ᠮᠠᠲ᠋ᠠᠢ ᠶᠢᠰᠦ
ᠰᠠ ᠡᠪᠡᠳᠴᠢᠲᠡᠨ ᠡᠳᠡᠭᠡᠷᠡᠭᠰᠡᠨ ᠨᠢ
1 ᠢᠰᠦ᠋ᠰ ᠵᠠᠪᠢᠨ ᠳᠤ ᠰᠠᠭᠤᠵᠤ ᠨᠠᠭᠤᠷ ᠢ ᠭᠠᠲᠤᠯᠤᠨ ᠥᠪᠡᠷ ᠦᠨ ᠢᠶᠠᠨ ᠲᠣᠰᠬᠣᠨ ᠳᠤ ᠬᠦᠷᠦᠯ᠎ᠡ᠃ 2 ᠲᠡᠭᠡᠬᠦ ᠳᠦ᠂ ᠬᠥᠮᠦᠰ ᠰᠠ ᠡᠪᠡᠳᠴᠢᠨ ᠲᠡᠢ ᠬᠥᠮᠦᠨ ᠢ ᠬᠡᠪᠲᠡᠵᠦ ᠪᠠᠢᠭ᠎ᠠ ᠴᠢᠭ ᠢᠶᠠᠷ ᠨᠢ ᠳᠡᠪᠢᠰᠬᠡᠷ ᠲᠡᠢ ᠨᠢ ᠠᠪᠴᠢᠷᠠᠪᠠ᠃ ᠢᠰᠦ᠋ᠰ ᠲᠡᠳᠡᠨ ᠦ ᠢᠲᠡᠭᠡᠯ ᠢ ᠬᠠᠷᠠᠭᠠᠳ᠂ ᠰᠠ ᠡᠪᠡᠳᠴᠢᠲᠡᠨ ᠳᠦ᠄ 《ᠬᠦᠦ ᠮᠢᠨᠢ᠂ ᠵᠣᠷᠢᠭ ᠲᠠᠢ ᠪᠠᠢ᠂ ᠭᠡᠮ ᠨᠢᠭᠦᠯ ᠴᠢᠨᠢ ᠠᠭᠤᠴᠢᠯᠠᠭᠲᠠᠯ᠎ᠠ》 ᠭᠡᠰᠡᠨ ᠳᠦ᠂ 3 ᠲᠡᠷᠡ ᠳᠠᠷᠤᠢ ᠪᠢᠴᠢᠭᠲᠡᠳ ᠦᠨ ᠵᠠᠷᠢᠮ ᠨᠢ᠄ 《ᠡᠨᠡ ᠬᠥᠮᠦᠨ ᠪᠤᠷᠬᠠᠨ ᠢ ᠳᠣᠷᠣᠮᠵᠢᠯᠠᠵᠤ ᠪᠠᠢᠨ᠎ᠠ》 ᠭᠡᠵᠦ ᠪᠤᠪᠲᠤᠨᠠᠵᠠᠢ᠃ 4 ᠢᠰᠦ᠋ᠰ ᠲᠡᠳᠡᠨ ᠦ ᠰᠠᠨᠠᠭ᠎ᠠ ᠶᠢ ᠮᠡᠳᠡᠭᠡᠳ᠄ 《ᠲᠠ ᠨᠠᠷ ᠶᠠᠭᠠᠬᠢᠬᠤ ᠭᠡᠵᠦ ᠬᠣᠷᠣᠨ ᠮᠠᠭᠤ ᠶᠢ ᠪᠣᠳᠣᠵᠤ ᠪᠠᠢᠨ᠎ᠠ ᠪᠤᠢ︖ 5 〈ᠭᠡᠮ ᠨᠢᠭᠦᠯ ᠴᠢᠨᠢ ᠠᠭᠤᠴᠢᠯᠠᠭᠲᠠᠯ᠎ᠠ〉 ᠭᠡᠬᠦ᠂ ᠡᠰᠡᠪᠡᠯ 〈ᠪᠣᠰᠣᠭᠠᠳ ᠠᠯᠬᠤ〉 ᠭᠡᠬᠦ ᠶᠢᠨ ᠠᠯᠢ ᠨᠢ ᠠᠮᠠᠷᠬᠠᠨ ᠪᠤᠢ︖ 6 ᠬᠠᠷᠢᠨ ᠬᠥᠮᠦᠨ ᠦ ᠬᠦᠦ ᠭᠠᠵᠠᠷ ᠳᠡᠭᠡᠷ᠎ᠡ ᠭᠡᠮ ᠨᠢᠭᠦᠯ ᠢ ᠠᠭᠤᠴᠢᠯᠠᠬᠤ ᠡᠷᠬᠡ ᠮᠡᠳᠡᠯ ᠲᠡᠢ ᠶᠢ ᠲᠠ ᠨᠠᠷ ᠲᠤ ᠮᠡᠳᠡᠭᠦᠯᠬᠦ ᠶᠢᠨ ᠲᠤᠯᠠᠳᠠ᠁》 ᠭᠡᠳ᠂ ᠰᠠ ᠡᠪᠡᠳᠴᠢᠲᠡᠨ ᠳᠦ᠄ 《ᠪᠣᠰ᠂ ᠳᠡᠪᠢᠰᠬᠡᠷ ᠢᠶᠡᠨ ᠠᠪᠤᠭᠠᠳ ᠭᠡᠷ ᠤᠷᠤᠭᠤ ᠪᠠᠨ ᠶᠠᠪᠤ》 ᠭᠡᠰᠡᠨ ᠳᠦ᠂ 7 ᠥᠨᠥᠬᠢ ᠬᠥᠮᠦᠨ ᠪᠣᠰᠴᠤ ᠭᠡᠷ ᠤᠷᠤᠭᠤ ᠪᠠᠨ ᠶᠠᠪᠤᠯ᠎ᠠ᠃ 8 ᠣᠯᠠᠨ ᠬᠥᠮᠦᠨ ᠡᠭᠦᠨ ᠢ ᠬᠠᠷᠠᠭᠠᠳ ᠶᠡᠬᠡᠳᠡ ᠠᠶᠤᠵᠤ᠂ ᠡᠢᠮᠦ ᠡᠷᠬᠡ ᠮᠡᠳᠡᠯ ᠢ ᠬᠥᠮᠦᠨ ᠳᠦ ᠰᠣᠶᠣᠷᠬᠠᠭᠰᠠᠨ ᠪᠤᠷᠬᠠᠨ ᠢ ᠠᠯᠳᠠᠷᠰᠢᠭᠤᠯᠪᠠ᠃
ᠮᠠᠲ᠋ᠠᠢ ᠶᠢ ᠳᠠᠭᠤᠳᠠᠭᠰᠠᠨ ᠨᠢ
9 ᠢᠰᠦ᠋ᠰ ᠲᠡᠨᠳᠡ ᠡᠴᠡ ᠴᠠᠰᠢ ᠶᠠᠪᠤᠬᠤ ᠳᠠᠭᠠᠨ᠂ ᠮᠠᠲ᠋ᠠᠢ ᠭᠡᠳᠡᠭ ᠬᠥᠮᠦᠨ ᠦ ᠭᠠᠢᠯᠢ ᠶᠢᠨ ᠭᠠᠵᠠᠷ ᠲᠤ ᠰᠠᠭᠤᠭ᠎ᠠ ᠶᠢ ᠬᠠᠷᠠᠭᠠᠳ ᠲᠡᠭᠦᠨ ᠳᠦ᠄ 《ᠨᠠᠮᠠᠶᠢ ᠳᠠᠭ᠎ᠠ》 ᠭᠡᠬᠦ ᠳᠦ᠂ ᠲᠡᠷᠡ ᠪᠣᠰᠴᠤ ᠢᠰᠦ᠋ᠰ ᠢ ᠳᠠᠭᠠᠵᠠᠢ᠃
10 ᠢᠰᠦ᠋ᠰ ᠭᠡᠷ ᠲᠤᠨᠢ ᠬᠣᠭᠣᠯᠠ ᠢᠳᠡᠬᠦ ᠪᠣᠯᠪᠠ᠃ ᠲᠡᠭᠡᠲᠡᠯ᠎ᠡ ᠣᠯᠠᠨ ᠭᠠᠢᠯᠢᠴᠢᠨ ᠪᠠ 《ᠨᠢᠭᠦᠯᠲᠡᠨ》 ᠢᠷᠡᠵᠦ᠂ ᠢᠰᠦ᠋ᠰ ᠪᠣᠯᠣᠨ ᠲᠡᠭᠦᠨ ᠦ ᠱᠠᠪᠢ ᠨᠠᠷ ᠲᠠᠢ ᠬᠠᠮᠲᠤ ᠰᠠᠭᠤᠨ ᠢᠳᠡᠵᠦ ᠪᠠᠢᠪᠠ᠃ 11 ᠹᠠᠷᠢᠰᠠᠢᠴᠤᠳ ᠡᠭᠦᠨ ᠢ ᠬᠠᠷᠠᠭᠠᠳ ᠱᠠᠪᠢ ᠨᠠᠷ ᠲᠤᠨᠢ᠄ 《ᠪᠠᠭᠰᠢ ᠴᠢᠨᠢ ᠶᠠᠭᠠᠬᠢᠭᠠᠳ ᠭᠠᠢᠯᠢᠴᠢᠳ ᠪᠠ 〈ᠨᠢᠭᠦᠯᠲᠡᠳ〉 ᠲᠠᠢ ᠬᠠᠮᠲᠤ ᠢᠳᠡᠵᠦ ᠪᠠᠢᠳᠠᠭ ᠪᠤᠢ︖》 ᠭᠡᠯᠴᠡᠵᠦ ᠪᠠᠢᠬᠤ ᠳᠤ᠂ 12 ᠢᠰᠦ᠋ᠰ ᠡᠭᠦᠨ ᠢ ᠰᠣᠨᠣᠰᠣᠭᠠᠳ᠄ 《ᠡᠷᠡᠭᠦᠯ ᠬᠥᠮᠦᠨ ᠳᠦ ᠡᠮᠴᠢ ᠬᠡᠷᠡᠭ ᠦᠭᠡᠢ᠂ ᠡᠪᠡᠳᠴᠢᠨ ᠲᠡᠢ ᠬᠥᠮᠦᠨ ᠳᠦ ᠬᠡᠷᠡᠭ ᠲᠡᠢ᠃ 13 ᠬᠠᠷᠢᠨ ᠲᠠ ᠨᠠᠷ ᠶᠠᠪᠤᠵᠤ᠂ 〈ᠪᠢ ᠲᠠᠬᠢᠯ ᠢ ᠪᠤᠰᠤ᠂ ᠡᠨᠡᠷᠢᠯ ᠢ ᠬᠦᠰᠡᠳᠡᠭ〉 ᠭᠡᠰᠡᠨ ᠦ ᠤᠳᠬ᠎ᠠ ᠶᠢ ᠰᠤᠷᠴᠤ ᠠᠪ᠃ ᠪᠢ ᠵᠥᠪᠲᠡᠨ ᠢ ᠪᠤᠰᠤ᠂ ᠬᠠᠷᠢᠨ 〈ᠨᠢᠭᠦᠯᠲᠡᠨ〉 ᠢ ᠳᠠᠭᠤᠳᠠᠬᠤ ᠪᠠᠷ ᠢᠷᠡᠭᠰᠡᠨ ᠶᠤᠮ》 ᠭᠡᠪᠡ᠃
14 ᠲᠡᠷᠡ ᠦᠶ᠎ᠡ ᠳᠦ ᠶᠣᠬᠠᠨ ᠤ ᠱᠠᠪᠢ ᠨᠠᠷ ᠢᠷᠡᠭᠡᠳ ᠲᠡᠭᠦᠨ ᠳᠦ᠄ 《ᠪᠢᠳᠡ ᠪᠣᠯᠣᠨ ᠹᠠᠷᠢᠰᠠᠢᠴᠤᠳ ᠣᠯᠠᠨᠲᠠ ᠪᠠᠴᠠᠭ ᠪᠠᠷᠢᠳᠠᠭ ᠪᠠᠢᠬᠤ ᠳᠤ᠂ ᠶᠠᠭᠠᠬᠢᠭᠠᠳ ᠲᠠᠨ ᠤ ᠱᠠᠪᠢ ᠨᠠᠷ ᠪᠠᠴᠠᠭ ᠪᠠᠷᠢᠳᠠᠭ ᠦᠭᠡᠢ ᠪᠤᠢ︖》 ᠭᠡᠬᠦ ᠳᠦ᠂ 15 ᠢᠰᠦ᠋ᠰ᠄ 《ᠬᠤᠷᠢᠮ ᠤᠨ ᠵᠣᠴᠢᠳ ᠰᠢᠨ᠎ᠡ ᠬᠦᠷᠭᠡᠨ ᠲᠡᠢ ᠬᠠᠮᠲᠤ ᠪᠠᠢᠬᠤ ᠳᠠᠭᠠᠨ ᠭᠠᠰᠢᠭᠤᠳᠠᠵᠤ ᠪᠣᠯᠣᠨ᠎ᠠ ᠤᠤ︖ ᠬᠠᠷᠢᠨ ᠰᠢᠨ᠎ᠡ ᠬᠦᠷᠭᠡᠨ ᠲᠡᠳᠡᠨ ᠡᠴᠡ ᠠᠪᠠᠴᠢᠭᠳᠠᠬᠤ ᠡᠳᠦᠷ ᠤᠳ ᠢᠷᠡᠨ᠎ᠡ᠂ ᠲᠡᠭᠡᠬᠦ ᠳᠦ ᠯᠠ ᠲᠡᠳᠡ ᠪᠠᠴᠠᠭ ᠪᠠᠷᠢᠨ᠎ᠠ᠃ 16 ᠬᠡᠨ ᠴᠤ ᠬᠠᠭᠤᠴᠢᠨ ᠬᠤᠪᠴᠠᠰᠤ ᠶᠢ ᠰᠢᠨ᠎ᠡ ᠥᠭᠡᠳᠡᠰᠦ ᠪᠡᠷ ᠨᠥᠬᠥᠳᠡᠭ ᠦᠭᠡᠢ᠃ ᠤᠴᠢᠷ ᠨᠢ ᠰᠢᠨ᠎ᠡ ᠨᠥᠬᠥᠭᠡᠰᠦ ᠨᠢ ᠬᠤᠪᠴᠠᠰᠤ ᠶᠢ ᠲᠠᠲᠠᠯᠳᠠᠭᠤᠯᠵᠤ ᠪᠦᠷ ᠶᠡᠬᠡ ᠪᠡᠷ ᠤᠷᠠᠨ᠎ᠠ᠃ 17 ᠮᠥᠨ ᠬᠡᠨ ᠴᠤ ᠰᠢᠨ᠎ᠡ ᠦᠵᠦᠮ ᠦᠨ ᠳᠠᠷᠠᠰᠤ ᠶᠢ ᠬᠠᠭᠤᠴᠢᠨ ᠲᠤᠯᠤᠮ ᠳᠤ ᠬᠢᠳᠡᠭ ᠦᠭᠡᠢ᠂ ᠲᠡᠭᠡᠪᠡᠯ ᠲᠤᠯᠤᠮ ᠬᠠᠭᠠᠷᠠᠨ ᠳᠠᠷᠠᠰᠤ ᠠᠰᠬᠠᠷᠠᠵᠤ᠂ ᠲᠤᠯᠤᠮ ᠬᠡᠷᠡᠭ ᠦᠭᠡᠢ ᠪᠣᠯᠣᠨ᠎ᠠ᠃ ᠬᠠᠷᠢᠨ ᠬᠥᠮᠦᠰ ᠰᠢᠨ᠎ᠡ ᠳᠠᠷᠠᠰᠤ ᠶᠢ ᠰᠢᠨ᠎ᠡ ᠲᠤᠯᠤᠮ ᠳᠤ ᠬᠢᠳᠡᠭ᠃ ᠡᠢᠨ ᠬᠦ ᠠᠯᠢ ᠠᠯᠢ ᠨᠢ ᠪᠦᠲᠦᠨ ᠦᠯᠡᠳᠡᠳᠡᠭ》 ᠭᠡᠪᠡ᠃
ᠡᠳᠡᠭᠡᠷᠡᠯᠲᠡ ᠶᠢᠨ ᠭᠠᠢᠬᠠᠮᠰᠢᠭ
18 ᠢᠰᠦ᠋ᠰ ᠲᠡᠳᠡᠨ ᠳᠦ ᠡᠳᠡᠭᠡᠷ ᠢ ᠶᠠᠷᠢᠵᠤ ᠪᠠᠢᠲᠠᠯ᠎ᠠ ᠨᠢᠭᠡᠨ ᠠᠬᠠᠯᠠᠭᠴᠢ ᠢᠷᠡᠵᠦ ᠲᠡᠭᠦᠨ ᠳᠦ ᠰᠥᠭᠥᠳᠥᠨ᠄ 《ᠮᠢᠨᠦ ᠥᠬᠢᠨ ᠰᠠᠶ᠋ᠢᠬᠠᠨ ᠥᠩᠭᠡᠷᠡᠴᠢᠬᠡᠯ᠎ᠡ᠂ ᠲᠠ ᠣᠴᠢᠭᠠᠳ ᠲᠡᠭᠦᠨ ᠦ ᠳᠡᠭᠡᠷ᠎ᠡ ᠮᠤᠲᠤᠷ ᠢᠶᠠᠨ ᠲᠠᠯᠪᠢᠭᠠᠳ ᠥᠭᠭᠥᠭᠡᠴᠢ᠂ ᠲᠡᠭᠡᠪᠡᠯ ᠲᠡᠷᠡ ᠠᠮᠢᠳᠤᠷᠠᠬᠤ ᠪᠣᠯᠣᠨ᠎ᠠ》 ᠭᠡᠯᠡ᠃ 19 ᠢᠰᠦ᠋ᠰ ᠪᠣᠰᠴᠤ ᠲᠡᠭᠦᠨ ᠢ ᠳᠠᠭᠠᠬᠤ ᠳᠤ᠂ ᠱᠠᠪᠢ ᠨᠠᠷ ᠨᠢ ᠴᠤ ᠬᠠᠮᠲᠤ ᠶᠠᠪᠤᠯ᠎ᠠ᠃ 20 ᠲᠡᠭᠡᠲᠡᠯ᠎ᠡ ᠠᠷᠪᠠᠨ ᠬᠣᠶᠠᠷ ᠵᠢᠯ ᠤᠨ ᠲᠤᠷᠰᠢ ᠴᠢᠰᠤ ᠪᠠᠭᠤᠯᠭᠠᠬᠤ ᠡᠪᠡᠳᠴᠢᠨ ᠲᠡᠢ ᠪᠠᠢᠭᠰᠠᠨ ᠨᠢᠭᠡᠨ ᠪᠦᠰᠡᠭᠦᠢ ᠢᠰᠦ᠋ᠰ ᠤᠨ ᠠᠷᠤ ᠳᠤ ᠣᠢᠷᠠᠲᠤᠵᠤ᠂ ᠳᠡᠪᠡᠯ ᠦᠨ ᠬᠢᠨᠢ ᠬᠣᠷᠮᠣᠢ ᠳᠤ ᠭᠠᠷ ᠢᠶᠠᠨ ᠬᠦᠷᠭᠡᠪᠡ᠃ 21 ᠤᠴᠢᠷ ᠨᠢ ᠲᠡᠷᠡ ᠪᠦᠰᠡᠭᠦᠢ᠄ 《ᠲᠡᠭᠦᠨ ᠦ ᠳᠡᠪᠡᠯ ᠳᠦ ᠭᠠᠷ ᠢᠶᠠᠨ ᠬᠦᠷᠭᠡᠳᠡᠭ ᠯᠠ ᠶᠤᠮ ᠪᠣᠯ ᠠᠪᠤᠷᠠᠭᠳᠠᠨ᠎ᠠ》 ᠭᠡᠵᠦ ᠪᠣᠳᠣᠳᠠᠭ ᠪᠠᠢᠪᠠ᠃ 22 ᠢᠰᠦ᠋ᠰ ᠡᠷᠭᠢᠭᠰᠡᠨ ᠢᠶᠡᠨ ᠲᠡᠭᠦᠨ ᠢ ᠬᠠᠷᠠᠭᠠᠳ᠄ 《ᠥᠬᠢᠨ ᠮᠢᠨᠢ᠂ ᠵᠣᠷᠢᠭᠲᠠᠢ ᠪᠠᠢ᠃ ᠢᠲᠡᠭᠡᠯ ᠴᠢᠨᠢ ᠴᠢᠮᠠᠶᠢ ᠠᠪᠤᠷᠠᠯ᠎ᠠ》 ᠭᠡᠪᠡ᠃ ᠶᠠᠭ ᠲᠡᠷᠡ ᠮᠥᠴᠡ ᠳᠦ ᠪᠦᠰᠡᠭᠦᠢ ᠡᠳᠡᠭᠡᠷᠡᠪᠡ᠃ 23 ᠢᠰᠦ᠋ᠰ ᠠᠬᠠᠯᠠᠭᠴᠢ ᠶᠢᠨ ᠭᠡᠷ ᠲᠦ ᠬᠦᠷᠦᠭᠡᠳ᠂ ᠪᠢᠰᠬᠢᠭᠦᠷᠴᠢᠳ ᠪᠠ ᠱᠤᠤᠭᠢᠯᠳᠤᠵᠤ ᠪᠤᠢ ᠣᠯᠠᠨ ᠬᠥᠮᠦᠨ ᠢ ᠬᠠᠷᠠᠵᠤ᠄ 24 《ᠲᠠ ᠨᠠᠷ ᠡ᠊ᠨᠳᠡ ᠡᠴᠡ ᠶᠠᠪᠤ᠂ ᠥᠬᠢᠨ ᠦᠬᠦᠭᠡ ᠦᠭᠡᠢ᠂ ᠬᠠᠷᠢᠨ ᠤᠨᠲᠠᠵᠤ ᠪᠠᠢᠨ᠎ᠠ》 ᠭᠡᠬᠦ ᠳᠦ᠂ ᠲᠡᠳᠡ ᠲᠡᠭᠦᠨ ᠢ ᠱᠣᠣᠯᠠᠵᠤ ᠪᠠᠢᠯ᠎ᠠ᠃ 25 ᠴᠤᠭᠯᠠᠷᠠᠭᠰᠠᠨ ᠣᠯᠠᠨ ᠭᠠᠷᠤᠭᠰᠠᠨ ᠤ ᠳᠠᠷᠠᠭ᠎ᠠ᠂ ᠢᠰᠦ᠋ᠰ ᠣᠷᠣᠵᠤ ᠥᠬᠢᠨ ᠤ ᠭᠠᠷ ᠠᠴᠠ ᠪᠠᠷᠢᠬᠤ ᠳᠤ᠂ ᠥᠬᠢᠨ ᠪᠣᠰᠪᠠ᠃ 26 ᠡᠨᠡ ᠴᠢᠮᠡᠭᠡ ᠲᠡᠷᠡ ᠨᠤᠲᠤᠭ ᠳᠠᠶᠠᠭᠠᠷ ᠲᠠᠷᠬᠠᠵᠠᠢ᠃
27 ᠢᠰᠦ᠋ᠰ ᠲᠡᠨᠳᠡ ᠡᠴᠡ ᠴᠠᠰᠢ ᠶᠠᠪᠤᠵᠤ ᠪᠠᠢᠲᠠᠯ᠎ᠠ᠂ ᠬᠣᠶᠠᠷ ᠰᠣᠬᠣᠷ ᠬᠥᠮᠦᠨ ᠥᠨᠳᠥᠷ ᠳᠠᠭᠤ ᠪᠠᠷ᠄ 《ᠳ᠋ᠠᠸᠢᠳ᠋ ᠤᠨ ᠤᠳᠤᠮ ᠡ᠂ ᠪᠢᠳᠡᠨ ᠢ ᠡᠨᠡᠷᠢᠭᠡᠴᠢ︕》 ᠭᠡᠭᠰᠡᠭᠡᠷ ᠲᠡᠭᠦᠨ ᠢ ᠳᠠᠭᠠᠪᠠ᠃ 28 ᠢᠰᠦ᠋ᠰ ᠨᠥᠭᠥᠭᠡ ᠭᠡᠷ ᠲᠦ ᠣᠷᠣᠭᠰᠠᠨ ᠤ ᠳᠠᠷᠠᠭ᠎ᠠ᠂ ᠥᠨᠥᠬᠢ ᠰᠣᠬᠣᠷ ᠤᠳ ᠲᠡᠭᠦᠨ ᠳᠦ ᠣᠢᠷᠠᠲᠤᠵᠤ ᠢᠷᠡᠵᠡᠢ᠃ ᠢᠰᠦ᠋ᠰ ᠲᠡᠳᠡᠨ ᠡᠴᠡ᠄ 《ᠡᠭᠦᠨ ᠢ ᠬᠢᠵᠦ ᠴᠢᠳᠠᠨ᠎ᠠ ᠭᠡᠳᠡᠭ ᠲᠦ ᠮᠢᠨᠢ ᠲᠠ ᠨᠠᠷ ᠢᠲᠡᠭᠡᠳᠡᠭ ᠤᠤ︖》 ᠭᠡᠰᠡᠨ ᠳᠦ᠂ ᠲᠡᠳᠡ᠄ 《ᠲᠡᠢᠮᠦ ᠡ᠂ ᠡᠵᠡᠨ》 ᠭᠡᠪᠡ᠃ 29 ᠲᠡᠭᠡᠬᠦ ᠳᠦ ᠢᠰᠦ᠋ᠰ ᠨᠢᠳᠦᠨ ᠳᠦᠨᠢ ᠭᠠᠷ ᠢᠶᠠᠨ ᠬᠦᠷᠭᠡᠵᠦ᠄ 《ᠢᠲᠡᠭᠡᠯ ᠦᠨ ᠴᠢᠨᠢ ᠶᠣᠰᠣᠭᠠᠷ ᠲᠠ ᠨᠠᠷ ᠲᠤ ᠪᠡᠶᠡᠯᠡᠭᠳᠡᠬᠦ ᠪᠣᠯᠲᠤᠭᠠᠢ》 ᠭᠡᠰᠡᠨ ᠳᠦ᠂ 30 ᠲᠡᠳᠡ ᠬᠠᠷᠠᠭ᠎ᠠ ᠲᠠᠢ ᠪᠣᠯᠵᠠᠢ᠃ ᠢᠰᠦ᠋ᠰ ᠲᠡᠳᠡᠨ ᠳᠦ᠄ 《ᠲᠠ ᠨᠠᠷ ᠡᠭᠦᠨ ᠢ ᠬᠡᠨ ᠳᠦ ᠴᠤ ᠪᠦᠦ ᠮᠡᠳᠡᠭᠳᠡ》 ᠭᠡᠵᠦ ᠬᠠᠲᠠᠭᠤ ᠠᠩ᠋ᠬᠠᠷᠤᠭᠤᠯᠪᠠ᠃ 31 ᠬᠠᠷᠢᠨ ᠲᠡᠳᠡ ᠬᠣᠶᠠᠭᠤᠯᠠ ᠭᠠᠷᠤᠭᠠᠳ ᠢᠰᠦ᠋ᠰ ᠤᠨ ᠲᠤᠬᠠᠢ ᠴᠢᠮᠡᠭᠡ ᠶᠢ ᠲᠡᠷᠡ ᠨᠤᠲᠤᠭ ᠳᠠᠶᠠᠭᠠᠷ ᠲᠠᠷᠬᠠᠭᠠᠵᠠᠢ᠃
32 ᠲᠡᠳᠡ ᠭᠠᠷᠴᠤ ᠶᠠᠪᠤᠲᠠᠯ᠎ᠠ᠂ ᠴᠢᠳᠬᠥᠷ ᠣᠷᠣᠰᠢᠭᠰᠠᠨ ᠬᠡᠯᠡ ᠦᠭᠡᠢ ᠬᠥᠮᠦᠨ ᠢ ᠢᠰᠦ᠋ᠰ ᠲᠤ ᠠᠪᠴᠢᠷᠠᠭᠰᠠᠨ ᠪᠠᠢᠨ᠎ᠠ᠃ 33 ᠴᠢᠳᠬᠥᠷ ᠨᠢ ᠬᠥᠭᠡᠭᠡᠭᠳᠡᠭᠰᠡᠨ ᠳᠦ᠂ ᠬᠡᠯᠡ ᠦᠭᠡᠢ ᠬᠥᠮᠦᠨ ᠶᠠᠷᠢᠬᠤ ᠪᠣᠯᠵᠠᠢ᠃ ᠣᠯᠠᠨ ᠬᠥᠮᠦᠨ ᠭᠠᠢᠬᠠᠵᠤ᠄ 《ᠡᠢᠮᠦ ᠵᠦᠢᠯ ᠢᠰᠷᠧᠯ ᠳᠤ ᠤᠷᠢᠳᠤ ᠡᠮᠦᠨ᠎ᠡ ᠦᠵᠡᠭᠳᠡᠭᠡ ᠦᠭᠡᠢ》 ᠭᠡᠵᠡᠭᠡᠪᠡ᠃ 34 ᠬᠠᠷᠢᠨ ᠹᠠᠷᠢᠰᠠᠢᠴᠤᠳ᠄ 《ᠲᠡᠷᠡ ᠪᠡᠷ ᠴᠢᠳᠬᠥᠷ ᠤᠳ ᠤᠨ ᠲᠣᠯᠣᠭᠠᠢᠯᠠᠭᠴᠢ ᠪᠠᠷ ᠴᠢᠳᠬᠥᠷ ᠤᠳ ᠢ ᠬᠥᠭᠡᠭᠡᠳᠡᠭ》 ᠭᠡᠵᠦ ᠪᠠᠢᠯ᠎ᠠ᠃
35 ᠢᠰᠦ᠋ᠰ ᠬᠠᠮᠤᠭ ᠬᠣᠲᠠ ᠲᠣᠰᠬᠣᠨ ᠢᠶᠠᠷ ᠶᠠᠪᠤᠵᠤ᠂ ᠬᠤᠷᠠᠯ ᠤᠨ ᠲᠠᠩᠬᠢᠮ ᠤᠳ ᠢᠶᠠᠷ ᠰᠤᠷᠭᠠᠨ᠂ ᠬᠠᠭᠠᠨᠴᠢᠯᠠᠯ ᠤᠨ ᠪᠠᠶᠠᠷ ᠤᠨ ᠮᠡᠳᠡᠭᠡ ᠶᠢ ᠳᠡᠯᠭᠡᠷᠡᠭᠦᠯᠵᠦ᠂ ᠵᠦᠢᠯ ᠪᠦᠷᠢ ᠶᠢᠨ ᠡᠪᠡᠳᠴᠢᠨ ᠡᠮᠭᠡᠭ ᠢ ᠡᠳᠡᠭᠡᠭᠡᠵᠦ ᠪᠠᠢᠪᠠ᠃ 36 ᠢᠰᠦ᠋ᠰ ᠠᠷᠠᠳ ᠣᠯᠠᠨ ᠢ ᠬᠠᠷᠠᠭᠠᠳ ᠥᠷᠥᠪᠳᠥᠵᠡᠢ᠃ ᠤᠴᠢᠷ ᠨᠢ ᠲᠡᠳᠡ ᠬᠣᠨᠢᠴᠢᠨ ᠦᠭᠡᠢ ᠬᠣᠨᠢᠳ ᠮᠡᠲᠦ ᠪᠤᠲᠠᠷᠠᠭᠠᠳ᠂ ᠵᠤᠳᠠᠷᠠᠭᠤᠨ ᠪᠠᠢᠯ᠎ᠠ᠃ 37 ᠡᠨᠡ ᠦᠶ᠎ᠡ ᠳᠦ ᠲᠡᠷᠡ ᠱᠠᠪᠢ ᠨᠠᠷ ᠲᠠᠭᠠᠨ᠄ 《ᠬᠤᠷᠢᠶᠠᠯᠲᠠ ᠠᠷᠪᠢᠨ᠂ ᠬᠠᠷᠢᠨ ᠠᠵᠢᠯᠴᠢᠳ ᠴᠥᠭᠡᠨ ᠪᠠᠢᠨ᠎ᠠ᠃ 38 ᠲᠠ ᠨᠠᠷ ᠬᠤᠷᠢᠶᠠᠯᠲᠠ ᠶᠢᠨ ᠡᠵᠡᠨ ᠡᠴᠡ ᠬᠤᠷᠢᠶᠠᠯᠲᠠ ᠶᠢᠨ ᠲᠠᠯᠠᠪᠠᠢ ᠤᠷᠤᠭᠤ ᠠᠵᠢᠯᠴᠢᠳ ᠶᠠᠪᠤᠭᠤᠯᠤᠭᠠᠴᠢ ᠭᠡᠵᠦ ᠭᠤᠶᠤᠵᠠᠭᠠ》 ᠭᠡᠪᠡ᠃