ᠮᠠᠲ᠋ᠠᠢ ᠬᠣᠷᠢᠨ ᠭᠤᠷᠪᠠ
ᠹᠠᠷᠢᠰᠠᠢᠴᠤᠳ ᠤᠨ ᠦᠢᠯᠡ ᠶᠠᠪᠤᠳᠠᠯ ᠢ ᠢᠯᠡᠴᠢᠯᠡᠭᠰᠡᠨ ᠨᠢ
1 ᠲᠡᠭᠡᠬᠦ ᠳᠦ᠂ ᠢᠰᠦ᠋ᠰ ᠬᠤᠷᠠᠭᠰᠠᠨ ᠣᠯᠠᠨ ᠬᠢᠭᠡᠳ ᠱᠠᠪᠢ ᠨᠠᠷ ᠲᠠᠭᠠᠨ ᠠᠢᠯᠠᠳᠤᠭᠰᠠᠨ ᠨᠢ᠄ 2 《ᠪᠢᠴᠢᠭᠲᠡᠳ ᠪᠣᠯᠣᠨ ᠹᠠᠷᠢᠰᠠᠢᠴᠤᠳ ᠮᠣᠰᠧ ᠶᠢᠨ ᠰᠠᠭᠤᠳᠠᠯ ᠳᠤ ᠰᠠᠭᠤᠭᠰᠠᠨ ᠪᠠᠢᠳᠠᠭ᠃ 3 ᠲᠡᠢᠮᠦ ᠡᠴᠡ ᠲᠠ ᠨᠠᠷ ᠲᠤ ᠬᠡᠯᠡᠳᠡᠭ ᠪᠣᠯᠭᠠᠨ ᠢ ᠨᠢ ᠪᠡᠶᠡᠯᠡᠭᠦᠯ᠂ ᠰᠠᠬᠢ᠃ ᠬᠠᠷᠢᠨ ᠲᠡᠳᠡᠨ ᠦ ᠦᠢᠯᠡᠰ ᠢ ᠪᠦᠦ ᠳᠠᠭ᠎ᠠ᠂ ᠲᠡᠳᠡ ᠬᠡᠯᠡᠳᠡᠭ ᠪᠣᠯᠪᠠᠴᠤ ᠪᠡᠶᠡᠯᠡᠭᠦᠯᠳᠡᠭ ᠦᠭᠡᠢ᠃ 4 ᠲᠡᠳᠡ ᠳᠠᠭᠠᠭᠠᠵᠤ ᠳᠡᠢᠯᠦᠰᠢ ᠦᠭᠡᠢ ᠬᠦᠨᠳᠦ ᠠᠴᠢᠶ᠎ᠠ ᠶᠢ ᠪᠠᠭᠯᠠᠵᠤ ᠬᠥᠮᠦᠰ ᠦᠨ ᠮᠥᠷᠥᠨ ᠳᠡᠭᠡᠷ᠎ᠡ ᠲᠠᠯᠪᠢᠳᠠᠭ ᠪᠣᠯᠪᠠᠴᠤ ᠠᠴᠢᠶ᠎ᠠ ᠵᠥᠭᠡᠭᠡᠬᠦ ᠳᠦ ᠥᠪᠡᠷᠰᠡᠳ ᠦᠨ ᠢᠶᠠᠨ ᠭᠠᠭᠴᠠ ᠬᠤᠷᠤᠭᠤ ᠶᠢ ᠴᠤ ᠬᠥᠳᠡᠯᠭᠡᠬᠦ ᠳᠤᠷ᠎ᠠ ᠦᠭᠡᠢ ᠪᠠᠢᠳᠠᠭ᠃ 5 ᠲᠡᠳᠡ ᠬᠥᠮᠦᠰ ᠲᠦ ᠬᠠᠷᠠᠭᠤᠯᠬᠤ ᠶᠢᠨ ᠲᠤᠯᠠᠳᠠ ᠪᠦᠬᠦ ᠵᠦᠢᠯ ᠢᠶᠠᠨ ᠬᠢᠳᠡᠭ ᠶᠤᠮ᠃ ᠠᠷᠢᠭᠤᠨ ᠦᠭᠡ ᠶᠢᠨ ᠬᠠᠢᠷᠴᠠᠭ 39 ᠢᠶᠠᠨ ᠲᠣᠮᠣᠰᠬᠠᠨ᠂ ᠬᠤᠪᠴᠠᠰᠤᠨ ᠤ ᠰᠠᠴᠤᠭ ᠢᠶᠠᠨ ᠤᠷᠲᠤ ᠤᠨᠵᠢᠭᠤᠯᠵᠤ ᠶᠠᠪᠤᠳᠠᠭ᠃ 6 ᠲᠡᠳᠡ ᠨᠠᠢᠷ ᠤᠨ ᠬᠣᠢᠮᠣᠷ᠂ ᠬᠤᠷᠠᠯ ᠤᠨ ᠲᠠᠩᠬᠢᠮ ᠤᠨ ᠳᠡᠭᠡᠳᠦ ᠰᠠᠭᠤᠳᠠᠯ ᠳᠤ ᠰᠠᠭᠤᠬᠤ᠂ 7 ᠵᠡᠭᠡᠯᠢ ᠳᠡᠭᠡᠷ᠎ᠡ ᠮᠡᠨᠳᠦᠴᠢᠯᠡᠭᠦᠯᠬᠦ ᠪᠠ 〈ᠪᠠᠭᠰᠢ ᠡ〉 ᠭᠡᠵᠦ ᠳᠠᠭᠤᠳᠠᠭᠤᠯᠬᠤ ᠳᠤᠷᠠᠲᠠᠢ᠃ 8 ᠬᠠᠷᠢᠨ ᠲᠠ ᠨᠠᠷ 〈ᠪᠠᠭᠰᠢ ᠡ〉 ᠭᠡᠵᠦ ᠪᠢᠲᠡᠭᠡᠢ ᠳᠠᠭᠤᠳᠠᠭᠤᠯ᠂ ᠲᠠ ᠨᠠᠷ ᠲᠤ ᠭᠠᠭᠴᠠᠬᠠᠨ ᠪᠠᠭᠰᠢ ᠪᠠᠢᠳᠠᠭ ᠪᠥᠭᠡᠳ ᠲᠠ ᠨᠠᠷ ᠪᠦᠭᠦᠳᠡᠭᠡᠷ ᠠᠬ᠎ᠠ ᠳᠡᠭᠦᠦᠰ ᠪᠢᠯᠡ᠃ 9 ᠭᠠᠵᠠᠷ ᠳᠡᠭᠡᠷ᠎ᠡ ᠬᠡᠨ ᠢ ᠴᠤ 〈ᠪᠢᠳᠡᠨ ᠦ ᠡᠴᠢᠭᠡ〉 ᠭᠡᠵᠦ ᠪᠢᠲᠡᠭᠡᠢ ᠳᠠᠭᠤᠳᠠᠵᠠᠭᠠ᠃ ᠲᠠ ᠨᠠᠷ ᠲᠤ ᠭᠠᠭᠴᠠᠬᠠᠨ ᠡᠴᠢᠭᠡ ᠪᠠᠢᠳᠠᠭ ᠪᠥᠭᠡᠳ ᠲᠡᠷᠡ ᠨᠢ ᠲᠩᠷᠢ ᠳᠤ ᠪᠤᠢ ᠪᠢᠯᠡ᠃ 10 ᠲᠠ ᠨᠠᠷ ᠤᠳᠤᠷᠢᠳᠤᠭᠴᠢᠳ ᠭᠡᠵᠦ ᠪᠢᠲᠡᠭᠡᠢ ᠳᠠᠭᠤᠳᠠᠭᠤᠯ᠃ ᠲᠠ ᠨᠠᠷ ᠲᠤ ᠭᠠᠭᠴᠠᠬᠠᠨ ᠤᠳᠤᠷᠢᠳᠤᠭᠴᠢ ᠪᠠᠢᠳᠠᠭ ᠪᠥᠭᠡᠳ ᠲᠡᠷᠡ ᠨᠢ ᠾᠷᠢᠰᠲ᠋ᠣᠰ ᠶᠤᠮ᠃ 11 ᠬᠠᠷᠢᠨ ᠲᠠ ᠨᠠᠷ ᠤᠨ ᠳᠤᠮᠳᠠ ᠠᠴᠠ ᠬᠠᠮᠤᠭ ᠤᠨ ᠠᠭᠤᠤ ᠨᠢ ᠲᠠ ᠨᠠᠷ ᠤᠨ ᠦᠢᠯᠡᠴᠢᠯᠡᠭᠴᠢ ᠪᠣᠯᠠᠢ᠃ 12 ᠥᠪᠡᠷ ᠢ ᠪᠠᠨ ᠳᠡᠭᠡᠳᠦᠯᠡᠭᠴᠢ ᠨᠢ ᠳᠣᠣᠷᠠᠰᠢᠶᠠᠭᠳᠠᠨᠠ᠂ ᠥᠪᠡᠷ ᠢ ᠪᠠᠨ ᠳᠣᠣᠷᠠᠰᠢᠶᠠᠭᠴᠢ ᠨᠢ ᠳᠡᠭᠡᠳᠦᠯᠡᠭᠳᠡᠨ᠎ᠡ᠃
ᠳᠣᠯᠣᠭᠠᠨ ᠭᠠᠢ
13 ᠲᠠ ᠨᠠᠷ ᠲᠤ ᠭᠠᠢ ᠪᠣᠯᠣᠨ᠎ᠠ᠂ ᠪᠢᠴᠢᠭᠲᠡᠳ᠂ ᠹᠠᠷᠢᠰᠠᠢᠴᠤᠳ ᠪᠠ ᠬᠣᠶᠠᠷ ᠨᠢᠭᠤᠷᠲᠤ ᠬᠥᠮᠦᠰ ᠡ︕ ᠲᠠ ᠨᠠᠷ ᠬᠥᠮᠦᠰ ᠦᠨ ᠡᠮᠦᠨ᠎ᠡ ᠲᠩᠷᠢ ᠶᠢᠨ ᠬᠠᠭᠠᠨᠴᠢᠯᠠᠯ ᠤᠨ ᠡᠭᠦᠳᠡ ᠶᠢ ᠬᠠᠭᠠᠵᠤ᠂ ᠥᠪᠡᠷᠰᠡᠳ ᠢᠶᠡᠨ ᠣᠷᠣᠬᠤ ᠦᠭᠡᠢ᠂ ᠣᠷᠣᠬᠤ ᠭᠡᠵᠦ ᠪᠠᠢᠭ᠎ᠠ ᠬᠥᠮᠦᠰ ᠢ ᠴᠤ ᠣᠷᠣᠭᠤᠯᠬᠤ ᠦᠭᠡᠢ ᠪᠠᠢᠳᠠᠭ᠃ 14 40 15 ᠲᠠ ᠨᠠᠷ ᠲᠤ ᠭᠠᠢ ᠪᠣᠯᠣᠨ᠎ᠠ᠂ ᠪᠢᠴᠢᠭᠲᠡᠳ᠂ ᠹᠠᠷᠢᠰᠠᠢᠴᠤᠳ ᠪᠠ ᠬᠣᠶᠠᠷ ᠨᠢᠭᠤᠷᠲᠤ ᠬᠥᠮᠦᠰ ᠡ᠂ ᠲᠠ ᠨᠠᠷ ᠭᠠᠭᠴᠠ ᠬᠥᠮᠦᠨ ᠢ ᠴᠤ ᠢᠲᠡᠭᠡᠭᠴᠢ ᠪᠣᠯᠭᠠᠬᠤ ᠶᠢᠨ ᠲᠤᠯᠠᠳᠠ ᠳᠠᠯᠠᠢ᠂ ᠬᠠᠭᠤᠷᠠᠢ ᠪᠠᠷ ᠭᠠᠵᠠᠷ ᠰᠠᠢ ᠦᠭᠡᠢ ᠶᠠᠪᠤᠵᠤ᠂ ᠣᠯᠴᠢᠬᠠᠪᠠᠯ ᠲᠡᠭᠦᠨ ᠢ ᠥᠪᠡᠷᠰᠡᠳ ᠡᠴᠡ ᠪᠡᠨ ᠳᠠᠬᠢᠨ ᠢᠶᠠᠷ ᠢᠯᠡᠭᠦᠦ ᠲᠠᠮᠤ ᠶᠢᠨ ᠬᠡᠦᠬᠡᠳ ᠪᠣᠯᠭᠠᠳᠠᠭ᠃
16 ᠲᠠ ᠨᠠᠷ ᠲᠤ ᠭᠠᠢ ᠪᠣᠯᠣᠨ᠎ᠠ᠂ ᠰᠣᠬᠣᠷ ᠵᠠᠮᠴᠢᠯᠠᠭᠴᠢ ᠡ᠂ ᠲᠠ ᠨᠠᠷ᠄ 〈ᠥᠷᠭᠥᠭᠡ ᠪᠡᠷ ᠲᠠᠩ᠋ᠭᠠᠷᠢᠭᠯᠠᠭᠴᠢ ᠨᠢ ᠶᠠᠮᠠᠷ ᠴᠤ ᠡᠭᠦᠷᠭᠡ ᠦᠭᠡᠢ᠂ ᠬᠠᠷᠢᠨ ᠥᠷᠭᠥᠭᠡᠨ ᠦ ᠠᠯᠲᠠ ᠪᠠᠷ ᠲᠠᠩ᠋ᠭᠠᠷᠢᠭᠯᠠᠭᠴᠢ ᠨᠢ ᠪᠡᠶᠡᠯᠡᠭᠦᠯᠬᠦ ᠡᠭᠦᠷᠭᠡ ᠲᠠᠢ〉 ᠭᠡᠳᠡᠭ᠃ 17 ᠮᠤᠩ᠋ᠬᠠᠭ ᠰᠣᠬᠣᠷ ᠬᠥᠮᠦᠰ ᠡ︕ ᠠᠯᠢ ᠨᠢ ᠢᠯᠡᠭᠦᠦ ᠴᠢᠬᠤᠯᠠ ᠪᠤᠢ︖ ᠠᠯᠲᠠ ᠤᠤ︖ ᠡᠰᠡᠪᠡᠯ ᠠᠯᠲᠠ ᠶᠢ ᠠᠷᠢᠭᠤᠰᠬᠠᠳᠠᠭ ᠥᠷᠭᠥᠭᠡ ᠤᠤ︖ 18 ᠲᠠ ᠨᠠᠷ ᠮᠥᠨ᠄ 〈ᠲᠠᠬᠢᠯ ᠤᠨ ᠰᠢᠷᠡᠭᠡ ᠪᠡᠷ ᠲᠠᠩ᠋ᠭᠠᠷᠢᠭᠯᠠᠭᠴᠢ ᠨᠢ ᠶᠠᠮᠠᠷ ᠴᠤ ᠡᠭᠦᠷᠭᠡ ᠦᠭᠡᠢ᠂ ᠬᠠᠷᠢᠨ ᠲᠡᠭᠦᠨ ᠦ ᠳᠡᠭᠡᠷᠡᠬᠢ ᠡᠷᠭᠦᠯ ᠢᠶᠡᠷ ᠲᠠᠩ᠋ᠭᠠᠷᠢᠭᠯᠠᠭᠴᠢ ᠨᠢ ᠪᠡᠶᠡᠯᠡᠭᠦᠯᠬᠦ ᠡᠭᠦᠷᠭᠡ ᠲᠠᠢ〉 ᠭᠡᠳᠡᠭ᠃ 19 ᠰᠣᠬᠣᠷ ᠬᠥᠮᠦᠰ ᠡ᠂ ᠠᠯᠢ ᠨᠢ ᠢᠯᠡᠭᠦᠦ ᠴᠢᠬᠤᠯᠠ ᠪᠤᠢ︖ ᠡᠷᠭᠦᠯ ᠤᠤ︖ ᠡᠰᠡᠪᠡᠯ ᠲᠡᠷᠡ ᠡᠷᠭᠦᠯ ᠢ ᠠᠷᠢᠭᠤᠰᠬᠠᠳᠠᠭ ᠲᠠᠬᠢᠯ ᠤᠨ ᠰᠢᠷᠡᠭᠡ ᠤᠤ︖ 20 ᠲᠠᠬᠢᠯ ᠤᠨ ᠰᠢᠷᠡᠭᠡ ᠪᠡᠷ ᠲᠠᠩ᠋ᠭᠠᠷᠢᠭᠯᠠᠭᠴᠢ ᠨᠢ ᠲᠠᠬᠢᠯ ᠤᠨ ᠰᠢᠷᠡᠭᠡ ᠪᠣᠯᠣᠨ ᠳᠡᠭᠡᠷ᠎ᠡ ᠨᠢ ᠪᠠᠢᠭ᠎ᠠ ᠪᠦᠬᠦᠨ ᠢᠶᠡᠷ ᠲᠠᠩ᠋ᠭᠠᠷᠢᠭᠯᠠᠵᠤ ᠪᠠᠢᠭ᠎ᠠ ᠬᠡᠷᠡᠭ᠂ 21 ᠥᠷᠭᠥᠭᠡ ᠪᠡᠷ ᠲᠠᠩ᠋ᠭᠠᠷᠢᠭᠯᠠᠭᠴᠢ ᠨᠢ ᠥᠷᠭᠥᠭᠡ ᠪᠣᠯᠣᠨ ᠲᠡᠭᠦᠨ ᠳᠣᠲᠣᠷ᠎ᠠ ᠣᠷᠣᠰᠢᠭᠴᠢ ᠪᠠᠷ ᠲᠠᠩ᠋ᠭᠠᠷᠢᠭᠯᠠᠵᠤ ᠪᠠᠢᠭ᠎ᠠ ᠬᠡᠷᠡᠭ ᠪᠥᠭᠡᠳ 22 ᠲᠩᠷᠢ ᠪᠠᠷ ᠲᠠᠩ᠋ᠭᠠᠷᠢᠭᠯᠠᠭᠴᠢ ᠨᠢ ᠪᠤᠷᠬᠠᠨ ᠤ ᠰᠡᠨᠲᠢ ᠪᠠᠷ ᠪᠣᠯᠣᠨ ᠳᠡᠭᠡᠷ᠎ᠡ ᠨᠢ ᠰᠠᠭᠤᠭᠴᠢ ᠪᠠᠷ ᠲᠠᠩ᠋ᠭᠠᠷᠢᠭᠯᠠᠵᠤ ᠪᠠᠢᠭ᠎ᠠ ᠬᠡᠷᠡᠭ ᠶᠤᠮ᠃
23 ᠲᠠ ᠨᠠᠷ ᠲᠤ ᠭᠠᠢ ᠪᠣᠯᠣᠨ᠎ᠠ᠂ ᠪᠢᠴᠢᠭᠲᠡᠳ᠂ ᠹᠠᠷᠢᠰᠠᠢᠴᠤᠳ ᠪᠠ ᠬᠣᠶᠠᠷ ᠨᠢᠭᠤᠷᠲᠤ ᠬᠥᠮᠦᠰ ᠡ᠂ ᠲᠠ ᠨᠠᠷ ᠪᠠᠳᠷᠠᠰᠢ᠂ ᠵᠣᠷᠭᠣᠳᠠᠰᠤ᠂ ᠴᠤᠭᠤᠷ ᠨᠣᠭᠣᠭ᠎ᠠ ᠶᠢᠨ ᠠᠷᠪᠠᠨ ᠤ ᠨᠢᠭᠡ ᠶᠢ ᠡᠷᠭᠦᠳᠡᠭ ᠪᠠᠢᠲᠠᠯ᠎ᠠ ᠪᠠᠨ ᠢᠯᠡᠭᠦᠦ ᠴᠢᠬᠤᠯᠠ ᠪᠣᠯᠬᠤ ᠬᠠᠤᠯᠢ ᠶᠢᠨ ᠵᠥᠪ ᠶᠣᠰᠣ᠂ ᠨᠢᠭᠦᠯᠡᠰᠦᠯ᠂ ᠢᠲᠡᠭᠡᠯ ᠵᠡᠷᠭᠡ ᠶᠢ ᠬᠠᠶᠠᠭᠰᠠᠨ ᠪᠠᠢᠳᠠᠭ᠃ ᠬᠠᠷᠢᠨ ᠡᠳᠡᠭᠡᠷ ᠢ ᠪᠡᠶᠡᠯᠡᠭᠦᠯᠬᠦ ᠶᠣᠰᠣᠲᠠᠢ ᠪᠥᠭᠡᠳ ᠲᠡᠳᠡᠭᠡᠷ ᠢ ᠴᠤ ᠬᠠᠶᠠᠵᠤ ᠪᠣᠯᠬᠤ ᠦᠭᠡᠢ ᠰᠠᠨ᠃
24 ᠰᠣᠬᠣᠷ ᠵᠠᠮᠴᠢᠯᠠᠭᠴᠢᠳ ᠡ᠂ ᠲᠠ ᠨᠠᠷ ᠰᠢᠮᠠᠭᠤᠯ ᠢ ᠱᠦᠭᠦᠨ ᠭᠠᠷᠭᠠᠳᠠᠭ ᠪᠠᠢᠲᠠᠯ᠎ᠠ ᠪᠠᠨ ᠲᠡᠮᠡᠭᠡ ᠶᠢ ᠵᠠᠯᠭᠢᠴᠢᠬᠠᠳᠠᠭ ᠪᠠᠢᠨ᠎ᠠ᠃ 25 ᠲᠠ ᠨᠠᠷ ᠲᠤ ᠭᠠᠢ ᠪᠣᠯᠣᠨ᠎ᠠ᠂ ᠪᠢᠴᠢᠭᠲᠡᠳ᠂ ᠹᠠᠷᠢᠰᠠᠢᠴᠤᠳ ᠪᠠ ᠬᠣᠶᠠᠷ ᠨᠢᠭᠤᠷᠲᠤ ᠬᠥᠮᠦᠰ ᠡ᠂ ᠲᠠ ᠨᠠᠷ ᠠᠶᠠᠭ᠎ᠠ ᠲᠠᠪᠠᠭ ᠤᠨ ᠢᠶᠠᠨ ᠭᠠᠳᠠᠨ᠎ᠠ ᠲᠠᠯ᠎ᠠ ᠶᠢ ᠴᠡᠪᠡᠷᠯᠡᠳᠡᠭ ᠪᠣᠯᠪᠠᠴᠤ ᠳᠣᠲᠣᠷ᠎ᠠ ᠲᠠᠯ᠎ᠠ ᠶᠢ ᠨᠢ ᠮᠥᠯᠵᠢᠯ᠂ ᠵᠠᠳᠠᠭᠠᠢᠷᠠᠯ ᠢᠶᠠᠷ ᠳᠦᠭᠦᠷᠭᠡᠭᠰᠡᠨ ᠪᠠᠢᠳᠠᠭ᠃ 26 ᠰᠣᠬᠣᠷ ᠹᠠᠷᠢᠰᠠᠢᠴᠤᠳ ᠡ᠂ ᠶᠠᠭᠤᠨ ᠤ ᠡᠮᠦᠨ᠎ᠡ ᠠᠶᠠᠭ᠎ᠠ ᠲᠠᠪᠠᠭ ᠤᠨ ᠢᠶᠠᠨ ᠳᠣᠲᠣᠷ᠎ᠠ ᠲᠠᠯ᠎ᠠ ᠶᠢ ᠴᠡᠪᠡᠷᠯᠡ᠂ ᠲᠡᠭᠡᠪᠡᠯ ᠭᠠᠳᠠᠨ᠎ᠠ ᠲᠠᠯ᠎ᠠ ᠨᠢ ᠴᠤ ᠴᠡᠪᠡᠷᠬᠡᠨ ᠪᠣᠯᠣᠨ᠎ᠠ᠃
27 ᠲᠠ ᠨᠠᠷ ᠲᠤ ᠭᠠᠢ ᠪᠣᠯᠣᠨ᠎ᠠ᠂ ᠪᠢᠴᠢᠭᠲᠡᠳ᠂ ᠹᠠᠷᠢᠰᠠᠢᠴᠤᠳ ᠪᠠ ᠬᠣᠶᠠᠷ ᠨᠢᠭᠤᠷᠲᠤ ᠬᠥᠮᠦᠰ ᠡ᠂ ᠲᠠ ᠨᠠᠷ ᠪᠣᠯ ᠴᠣᠬᠣᠢᠳᠠᠭᠰᠠᠨ ᠪᠤᠯᠠᠰᠢ ᠲᠠᠢ ᠠᠳᠠᠯᠢ ᠶᠤᠮ᠃ ᠪᠤᠯᠠᠰᠢᠨ ᠤ ᠭᠠᠳᠠᠨ᠎ᠠ ᠲᠠᠯ᠎ᠠ ᠨᠢ ᠭᠣᠶᠣ ᠬᠠᠷᠠᠭᠳᠠᠪᠠᠴᠤ ᠳᠣᠲᠣᠷ᠎ᠠ ᠨᠢ ᠦᠬᠦᠭᠰᠡᠳ ᠦᠨ ᠶᠠᠰᠤ ᠪᠣᠯᠣᠨ ᠪᠣᠬᠢᠷ ᠪᠦᠬᠦᠨ ᠢᠶᠡᠷ ᠳᠦᠭᠦᠷᠡᠩ ᠪᠠᠢᠳᠠᠭ ᠰᠢᠭ᠋᠂ 28 ᠲᠡᠢᠨ ᠬᠦ ᠲᠠ ᠨᠠᠷ ᠴᠤ ᠬᠥᠮᠦᠰ ᠦᠨ ᠡᠮᠦᠨ᠎ᠡ ᠭᠠᠳᠠᠨ᠎ᠠ ᠪᠠᠨ ᠵᠥᠪᠲᠦ ᠮᠡᠲᠦ ᠬᠠᠷᠠᠭᠳᠠᠪᠠᠴᠤ ᠳᠣᠲᠣᠷ᠎ᠠ ᠪᠠᠨ ᠬᠠᠤᠯᠢ ᠪᠤᠰᠤ᠂ ᠬᠣᠶᠠᠷ ᠨᠢᠭᠤᠷᠲᠤ ᠶᠠᠪᠤᠳᠠᠯ ᠢᠶᠠᠷ ᠳᠦᠭᠦᠷᠡᠩ ᠪᠠᠢᠳᠠᠭ᠃
29 ᠲᠠ ᠨᠠᠷ ᠲᠤ ᠭᠠᠢ ᠪᠣᠯᠣᠨ᠎ᠠ᠂ ᠪᠢᠴᠢᠭᠲᠡᠳ᠂ ᠹᠠᠷᠢᠰᠠᠢᠴᠤᠳ ᠪᠠ ᠬᠣᠶᠠᠷ ᠨᠢᠭᠤᠷᠲᠤ ᠬᠥᠮᠦᠰ ᠡ᠂ ᠲᠠ ᠨᠠᠷ ᠡᠰᠢ ᠦᠵᠡᠭᠦᠯᠦᠭᠴᠢᠳ ᠤᠨ ᠪᠤᠯᠠᠰᠢ ᠶᠢ ᠪᠠᠷᠢᠵᠤ᠂ ᠵᠥᠪᠲᠦ ᠬᠥᠮᠦᠨ ᠦ ᠬᠥᠰᠢᠶ᠎ᠡ ᠶᠢ ᠴᠢᠮᠡᠭᠡᠳ᠂ 30 ᠪᠠᠰᠠ᠄ 〈ᠬᠡᠷᠪᠡ ᠪᠢᠳᠡ ᠳᠡᠭᠡᠳᠦᠰ ᠦᠨ ᠢᠶᠠᠨ ᠦᠶ᠎ᠡ ᠳᠦ ᠪᠠᠢᠭᠰᠠᠨ ᠪᠣᠯ ᠡᠰᠢ ᠦᠵᠡᠭᠦᠯᠦᠭᠴᠢᠳ ᠤᠨ ᠴᠢᠰᠤ ᠶᠢ ᠤᠷᠤᠰᠬᠠᠬᠤ ᠳᠤᠨᠢ ᠣᠷᠣᠯᠴᠠᠬᠤ ᠦᠭᠡᠢ ᠪᠠᠢᠭᠰᠠᠨ〉 ᠭᠡᠳᠡᠭ᠃ 31 ᠡᠢᠨ ᠬᠦ ᠲᠠ ᠨᠠᠷ ᠡᠰᠢ ᠦᠵᠡᠭᠦᠯᠦᠭᠴᠢᠳ ᠢ ᠬᠣᠷᠣᠭᠠᠭᠴᠢᠳ ᠤᠨ ᠦᠷ᠎ᠡ ᠤᠳᠤᠮ ᠮᠥᠨ ᠭᠡᠳᠡᠭ ᠢᠶᠡᠨ ᠥᠪᠡᠷᠰᠡᠳ ᠢᠶᠡᠨ ᠭᠡᠷᠡᠴᠢᠯᠡᠵᠦ ᠪᠠᠢᠨ᠎ᠠ᠃ 32 ᠲᠠ ᠨᠠᠷ ᠳᠡᠭᠡᠳᠦᠰ ᠦᠨ ᠢᠶᠠᠨ ᠨᠢᠭᠦᠯ ᠦᠨ ᠰᠠᠪᠠ ᠶᠢ ᠳᠦᠭᠦᠷᠭᠡᠭᠲᠦᠨ᠃ 33 ᠮᠣᠭᠠᠢ ᠨᠤᠭᠤᠳ᠂ ᠬᠣᠣᠷᠲᠤ ᠮᠣᠭᠠᠢ ᠶᠢᠨ ᠦᠷ᠎ᠡ ᠲᠥᠯ᠂ ᠲᠠ ᠨᠠᠷ ᠲᠠᠮᠤ ᠶᠢᠨ ᠶᠠᠯ᠎ᠠ ᠠᠴᠠ ᠶᠠᠭᠠᠬᠢᠨ ᠮᠤᠯᠲᠤᠷᠠᠬᠤ ᠪᠤᠢ︖ 34 ᠲᠡᠢᠮᠦ ᠡᠴᠡ ᠠᠩ᠋ᠬᠠᠷᠤᠭᠲᠤᠨ︕ ᠪᠢ ᠲᠠ ᠨᠠᠷ ᠤᠷᠤᠭᠤ ᠡᠰᠢ ᠦᠵᠡᠭᠦᠯᠦᠭᠴᠢᠳ᠂ ᠮᠡᠷᠭᠡᠳ ᠪᠠ ᠪᠢᠴᠢᠭᠲᠡᠳ ᠢ ᠢᠯᠡᠭᠡᠨ᠎ᠡ᠃ ᠲᠠ ᠨᠠᠷ ᠲᠡᠳᠡᠨ ᠦ ᠵᠠᠷᠢᠮ ᠢ ᠨᠢ ᠠᠯᠠᠵᠤ᠂ ᠵᠠᠷᠢᠮ ᠢ ᠨᠢ ᠵᠠᠭᠠᠯᠮᠠᠢ ᠳᠤ ᠴᠣᠪᠳᠣᠯᠠᠬᠤ ᠪᠥᠭᠡᠳ ᠵᠠᠷᠢᠮ ᠢ ᠨᠢ ᠬᠤᠷᠠᠯ ᠤᠨ ᠲᠠᠩᠬᠢᠮ ᠳᠠᠭᠠᠨ ᠲᠠᠰᠢᠭᠤᠷᠳᠠᠵᠤ᠂ ᠲᠣᠰᠬᠣᠨ ᠠᠴᠠ ᠲᠣᠰᠬᠣᠨ ᠤᠷᠤᠭᠤ ᠬᠥᠭᠡᠭᠡᠨ ᠬᠠᠪᠴᠢᠨ᠎ᠠ᠃ 35 ᠲᠡᠢᠮᠦ ᠡᠴᠡ ᠵᠥᠪᠲᠡᠨ ᠠᠪᠧᠯ ᠤᠨ ᠴᠢᠰᠤᠨ ᠠᠴᠠ ᠠᠪᠤᠭᠠᠳ ᠠᠷᠢᠭᠤᠨ ᠭᠠᠵᠠᠷ ᠪᠣᠯᠣᠨ ᠲᠠᠬᠢᠯ ᠤᠨ ᠰᠢᠷᠡᠭᠡᠨ ᠦ ᠬᠣᠭᠣᠷᠣᠨᠳᠣ ᠲᠠ ᠨᠠᠷ ᠲᠤ ᠠᠯᠠᠭᠳᠠᠭᠰᠠᠨ ᠪᠧᠷᠧᠾᠢᠶᠠ ᠶᠢᠨ ᠬᠦᠦ ᠽᠠᠺᠠᠷᠢᠶ᠎ᠠ ᠶᠢᠨ ᠴᠢᠰᠤ ᠬᠦᠷᠲᠡᠯ᠎ᠡ ᠭᠠᠵᠠᠷ ᠳᠡᠭᠡᠷ᠎ᠡ ᠤᠷᠤᠰᠤᠭᠰᠠᠨ ᠵᠥᠪᠲᠦ ᠬᠥᠮᠦᠰ ᠦᠨ ᠪᠦᠬᠦ ᠴᠢᠰᠤ ᠲᠠ ᠨᠠᠷ ᠲᠤ ᠬᠦᠷᠴᠦ ᠢᠷᠡᠨ᠎ᠡ᠃ 36 ᠲᠠ ᠨᠠᠷ ᠲᠤ ᠪᠠᠲᠤᠲᠠᠢ ᠬᠡᠯᠡᠶ᠎ᠡ᠃ ᠡᠨᠡ ᠪᠦᠬᠦᠨ ᠡᠨᠡ ᠦᠶ᠎ᠡ ᠶᠢᠨ ᠬᠢᠨ ᠳᠤ ᠢᠷᠡᠬᠦ ᠪᠣᠯᠣᠨ᠎ᠠ᠃
ᠶᠧᠷᠦ᠋ᠰᠠᠯᠧᠮ ᠤᠨ ᠭᠠᠰᠢᠭᠤᠳᠠᠯ
37 ᠶᠧᠷᠦ᠋ᠰᠠᠯᠧᠮ ᠡ᠂ ᠶᠧᠷᠦ᠋ᠰᠠᠯᠧᠮ︕ ᠡᠰᠢ ᠦᠵᠡᠭᠦᠯᠦᠭᠴᠢᠳ ᠢ ᠠᠯᠠᠵᠤ᠂ ᠥᠪᠡᠷ ᠲᠦ ᠴᠢᠨᠢ ᠢᠯᠡᠭᠡᠭᠳᠡᠭᠰᠡᠨ ᠬᠥᠮᠦᠰ ᠢ ᠴᠢᠯᠠᠭᠤ ᠪᠠᠷ ᠴᠣᠬᠢᠳᠠᠭ ᠴᠢ᠂ ᠲᠠᠬᠢᠶ᠎ᠠ ᠴᠤᠷᠪᠠᠭ᠎ᠠ ᠨᠤᠭᠤᠳ ᠢᠶᠠᠨ ᠳᠠᠯᠠᠪᠴᠢᠨ ᠳᠣᠣᠷ᠎ᠠ ᠪᠠᠨ ᠪᠥᠭᠡᠮᠨᠡᠷᠡᠭᠦᠯᠳᠡᠭ᠌ ᠰᠢᠭ ᠪᠢ ᠬᠡᠴᠢᠨᠡᠨ ᠤᠳᠠᠭ᠎ᠠ ᠬᠡᠦᠬᠡᠳ ᠤᠳ ᠢ ᠴᠢᠨᠢ ᠪᠥᠭᠡᠮᠨᠡᠷᠡᠭᠦᠯᠬᠦ ᠭᠡᠯᠡ᠂ ᠬᠠᠷᠢᠨ ᠲᠠ ᠨᠠᠷ ᠬᠦᠰᠡᠭᠰᠡᠨ ᠦᠭᠡᠢ᠃ 38 ᠠᠩ᠋ᠬᠠᠷᠤᠭᠲᠤᠨ᠂ ᠲᠠ ᠨᠠᠷ ᠤᠨ ᠭᠡᠷ ᠡᠵᠡᠭᠦᠢ ᠬᠠᠶᠠᠭᠳᠠᠨ᠎ᠠ᠃ 39 ᠲᠠ ᠨᠠᠷ ᠲᠤ ᠬᠡᠯᠡᠶ᠎ᠡ᠃ ᠲᠠ ᠨᠠᠷ᠄ 〈ᠡᠵᠡᠨ ᠦ ᠨᠡᠷ᠎ᠡ ᠪᠡᠷ ᠢᠷᠡᠭᠴᠢ ᠨᠢ ᠢᠷᠥᠭᠡᠯ ᠲᠡᠢ ᠡ︕〉 ᠭᠡᠵᠦ ᠬᠡᠯᠡᠬᠦ ᠡᠴᠡ ᠨᠠᠰᠢ ᠨᠠᠮᠠᠶᠢ ᠶᠡᠷᠦ ᠣᠯᠵᠤ ᠦᠵᠡᠬᠦ ᠦᠭᠡᠢ》 ᠭᠡᠪᠡ᠃