤᠳᠤᠷᠢᠳᠤᠭᠰᠠᠭᠠᠷ ᠬᠡᠦᠬᠡᠳ ᠦᠨ ᠪᠠᠢᠭ᠎ᠠ ᠭᠠᠵᠠᠷ ᠲᠤ ᠬᠦᠷᠦᠭᠡᠳ ᠳᠡᠭᠡᠷ᠎ᠡ ᠨᠢ ᠲᠣᠭᠲᠠᠪᠠ᠃ 10 ᠲᠡᠳᠡ ᠣᠳᠣ ᠶᠢ ᠬᠠᠷᠠᠭᠠᠳ ᠦᠯᠡᠮᠵᠢ ᠶᠡᠬᠡ ᠪᠡᠷ ᠬᠥᠭᠰᠡᠨ ᠪᠠᠶᠠᠷᠯᠠᠵᠠᠢ᠃ 11 ᠲᠡᠳᠡ ᠭᠡᠷ ᠲᠦ ᠣᠷᠣᠵᠤ᠂ ᠡᠬᠡ ᠮᠠᠷᠢᠶᠠ ᠲᠠᠢ ᠪᠠᠨ ᠪᠠᠢᠭ᠎ᠠ ᠬᠡᠦᠬᠡᠳ ᠢ ᠬᠠᠷᠠᠭᠠᠳ ᠲᠡᠭᠦᠨ ᠳᠦ ᠰᠥᠭᠥᠳᠥᠨ ᠮᠥᠷᠭᠥᠭᠰᠡᠨ ᠪᠥᠭᠡᠳ ᠡᠷᠳᠡᠨᠢᠰ ᠤᠨ ᠬᠠᠢᠷᠴᠠᠭ ᠢᠶᠠᠨ ᠨᠡᠭᠡᠭᠡᠨ ᠠᠯᠲᠠ᠂ ᠭᠦᠭᠦᠯ᠂ ᠮᠢᠷᠷᠠ ᠪᠡᠯᠡᠭᠯᠡᠨ ᠪᠠᠷᠢᠵᠠᠢ᠃ 12 ᠲᠡᠳᠡ ᠵᠡᠭᠦᠳᠦᠨ ᠳᠡᠭᠡᠨ 《ᠾᠧᠷᠣᠳ᠋ ᠤᠷᠤᠭᠤ ᠪᠢᠲᠡᠭᠡᠢ ᠪᠤᠴᠠ》 ᠭᠡᠬᠦ ᠵᠢᠭᠠᠪᠤᠷᠢ ᠠᠪᠤᠭᠠᠳ ᠣᠨᠳᠣᠣ ᠵᠠᠮ ᠢᠶᠠᠷ ᠨᠤᠲᠤᠭ ᠲᠠᠭᠠᠨ ᠬᠠᠷᠢᠪᠠ᠃
 ᠶᠧᠵᠢᠫᠲ ᠤᠷᠤᠭᠤ ᠵᠠᠢᠯᠠᠭᠰᠠᠨ ᠨᠢ

13 ᠠᠩ᠋ᠬᠠᠷᠤᠭᠲᠤᠨ︕ ᠲᠡᠳᠡ ᠬᠠᠷᠢᠭᠰᠠᠨ ᠤ ᠳᠠᠷᠠᠭ᠎ᠠ᠂ ᠡᠵᠡᠨ ᠦ ᠡᠯᠴᠢ ᠶᠣᠰᠧᠹ ᠤᠨ ᠵᠡᠭᠦᠳᠦᠨ ᠳᠦ ᠦᠵᠡᠭᠳᠡᠵᠦ ᠲᠡᠭᠦᠨ ᠳᠦ᠄ 《ᠪᠣᠰ᠂ ᠬᠡᠦᠬᠡᠳ ᠢ ᠡᠬᠡ ᠲᠠᠢ ᠨᠢ ᠠᠪᠴᠤ ᠶᠧᠵᠢᠫᠲ ᠤᠷᠤᠭᠤ ᠳᠤᠲᠠᠭᠠᠨ᠂ ᠴᠢᠮ᠎ᠠ ᠳᠤ ᠬᠡᠯᠡ ᠥᠭᠲᠡᠯ᠎ᠡ ᠮᠢᠨᠢ ᠲᠡᠨᠳᠡ ᠪᠠᠢ᠂ ᠾᠧᠷᠣᠳ᠋ ᠬᠡᠦᠬᠡᠳ ᠢ ᠡᠷᠢᠵᠦ ᠬᠥᠨᠥᠭᠡᠬᠦ ᠭᠡᠵᠦ ᠪᠠᠢᠨ᠎ᠠ》 ᠭᠡᠰᠡᠨ ᠳᠦ᠂ 14 ᠶᠣᠰᠧᠹ ᠪᠣᠰᠴᠤ ᠰᠥᠨᠢ ᠳᠡᠭᠡᠨ ᠬᠡᠦᠬᠡᠳ ᠢ ᠡᠬᠡ ᠲᠠᠢ ᠨᠢ ᠠᠪᠴᠤ ᠶᠧᠵᠢᠫᠲ ᠤᠷᠤᠭᠤ ᠨᠡᠭᠦᠨ᠂ 15 ᠾᠧᠷᠣᠳ᠋ ᠦᠬᠦᠲᠡᠯ᠎ᠡ ᠲᠡᠨᠳᠡ ᠪᠡᠨ ᠪᠠᠢᠪᠠ᠃ ᠡᠵᠡᠨ ᠦ ᠡᠰᠢ ᠦᠵᠡᠭᠦᠯᠦᠭᠴᠢ ᠪᠠᠷ ᠳᠠᠮᠵᠢᠭᠤᠯᠤᠨ 《ᠶᠧᠵᠢᠫᠲ ᠡᠴᠡ ᠪᠢ ᠬᠦᠦ ᠪᠡᠨ ᠳᠠᠭᠤᠳᠠᠨ ᠭᠠᠷᠭᠠᠭᠰᠠᠨ》 ᠭᠡᠰᠡᠨ ᠨᠢ ᠡᠢᠨ ᠬᠦ ᠪᠡᠶᠡᠯᠡᠭᠳᠡᠵᠡᠢ᠃
 ᠾᠧᠷᠣᠳ᠋ ᠬᠥᠪᠡᠭᠦᠳ ᠢ ᠬᠥᠨᠥᠭᠡᠭᠰᠡᠨ ᠨᠢ

16 ᠾᠧᠷᠣᠳ᠋ ᠮᠡᠷᠭᠡᠳ ᠲᠦ ᠴᠢᠳᠠᠭᠳᠠᠭᠰᠠᠨ ᠢᠶᠠᠨ ᠮᠡᠳᠡᠭᠡᠳ ᠶᠡᠬᠡᠳᠡ ᠬᠢᠯᠢᠩᠨᠡᠪᠡ᠃ ᠲᠡᠷᠡ ᠪᠡᠷ ᠮᠡᠷᠭᠡᠳ ᠡᠴᠡ ᠨᠠᠷᠢᠪᠴᠢᠯᠠᠭᠰᠠᠨ ᠴᠠᠭ ᠢᠶᠠᠷ ᠮᠥᠷᠳᠡᠵᠦ᠂ ᠪᠧᠲ᠋ᠯᠧᠾᠧᠮ ᠪᠣᠯᠣᠨ ᠲᠡᠭᠦᠨ ᠦ ᠬᠠᠪᠢ ᠶᠢᠨ ᠬᠣᠶᠠᠷ ᠨᠠᠰᠤᠨ ᠠᠴᠠ ᠳᠣᠷᠣᠭᠰᠢᠬᠢ ᠬᠥᠪᠡᠭᠦᠳ ᠢ ᠴᠥᠮ ᠢ ᠨᠢ ᠠᠯᠠᠭᠤᠯᠵᠠᠢ᠃ 17 ᠡᠢᠨ ᠬᠦ ᠡᠰᠢ ᠦᠵᠡᠭᠦᠯᠦᠭᠴᠢ ᠶᠧᠷᠧᠮᠢᠶ᠎ᠠ ᠪᠠᠷ
18 《ᠷᠠᠮᠠ ᠠᠴᠠ ᠤᠬᠢᠯᠠᠨ ᠭᠠᠰᠢᠭᠤᠳᠠᠬᠤ ᠴᠢᠩᠭ᠍᠎ᠠ ᠳᠠᠭᠤ ᠰᠣᠨᠣᠰᠳᠠᠪᠠ ᠷᠠᠾᠢᠯ ᠬᠡᠦᠬᠡᠳ ᠤᠳ ᠢᠶᠠᠨ ᠰᠠᠨᠠᠨ ᠤᠬᠢᠯᠠᠵᠤ ᠪᠠᠢᠨ᠎ᠠ ᠲᠡᠷᠡ ᠲᠠᠢᠳᠬᠤᠷᠠᠭᠤᠯᠤᠭᠳᠠᠬᠤ ᠶᠢ ᠬᠦᠰᠡᠭᠰᠡᠨ ᠦᠭᠡᠢ ᠲᠡᠳᠡᠨ ᠦ ᠬᠡᠦᠬᠡᠳ ᠤᠳ ᠠᠯᠠᠭ᠎ᠠ ᠪᠣᠯᠴᠢᠬᠠᠭᠰᠠᠨ ᠠᠵᠢ》
ᠭᠡᠵᠦ ᠬᠡᠯᠭᠦᠯᠦᠭᠰᠡᠨ ᠦᠭᠡ ᠲᠡᠷᠡ ᠴᠠᠭ ᠲᠤ ᠪᠡᠶᠡᠯᠡᠭᠳᠡᠵᠡᠢ᠃

19 ᠾᠧᠷᠣᠳ᠋ ᠦᠬᠦᠪᠡ᠃ ᠡᠵᠡᠨ ᠦ ᠡᠯᠴᠢ ᠶᠧᠵᠢᠫᠲ ᠲᠤ ᠪᠠᠢᠭ᠎ᠠ ᠶᠣᠰᠧᠹ ᠤᠨ ᠵᠡᠭᠦᠳᠦᠨ ᠳᠦ ᠦᠵᠡᠭᠳᠡᠵᠦ᠄ 20 《ᠪᠣᠰ᠂ ᠬᠡᠦᠬᠡᠳ ᠢ ᠡᠬᠡ ᠲᠠᠢ ᠨᠢ ᠠᠪᠴᠤ ᠢᠰᠷᠧᠯ ᠨᠤᠲᠤᠭ ᠤᠷᠤᠭᠤ ᠶᠠᠪᠤ᠂ ᠬᠡᠦᠬᠡᠳ ᠦᠨ ᠠᠮᠢ ᠶᠢ ᠨᠡᠬᠡᠭᠴᠢᠳ ᠦᠬᠦᠵᠡᠢ》 ᠭᠡᠬᠦ ᠳᠦ᠂ 21 ᠲᠡᠷᠡ ᠪᠣᠰᠴᠤ ᠬᠦᠦ ᠶᠢ ᠡᠬᠡ ᠲᠠᠢ ᠨᠢ ᠠᠪᠴᠤ᠂ ᠢᠰᠷᠧᠯ ᠨᠤᠲᠤᠭ ᠲᠤ ᠣᠷᠣᠪᠠ᠃ 22 ᠬᠠᠷᠢᠨ ᠠᠷᠬᠧᠯᠡ ᠶᠢᠨ ᠡᠴᠢᠭᠡ ᠾᠧᠷᠣᠳ᠋ ᠢᠶᠠᠨ ᠣᠷᠣᠯᠠᠨ ᠶᠦᠳᠠᠢ ᠶᠢᠨ ᠬᠠᠨ ᠪᠣᠯᠣᠭᠰᠠᠨ ᠢ ᠰᠣᠨᠣᠰᠣᠭᠠᠳ ᠲᠡᠰᠢ ᠬᠥᠳᠡᠯᠬᠦ ᠡᠴᠡ ᠠᠶᠤᠭᠰᠠᠨ ᠪᠣᠯᠪᠠᠴᠤ᠂ ᠵᠡᠭᠦᠳᠦᠨ ᠳᠡᠭᠡᠨ ᠵᠢᠭᠠᠪᠤᠷᠢ ᠠᠪᠤᠭᠠᠳ ᠭᠠᠯᠢᠯᠠᠶ᠎ᠠ ᠨᠤᠲᠤᠭ ᠤᠷᠤᠭᠤ ᠨᠡᠭᠦᠭᠰᠡᠨ ᠪᠥᠭᠡᠳ 23 ᠨᠠᠽᠠᠷᠧᠲ ᠬᠡᠮᠡᠬᠦ ᠲᠣᠰᠬᠣᠨ ᠳᠤ ᠬᠦᠷᠴᠦ ᠰᠠᠭᠤᠷᠢᠰᠢᠪᠠ᠃ ᠡᠢᠨ ᠬᠦ 《ᠨᠠᠽᠠᠷᠧᠲ ᠤᠨ ᠬᠢ ᠭᠡᠵᠦ ᠳᠠᠭᠤᠳᠠᠭᠳᠠᠨ᠎ᠠ》 ᠬᠡᠮᠡᠨ ᠡᠰᠢ ᠦᠵᠡᠭᠦᠯᠦᠭᠴᠢᠳ ᠢᠶᠠᠷ ᠬᠡᠯᠡᠭᠦᠯᠦᠭᠰᠡᠨ ᠦᠭᠡ ᠪᠡᠶᠡᠯᠡᠭᠳᠡᠵᠡᠢ᠃