ᠮᠠᠲ᠋ᠠᠢ ᠠᠷᠪᠠ ᠶᠢᠰᠦ
ᠤᠷᠤᠭ ᠰᠠᠯᠬᠤ ᠶᠢᠨ ᠲᠤᠬᠠᠢ
1 ᠢᠰᠦ᠋ᠰ ᠡᠳᠡᠭᠡᠷ ᠦᠭᠡ ᠪᠡᠨ ᠶᠠᠷᠢᠭᠰᠠᠨ ᠤ ᠪᠠᠨ ᠳᠠᠷᠠᠭ᠎ᠠ᠂ ᠭᠠᠯᠢᠯᠠᠶ᠎ᠠ ᠠᠴᠠ ᠶᠠᠪᠤᠵᠤ ᠶᠣᠷᠳᠠᠨ ᠭᠣᠣᠯ ᠤᠨ ᠴᠠᠭᠠᠲᠤᠬᠢ ᠶᠦᠳᠠᠢ ᠨᠤᠲᠤᠭ ᠲᠤ ᠬᠦᠷᠪᠡ᠃ 2 ᠮᠠᠰᠢ ᠣᠯᠠᠨ ᠬᠥᠮᠦᠨ ᠲᠡᠭᠦᠨ ᠢ ᠳᠠᠭᠠᠬᠤ ᠳᠤ᠂ ᠢᠰᠦ᠋ᠰ ᠲᠡᠨᠳᠡ ᠲᠡᠳᠡᠨ ᠢ ᠡᠳᠡᠭᠡᠭᠡᠪᠡ᠃
3 ᠹᠠᠷᠢᠰᠠᠢᠴᠤᠳ ᠲᠡᠭᠦᠨ ᠢ ᠲᠡᠩᠰᠡᠬᠦ ᠭᠡᠵᠦ ᠢᠷᠡᠭᠡᠳ᠄ 《ᠬᠥᠮᠦᠨ ᠶᠠᠮᠠᠷ ᠨᠢᠭᠡᠨ ᠰᠢᠯᠲᠠᠭᠠᠨ ᠢᠶᠠᠷ ᠡᠬᠡᠨᠡᠷ ᠡᠴᠡ ᠪᠡᠨ ᠰᠠᠯᠵᠤ ᠪᠣᠯᠣᠨ᠎ᠠ ᠤᠤ︖》 ᠭᠡᠬᠦ ᠳᠦ᠂ 4 ᠢᠰᠦ᠋ᠰ ᠬᠠᠷᠢᠭᠤ ᠳᠤᠨᠢ᠄ 《ᠪᠦᠲᠦᠭᠡᠭᠴᠢ ᠠᠩ᠋ᠬᠠᠨ ᠠᠴᠠ ᠪᠠᠨ ᠬᠥᠮᠦᠨ ᠢ 〈ᠡᠷᠡᠭᠲᠡᠢ ᠡᠮᠡᠭᠲᠡᠢ ᠪᠠᠷ ᠵᠣᠬᠢᠶᠠᠭᠰᠠᠨ〉 ᠪᠥᠭᠡᠳ 5 ᠠᠢᠯᠠᠳᠬᠤ ᠳᠠᠭᠠᠨ᠄ 〈ᠡᠢᠮᠦ ᠡᠴᠡ ᠡᠷ᠎ᠡ ᠬᠥᠮᠦᠨ ᠡᠴᠢᠭᠡ ᠡᠬᠡ ᠪᠡᠨ ᠣᠷᠬᠢᠭᠠᠳ ᠡᠬᠡᠨᠡᠷ ᠲᠡᠢ ᠪᠡᠨ ᠨᠠᠢᠯᠠᠨ᠂ ᠬᠣᠶᠠᠭᠤᠯᠠ ᠪᠠᠨ ᠨᠢᠭᠡ ᠮᠢᠬᠠᠨ ᠪᠡᠶ᠎ᠡ ᠪᠣᠯᠣᠨ᠎ᠠ〉 ᠭᠡᠰᠡᠨ ᠢ ᠲᠠ ᠨᠠᠷ ᠤᠩ᠋ᠰᠢᠭ᠎ᠠ ᠦᠭᠡᠢ ᠤᠤ︖ 6 ᠡᠢᠨ ᠬᠦ ᠲᠡᠳᠡ ᠬᠣᠶᠠᠷ ᠪᠤᠰᠤ᠂ ᠨᠢᠭᠡ ᠪᠡᠶ᠎ᠡ ᠮᠥᠨ᠃ ᠲᠡᠢᠨ ᠬᠦ ᠪᠤᠷᠬᠠᠨ ᠤ ᠬᠣᠯᠪᠣᠭᠰᠠᠨ ᠢ ᠬᠥᠮᠦᠨ ᠪᠦᠦ ᠰᠠᠯᠭᠠᠭ》 ᠭᠡᠪᠡ᠃ 7 ᠲᠡᠳᠡ ᠢᠰᠦ᠋ᠰ ᠲᠤ᠄ 《ᠲᠡᠭᠡᠪᠡᠯ ᠮᠣᠰᠧ ᠶᠠᠭᠠᠬᠢᠭᠠᠳ ᠰᠠᠯᠤᠯᠲᠠ ᠶᠢᠨ ᠭᠡᠷᠡᠴᠢ ᠥᠭᠴᠦ ᠲᠡᠭᠦᠨ ᠢ ᠪᠠᠨ ᠶᠠᠪᠤᠭᠤᠯ ᠭᠡᠵᠦ ᠵᠠᠷᠯᠢᠭᠳᠠᠭᠰᠠᠨ ᠪᠤᠢ︖》 ᠭᠡᠬᠦ ᠳᠦ᠂ 8 ᠲᠡᠷᠡ᠄ 《ᠲᠠ ᠨᠠᠷ ᠤᠨ ᠵᠢᠷᠦᠬᠡ ᠬᠠᠲᠠᠭᠤ ᠪᠣᠯᠬᠣᠷ ᠡᠬᠡᠨᠡᠷ ᠡᠴᠡ ᠪᠡᠨ ᠰᠠᠯᠬᠤ ᠶᠢ ᠴᠢᠨᠢ ᠮᠣᠰᠧ ᠵᠥᠪᠰᠢᠶᠡᠷᠡᠭᠰᠡᠨ ᠶᠤᠮ᠃ ᠭᠡᠪᠡᠴᠦ ᠠᠩ᠋ᠬᠠᠨ ᠠᠴᠠ ᠪᠠᠨ ᠲᠡᠢᠮᠦ ᠪᠠᠢᠭᠰᠠᠨ ᠪᠢᠰᠢ᠃ 9 ᠲᠠ ᠨᠠᠷ ᠲᠤ ᠬᠡᠯᠡᠶ᠎ᠡ᠂ ᠬᠡᠨ ᠰᠠᠳᠤᠷ ᠰᠠᠮᠠᠭᠤᠨ ᠠᠴᠠ ᠥᠭᠡᠷ᠎ᠡ ᠰᠢᠯᠲᠠᠭᠠᠨ ᠢᠶᠠᠷ ᠡᠬᠡᠨᠡᠷ ᠡᠴᠡ ᠪᠡᠨ ᠰᠠᠯᠵᠤ᠂ ᠥᠭᠡᠷ᠎ᠡ ᠡᠮᠡᠭᠲᠡᠢ ᠲᠡᠢ ᠭᠡᠷᠯᠡᠪᠡᠯ ᠵᠠᠪᠬᠠᠢᠷᠠᠭᠰᠠᠨ ᠪᠣᠯᠠᠢ》 ᠭᠡᠪᠡ᠃
10 ᠱᠠᠪᠢ ᠨᠠᠷ ᠨᠢ᠄ 《ᠨᠥᠬᠥᠷ ᠡᠬᠡᠨᠡᠷ ᠦᠨ ᠬᠠᠷᠢᠴᠠᠭ᠎ᠠ ᠡᠢᠮᠦ ᠪᠠᠢᠪᠠᠯ ᠭᠡᠷᠯᠡᠬᠦ ᠦᠭᠡᠢ ᠨᠢ ᠳᠡᠭᠡᠷ᠎ᠡ》 ᠭᠡᠬᠦ ᠳᠦ᠂ 11 ᠢᠰᠦ᠋ᠰ ᠲᠡᠳᠡᠨ ᠳᠦ᠄ 《ᠡᠨᠡ ᠵᠢᠭᠠᠪᠤᠷᠢ ᠶᠢ ᠬᠥᠮᠦᠨ ᠪᠦᠬᠦᠨ ᠳᠠᠭᠠᠭᠠᠵᠤ ᠴᠢᠳᠠᠬᠤ ᠪᠢᠰᠢ᠂ ᠵᠥᠪᠰᠢᠶᠡᠷᠡᠭᠳᠡᠭᠰᠡᠨ ᠬᠥᠮᠦᠰ ᠯᠠ ᠴᠢᠳᠠᠨ᠎ᠠ᠃ 12 ᠡᠬᠡ ᠶᠢᠨ ᠢᠶᠠᠨ ᠬᠡᠪᠡᠯᠢ ᠡᠴᠡ ᠲᠥᠷᠥᠬᠦ ᠳᠡᠭᠡᠨ ᠲᠠᠢᠭᠠᠨ ᠲᠥᠷᠥᠭᠰᠡᠨ ᠬᠥᠮᠦᠰ ᠪᠠᠢᠳᠠᠭ᠂ ᠬᠥᠮᠦᠨ ᠳᠦ ᠲᠠᠢᠭᠠᠯᠠᠭᠳᠠᠭᠰᠠᠨ ᠲᠠᠢᠭᠠᠨ ᠨᠤᠭᠤᠳ ᠴᠤ ᠪᠠᠢᠳᠠᠭ᠃ ᠪᠠᠰᠠ ᠲᠩᠷᠢ ᠶᠢᠨ ᠬᠠᠭᠠᠨᠴᠢᠯᠠᠯ ᠤᠨ ᠲᠥᠯᠥᠭᠡ ᠥᠪᠡᠷ ᠢ ᠪᠠᠨ ᠲᠠᠢᠭᠠᠯᠠᠭᠰᠠᠨ ᠲᠠᠢᠭᠠᠨ ᠨᠤᠭᠤᠳ ᠴᠤ ᠪᠠᠢᠳᠠᠭ᠃ ᠡᠭᠦᠨ ᠢ ᠳᠠᠭᠠᠭᠠᠨ ᠠᠪᠴᠤ ᠴᠢᠳᠠᠬᠤ ᠬᠥᠮᠦᠨ ᠨᠢ ᠠᠪᠤᠭᠲᠤᠨ》 ᠭᠡᠪᠡ᠃
ᠢᠰᠦ᠋ᠰ ᠬᠡᠦᠬᠡᠳ ᠤᠳ ᠢ ᠢᠷᠥᠭᠡᠭᠰᠡᠨ ᠨᠢ
13 ᠲᠡᠭᠡᠬᠦ ᠳᠦ ᠬᠥᠮᠦᠰ ᠬᠡᠦᠬᠡᠳ ᠤᠳ ᠤᠨ ᠢᠶᠠᠨ ᠳᠡᠭᠡᠷ᠎ᠡ ᠮᠤᠲᠤᠷ ᠲᠠᠯᠪᠢᠭᠤᠯᠤᠨ ᠳᠠᠭᠠᠳᠬᠠᠯᠭᠠᠬᠤ ᠭᠡᠵᠦ ᠢᠰᠦ᠋ᠰ ᠤᠷᠤᠭᠤ ᠠᠪᠴᠢᠷᠠᠵᠤ ᠪᠠᠢᠬᠤ ᠳᠤ᠂ ᠱᠠᠪᠢ ᠨᠠᠷ ᠨᠢ ᠲᠡᠳᠡᠨ ᠢ ᠵᠢᠮᠡᠯᠡᠵᠡᠢ᠃ 14 ᠬᠠᠷᠢᠨ ᠢᠰᠦ᠋ᠰ᠄ 《ᠬᠡᠦᠬᠡᠳ ᠤᠳ ᠤᠨ ᠨᠠᠳᠠ ᠤᠷᠤᠭᠤ ᠢᠷᠡᠬᠦ ᠶᠢ ᠵᠥᠪᠰᠢᠶᠡᠷᠡ᠂ ᠪᠦᠦ ᠬᠣᠷᠢᠭᠯᠠ᠃ ᠲᠩᠷᠢ ᠶᠢᠨ ᠬᠠᠭᠠᠨᠴᠢᠯᠠᠯ ᠪᠣᠯ ᠡᠢᠮᠦᠷᠬᠦ ᠬᠥᠮᠦᠰ ᠦᠨ ᠬᠢ ᠶᠤᠮ》 ᠭᠡᠳ᠂ 15 ᠲᠡᠳᠡᠨ ᠦ ᠳᠡᠭᠡᠷ᠎ᠡ ᠮᠤᠲᠤᠷ ᠢᠶᠠᠨ ᠲᠠᠯᠪᠢᠭᠰᠠᠨ ᠤ ᠳᠠᠷᠠᠭ᠎ᠠ ᠲᠡᠨᠳᠡ ᠡᠴᠡ ᠶᠠᠪᠤᠪᠠ᠃
ᠪᠠᠶᠠᠨ ᠵᠠᠯᠠᠭᠤ ᠨᠣᠶᠠᠨ
16 ᠨᠢᠭᠡ ᠬᠥᠮᠦᠨ ᠢᠷᠡᠭᠡᠳ ᠲᠡᠭᠦᠨ ᠳᠦ᠄ 《ᠪᠠᠭᠰᠢ ᠡ᠂ ᠮᠥᠩᠬᠡ ᠠᠮᠢ ᠶᠢ ᠣᠯᠬᠤ ᠶᠢᠨ ᠲᠤᠯᠠᠳᠠ ᠪᠢ ᠶᠠᠮᠠᠷ ᠰᠠᠢᠨ ᠢ ᠦᠢᠯᠡᠳᠬᠦ ᠶᠣᠰᠣᠲᠠᠢ ᠪᠤᠢ︖》 ᠭᠡᠵᠦ ᠠᠰᠠᠭᠤᠬᠤ ᠳᠤ᠂ 17 ᠢᠰᠦ᠋ᠰ᠄ 《ᠴᠢ ᠶᠠᠭᠤᠨ ᠳᠤ ᠨᠠᠳᠠ ᠠᠴᠠ ᠰᠠᠢᠨ ᠤ ᠲᠤᠬᠠᠢ ᠠᠰᠠᠭᠤᠨ᠎ᠠ ᠪᠤᠢ︖ ᠰᠠᠢᠨ ᠭᠡᠭᠴᠢ ᠨᠢ ᠭᠠᠭᠴᠠ ᠯᠠ ᠪᠠᠢᠳᠠᠭ᠃ ᠴᠢ ᠮᠥᠩᠬᠡ ᠠᠮᠢ ᠳᠤ ᠣᠷᠣᠬᠤ ᠶᠢ ᠬᠦᠰᠡᠵᠦ ᠪᠠᠢᠪᠠᠯ ᠵᠠᠷᠯᠢᠭ ᠤᠳ ᠢ ᠰᠠᠬᠢ》 ᠭᠡᠪᠡ᠃ 18 ᠲᠡᠷᠡ ᠬᠥᠮᠦᠨ᠄ 《ᠠᠯᠢ ᠶᠢ ᠨᠢ ᠪᠤᠢ︖》 ᠭᠡᠬᠦ ᠳᠦ᠂ ᠢᠰᠦ᠋ᠰ᠄ 《ᠪᠦᠦ ᠠᠯᠠ᠂ ᠪᠦᠦ ᠵᠠᠪᠬᠠᠢᠷᠠ᠂ ᠪᠦᠦ ᠬᠤᠯᠠᠭᠠᠢᠯᠠ᠂ ᠬᠤᠳᠠᠯ ᠢᠶᠠᠷ ᠪᠦᠦ ᠭᠡᠷᠡᠴᠢᠯᠡ᠃ 19 ᠡᠴᠢᠭᠡ ᠡᠬᠡ ᠪᠡᠨ ᠬᠦᠨᠳᠦᠯᠡ᠂ ᠬᠥᠷᠰᠢ ᠪᠠᠨ ᠥᠪᠡᠷ ᠦᠨ ᠢᠶᠠᠨ ᠪᠡᠶ᠎ᠡ ᠮᠡᠲᠦ ᠬᠠᠢᠷᠠᠯᠠ ᠵᠡᠷᠭᠡ ᠶᠤᠮ》 ᠭᠡᠵᠡᠢ᠃ 20 ᠲᠡᠷᠡ ᠵᠠᠯᠠᠭᠤ ᠢᠰᠦ᠋ᠰ ᠲᠤ᠄ 《ᠡᠨᠡ ᠪᠦᠬᠦᠨ ᠢ ᠪᠢ ᠰᠠᠬᠢᠭᠰᠠᠨ᠂ ᠣᠳᠣ ᠨᠠᠳᠠ ᠳᠤ ᠶᠠᠭᠤ ᠳᠤᠲᠠᠭᠤ ᠪᠠᠢᠭ᠎ᠠ ᠶᠤᠮ ᠪᠤᠢ︖》 ᠭᠡᠬᠦ ᠳᠦ᠂ 21 ᠢᠰᠦ᠋ᠰ᠄ 《ᠴᠢ ᠲᠡᠭᠦᠰ ᠪᠣᠯᠬᠤ ᠶᠢ ᠬᠦᠰᠡᠵᠦ ᠪᠠᠢᠪᠠᠯ ᠶᠠᠪᠤ᠂ ᠪᠠᠢᠳᠠᠭ ᠢᠶᠠᠨ ᠬᠤᠳᠠᠯᠳᠤᠭᠠᠳ ᠶᠠᠳᠠᠭᠤᠴᠤᠳ ᠲᠤ ᠥᠭ᠃ ᠲᠡᠭᠡᠪᠡᠯ ᠴᠢ ᠲᠩᠷᠢ ᠳᠤ ᠡᠷᠳᠡᠨᠢᠰ ᠲᠠᠢ ᠪᠣᠯᠣᠨ᠎ᠠ᠃ ᠲᠡᠭᠡᠭᠡᠳ ᠢᠷᠡᠵᠦ ᠨᠠᠮᠠᠶᠢ ᠳᠠᠭ᠎ᠠ》 ᠭᠡᠪᠡ᠃ 22 ᠲᠡᠷᠡ ᠵᠠᠯᠠᠭᠤ ᠶᠡᠬᠡ ᠬᠥᠷᠥᠩᠭᠡ ᠲᠠᠢ ᠪᠣᠯᠬᠣᠷ ᠡᠨᠡ ᠦᠭᠡ ᠶᠢ ᠰᠣᠨᠣᠰᠣᠭᠠᠳ ᠭᠤᠨᠢᠭᠲᠠᠢ ᠪᠠᠷ ᠶᠠᠪᠤᠵᠠᠢ᠃
23 ᠢᠰᠦ᠋ᠰ ᠱᠠᠪᠢ ᠨᠠᠷ ᠲᠠᠭᠠᠨ᠄ 《ᠲᠠ ᠨᠠᠷ ᠲᠤ ᠪᠠᠲᠤᠲᠠᠢ ᠬᠡᠯᠡᠶ᠎ᠡ᠂ ᠪᠠᠶᠠᠨ ᠬᠥᠮᠦᠨ ᠲᠩᠷᠢ ᠶᠢᠨ ᠬᠠᠭᠠᠨᠴᠢᠯᠠᠯ ᠳᠤ ᠣᠷᠣᠬᠤ ᠳᠤ ᠪᠡᠷᠬᠡ ᠲᠠᠢ᠃ 24 ᠲᠠ ᠨᠠᠷ ᠲᠤ ᠳᠠᠬᠢᠨ ᠬᠡᠯᠡᠶ᠎ᠡ᠃ ᠪᠠᠶᠠᠨ ᠬᠥᠮᠦᠨ ᠪᠤᠷᠬᠠᠨ ᠤ ᠬᠠᠭᠠᠨᠴᠢᠯᠠᠯ ᠳᠤ ᠣᠷᠣᠬᠤ ᠠᠴᠠ ᠲᠡᠪᠡᠨᠡ ᠶᠢᠨ ᠰᠦᠪᠡ ᠪᠡᠷ ᠲᠡᠮᠡᠭᠡ ᠣᠷᠣᠬᠤ ᠨᠢ ᠬᠢᠯᠪᠠᠷᠬᠠᠨ》 ᠭᠡᠪᠡ᠃ 25 ᠱᠠᠪᠢ ᠨᠠᠷ ᠨᠢ ᠡᠭᠦᠨ ᠢ ᠰᠣᠨᠣᠰᠣᠭᠠᠳ ᠶᠡᠬᠡ ᠭᠠᠢᠬᠠᠵᠠᠭᠠᠨ᠄ 《ᠲᠡᠭᠡᠪᠡᠯ ᠬᠡᠨ ᠠᠪᠤᠷᠠᠭᠳᠠᠵᠤ ᠴᠢᠳᠠᠬᠤ ᠶᠤᠮ ᠪᠤᠢ︖》 ᠭᠡᠬᠦ ᠳᠦ᠂ 26 ᠢᠰᠦ᠋ᠰ ᠲᠡᠳᠡᠨ ᠢ ᠰᠢᠷᠲᠡᠵᠦ᠄ 《ᠬᠥᠮᠦᠨ ᠳᠦ ᠪᠣᠯᠣᠮᠵᠢ ᠦᠭᠡᠢ᠂ ᠬᠠᠷᠢᠨ ᠪᠤᠷᠬᠠᠨ ᠳᠤ ᠪᠦᠬᠦ ᠶᠠᠭᠤᠮ᠎ᠠ ᠪᠣᠯᠣᠮᠵᠢ ᠲᠠᠢ》 ᠭᠡᠵᠡᠢ᠃
ᠱᠠᠪᠢ ᠨᠠᠷ ᠤᠨ ᠠᠪᠬᠤ ᠱᠠᠩᠨᠠᠯ
27 ᠲᠡᠭᠡᠲᠡᠯ᠎ᠡ ᠫᠧᠲ᠋ᠧᠷ ᠲᠡᠭᠦᠨ ᠳᠦ᠄ 《ᠬᠠᠷ᠎ᠠ ᠳᠠ᠂ ᠪᠢᠳᠡ ᠪᠦᠬᠦᠨ ᠢᠶᠡᠨ ᠣᠷᠬᠢᠭᠠᠳ ᠲᠠᠨ ᠢ ᠳᠠᠭᠠᠭᠰᠠᠨ᠂ ᠲᠡᠢᠨ ᠬᠦ ᠪᠢᠳᠡ ᠶᠠᠭᠤ ᠲᠠᠢ ᠪᠣᠯᠬᠤ ᠪᠤᠢ︖》 ᠭᠡᠬᠦ ᠳᠦ᠂ 28 ᠢᠰᠦ᠋ᠰ᠄ 《ᠲᠠ ᠨᠠᠷ ᠲᠤ ᠪᠠᠲᠤᠲᠠᠢ ᠬᠡᠯᠡᠶ᠎ᠡ᠃ ᠬᠠᠮᠤᠭ ᠶᠠᠭᠤᠮ᠎ᠠ ᠰᠢᠨᠡᠴᠢᠯᠡᠭᠳᠡᠵᠦ᠂ ᠬᠥᠮᠦᠨ ᠦ ᠬᠦᠦ ᠵᠢᠪᠬᠤᠯᠠᠩᠲᠤ ᠰᠡᠨᠲᠢ ᠳᠡᠭᠡᠨ ᠰᠠᠭᠤᠬᠤ ᠦᠶ᠎ᠡ ᠳᠦ᠂ ᠨᠠᠮᠠᠶᠢ ᠳᠠᠭᠠᠭᠰᠠᠨ ᠲᠠ ᠨᠠᠷ ᠴᠤ ᠮᠥᠨ ᠠᠷᠪᠠᠨ ᠬᠣᠶᠠᠷ ᠰᠡᠨᠲᠢ ᠳᠤ ᠰᠠᠭᠤᠭᠠᠳ ᠢᠰᠷᠧᠯ ᠤᠨ ᠠᠷᠪᠠᠨ ᠬᠣᠶᠠᠷ ᠣᠪᠣᠭ ᠢ ᠰᠢᠭᠦᠬᠦ ᠪᠣᠯᠣᠨ᠎ᠠ᠃ 29 ᠮᠢᠨᠦ ᠨᠡᠷ᠎ᠡ ᠶᠢᠨ ᠲᠥᠯᠥᠭᠡ ᠭᠡᠷ ᠣᠷᠣᠨ᠂ ᠠᠬ᠎ᠠ ᠳᠡᠭᠦᠦ᠂ ᠡᠭᠡᠴᠢ ᠳᠡᠭᠦᠦ᠂ ᠡᠴᠢᠭᠡ ᠪᠤᠶᠤ ᠡᠬᠡ᠂ ᠦᠷ᠎ᠡ ᠬᠡᠦᠬᠡᠳ ᠤᠳ᠂ ᠡᠰᠡᠪᠡᠯ ᠭᠠᠵᠠᠷ ᠲᠠᠷᠢᠶ᠎ᠠ ᠪᠠᠨ ᠣᠷᠬᠢᠭᠰᠠᠨ ᠬᠥᠮᠦᠨ ᠪᠣᠯᠭᠠᠨ ᠵᠠᠭᠤ ᠳᠠᠬᠢᠨ ᠶᠡᠬᠡ ᠶᠢ ᠬᠦᠷᠲᠡᠵᠦ ᠮᠥᠩᠬᠡ ᠠᠮᠢ ᠶᠢ ᠥᠪᠯᠡᠬᠦ ᠪᠣᠯᠣᠨ᠎ᠠ᠃ 30 ᠬᠠᠷᠢᠨ ᠲᠦᠷᠦᠭᠦᠨ ᠳᠦ ᠪᠠᠢᠭ᠎ᠠ ᠣᠯᠠᠨ ᠨᠢ ᠰᠡᠭᠦᠯᠴᠢ ᠶᠢᠨ ᠬᠢ ᠪᠣᠯᠵᠤ᠂ ᠰᠡᠭᠦᠯ ᠳᠦ ᠪᠠᠢᠭ᠎ᠠ ᠣᠯᠠᠨ ᠨᠢ ᠲᠦᠷᠦᠭᠦᠨ ᠦ ᠬᠢ ᠪᠣᠯᠣᠨ᠎ᠠ᠃