ᠮᠠᠲ᠋ᠠᠢ ᠠᠷᠪᠠᠨ ᠳᠥᠷᠪᠡ
ᠤᠬᠢᠶᠠᠯ ᠬᠦᠷᠲᠡᠭᠡᠭ᠍ᠴᠢ ᠶᠣᠬᠠᠨ ᠴᠠᠭᠠᠵᠠᠯᠠᠭᠳᠠᠭᠰᠠᠨ ᠨᠢ
1 ᠲᠡᠷᠡ ᠦᠶ᠎ᠡ ᠳᠦ᠂ ᠾᠧᠷᠣᠳ᠋ ᠬᠠᠨ ᠢᠰᠦ᠋ᠰ ᠤᠨ ᠲᠤᠬᠠᠢ ᠰᠤᠷᠠᠭ ᠢ ᠰᠣᠨᠣᠰᠣᠭᠠᠳ᠂ 2 ᠲᠦᠰᠢᠮᠡᠳ ᠲᠡᠭᠡᠨ᠄ 《ᠡᠨᠡ ᠪᠣᠯ ᠤᠬᠢᠶᠠᠯ ᠬᠦᠷᠲᠡᠭᠡᠭ᠍ᠴᠢ ᠶᠣᠬᠠᠨ ᠮᠥᠨ︕ ᠲᠡᠷᠡ ᠦᠬᠦᠭ᠍ᠰᠡᠳ ᠦᠨ ᠳᠤᠮᠳᠠ ᠠᠴᠠ ᠠᠮᠢᠯᠠᠭᠰᠠᠨ᠂ ᠡᠢᠮᠦ ᠡᠴᠡ ᠲᠡᠢᠮᠦ ᠬᠦᠴᠦ ᠲᠡᠭᠦᠨ ᠦ ᠳᠣᠲᠣᠷ᠎ᠠ ᠠᠵᠢᠯᠯᠠᠵᠤ ᠪᠠᠢᠨ᠎ᠠ》 ᠭᠡᠰᠡᠨ ᠪᠠᠢᠪᠠ᠃ 3 ᠤᠤᠯ ᠨᠢ ᠾᠧᠷᠣᠳ᠋ ᠳᠡᠭᠦᠦ ᠹᠢᠯᠢᠫ ᠤᠨ ᠢᠶᠠᠨ ᠡᠬᠡᠨᠡᠷ ᠾᠧᠷᠣᠳᠢᠶ᠎ᠠ ᠠᠴᠠ ᠪᠣᠯᠵᠤ ᠶᠣᠬᠠᠨ ᠢ ᠪᠠᠷᠢᠭᠤᠯᠵᠤ ᠬᠦᠯᠢᠭᠡᠳ ᠭᠢᠨᠳᠠᠨ ᠳᠤ ᠬᠣᠷᠢᠭᠤᠯᠤᠭᠰᠠᠨ ᠪᠠᠢᠯ᠎ᠠ᠃ 4 ᠶᠠᠭᠠᠬᠢᠭᠠᠳ ᠭᠡᠪᠡᠯ᠂ ᠶᠣᠬᠠᠨ ᠾᠧᠷᠣᠳ᠋ ᠲᠤ᠄ 《ᠲᠡᠷᠡ ᠡᠮᠡᠭᠲᠡᠢ ᠶᠢ ᠠᠪᠬᠤ ᠴᠢᠨᠢ ᠶᠣᠰᠣ ᠪᠤᠰᠤ ᠬᠡᠷᠡᠭ》 ᠭᠡᠵᠦ ᠬᠡᠯᠡᠭᠰᠡᠨ ᠠᠵᠢ᠃ 5 ᠾᠧᠷᠣᠳ᠋ ᠲᠡᠭᠦᠨ ᠢ ᠠᠯᠠᠬᠤ ᠭᠡᠰᠡᠨ ᠪᠣᠯᠪᠠᠴᠤ ᠠᠷᠠᠳ ᠣᠯᠠᠨ ᠠᠴᠠ ᠠᠶᠤᠵᠠᠢ᠃ ᠲᠡᠳᠡ ᠶᠣᠬᠠᠨ ᠢ ᠡᠰᠢ ᠦᠵᠡᠭᠦᠯᠦᠭᠴᠢ ᠭᠡᠵᠦ ᠦᠵᠡᠳᠡᠭ ᠪᠠᠢᠯ᠎ᠠ᠃ 6 ᠾᠧᠷᠣᠳ᠋ ᠤᠨ ᠲᠥᠷᠥᠭᠰᠡᠨ ᠡᠳᠦᠷ ᠪᠣᠯᠬᠤ ᠳᠤ᠂ ᠾᠧᠷᠣᠳᠢᠶ᠎ᠠ ᠶᠢᠨ ᠥᠬᠢᠨ ᠣᠯᠠᠨ ᠤ ᠡᠮᠦᠨ᠎ᠡ ᠪᠥᠵᠢᠭᠯᠡᠵᠦ ᠾᠧᠷᠣᠳ᠋ ᠢ ᠪᠠᠶᠠᠷᠯᠠᠭᠤᠯᠪᠠ᠃ 7 ᠾᠧᠷᠣᠳ᠋ ᠲᠡᠭᠦᠨ ᠳᠦ᠄ 《ᠶᠠᠭᠤ ᠭᠤᠶᠤᠭᠰᠠᠨ ᠴᠤ ᠥᠭ᠍ᠭᠥᠶᠡ》 ᠭᠡᠵᠦ ᠠᠨᠳᠠᠭᠠᠢᠯᠠᠨ ᠠᠮᠠᠯᠠᠵᠠᠢ᠃ 8 ᠥᠬᠢᠨ ᠡᠬᠡ ᠶᠢᠨ ᠢᠶᠠᠨ ᠳᠣᠬᠢᠯᠲᠠ ᠪᠠᠷ᠄ 《ᠤᠬᠢᠶᠠᠯ ᠬᠦᠷᠲᠡᠭᠡᠭ᠍ᠴᠢ ᠶᠣᠬᠠᠨ ᠤ ᠲᠣᠯᠣᠭᠠᠢ ᠶᠢ ᠲᠠᠪᠠᠭᠯᠠᠨ ᠡ᠊ᠨᠳᠡ ᠨᠠᠳᠠ ᠳᠤ ᠰᠣᠶᠣᠷᠬᠠᠨ᠎ᠠ ᠤᠤ︖》 ᠭᠡᠪᠡ᠃ 9 ᠬᠠᠨ ᠵᠣᠪᠠᠨᠢᠭᠰᠠᠨ ᠪᠣᠯᠪᠠᠴᠤ ᠥᠪᠡᠷ ᠢᠶᠡᠨ ᠲᠠᠩ᠋ᠭᠠᠷᠢᠭᠯᠠᠭᠰᠠᠨ ᠤ ᠳᠡᠭᠡᠷ᠎ᠡ ᠵᠣᠴᠢᠳ ᠪᠠᠢᠭ᠎ᠠ ᠪᠣᠯᠬᠣᠷ ᠥᠭ ᠭᠡᠵᠦ ᠲᠤᠰᠢᠶᠠᠪᠠ᠃ 10 ᠲᠡᠭᠦᠨ ᠦ ᠶᠠᠪᠤᠭᠤᠯᠤᠭᠰᠠᠨ ᠬᠥᠮᠦᠨ ᠭᠢᠨᠳᠠᠨ ᠳᠤ ᠶᠣᠬᠠᠨ ᠤ ᠲᠣᠯᠣᠭᠠᠢ ᠶᠢ ᠠᠪᠴᠤ᠂ 11 ᠲᠠᠪᠠᠭᠯᠠᠨ ᠥᠬᠢᠨ ᠳᠤ ᠥᠭᠭᠥᠭᠰᠡᠨ ᠳᠦ᠂ ᠥᠬᠢᠨ ᠡᠬᠡ ᠳᠡᠭᠡᠨ ᠠᠪᠠᠴᠢᠵᠤ ᠥᠭᠴᠡᠢ᠃ 12 ᠶᠣᠬᠠᠨ ᠤ ᠱᠠᠪᠢ ᠨᠠᠷ ᠢᠷᠡᠵᠦ ᠱᠠᠷᠢᠯ ᠢ ᠨᠢ ᠠᠪᠠᠴᠢᠨ ᠣᠷᠣᠰᠢᠭᠤᠯᠤᠭᠠᠳ ᠢᠰᠦ᠋ᠰ ᠲᠤ ᠣᠴᠢᠵᠤ ᠳᠤᠭᠤᠯᠭᠠᠯ᠎ᠠ᠃
ᠲᠠᠪᠤᠨ ᠮᠢᠩ᠋ᠭᠠᠨ ᠬᠥᠮᠦᠨ ᠢ ᠬᠣᠭᠣᠯᠠᠯᠠᠭᠤᠯᠤᠭᠰᠠᠨ ᠨᠢ
13 ᠢᠰᠦ᠋ᠰ ᠡᠭᠦᠨ ᠢ ᠰᠣᠨᠣᠰᠣᠭᠠᠳ᠂ ᠵᠠᠪᠢ ᠪᠠᠷ ᠲᠡᠨᠳᠡ ᠡᠴᠡ ᠭᠠᠷᠴᠤ ᠭᠠᠭᠴᠠᠭᠠᠷ ᠢᠶᠠᠨ ᠡᠵᠡᠭᠦᠢ ᠭᠠᠵᠠᠷ ᠲᠤ ᠣᠴᠢᠪᠠ᠃ ᠠᠷᠠᠳ ᠣᠯᠠᠨ ᠮᠡᠳᠡᠭᠡᠳ ᠲᠣᠰᠬᠣᠨ ᠨᠤᠭᠤᠳ ᠠᠴᠠ ᠭᠠᠷᠴᠤ ᠶᠠᠪᠠᠭᠠᠨ ᠢᠶᠠᠷ ᠲᠡᠭᠦᠨ ᠢ ᠳᠠᠭᠠᠯ᠎ᠠ᠃ 14 ᠢᠰᠦ᠋ᠰ ᠪᠠᠭᠤᠵᠤ᠂ ᠦᠯᠡᠮᠵᠢ ᠣᠯᠠᠨ ᠬᠥᠮᠦᠨ ᠢ ᠬᠠᠷᠠᠭᠰᠠᠨ ᠢᠶᠠᠨ ᠲᠡᠳᠡᠨ ᠢ ᠥᠷᠥᠪᠳᠥᠨ᠂ ᠡᠪᠡᠳᠴᠢᠲᠡᠳ ᠢ ᠨᠢ ᠡᠳᠡᠭᠡᠭᠡᠵᠡᠢ᠃ 15 ᠣᠷᠣᠢ ᠪᠣᠯᠬᠤ ᠳᠤ᠂ ᠱᠠᠪᠢ ᠨᠠᠷ ᠨᠢ ᠲᠡᠭᠦᠨ ᠳᠦ ᠢᠷᠡᠵᠦ᠄ 《ᠡᠨᠡ ᠭᠠᠵᠠᠷ ᠵᠡᠯᠢᠭᠦᠳ᠂ ᠴᠠᠭ ᠴᠤ ᠥᠩᠭᠡᠷᠡᠴᠢᠬᠡᠯ᠎ᠡ᠃ ᠬᠤᠷᠠᠭᠰᠠᠨ ᠣᠯᠠᠨ ᠢ ᠲᠠᠷᠬᠠᠭᠠᠭᠠᠴᠢ᠂ ᠲᠡᠳᠡ ᠭᠠᠴᠠᠭ᠎ᠠ ᠨᠤᠭᠤᠳ ᠤᠷᠤᠭᠤ ᠶᠠᠪᠤᠵᠤ ᠥᠪᠡᠷᠰᠡᠳ ᠢᠶᠡᠨ ᠬᠦᠨᠡᠰᠦ ᠬᠤᠳᠠᠯᠳᠤᠵᠤ ᠠᠪᠤᠭ》 ᠭᠡᠵᠡᠭᠡᠪᠡ᠃ 16 ᠬᠠᠷᠢᠨ ᠢᠰᠦ᠋ᠰ ᠲᠡᠳᠡᠨ ᠳᠦ᠄ 《ᠲᠡᠳᠡᠨ ᠢ ᠶᠠᠪᠤᠭᠤᠯᠬᠤ ᠬᠡᠷᠡᠭ ᠦᠭᠡᠢ᠃ ᠲᠠ ᠨᠠᠷ ᠲᠡᠳᠡᠨ ᠳᠦ ᠢᠳᠡᠬᠦ ᠶᠠᠭᠤᠮ᠎ᠠ ᠥᠭ》 ᠭᠡᠬᠦ ᠳᠦ᠂ 17 ᠲᠡᠳᠡ ᠲᠡᠭᠦᠨ ᠳᠦ᠄ 《ᠡ᠊ᠨᠳᠡ ᠪᠢᠳᠡᠨ ᠳᠦ ᠲᠠᠪᠤᠨ ᠪᠣᠣᠪᠣ᠂ ᠬᠣᠶᠠᠷ ᠵᠢᠭᠠᠰᠤ ᠠᠴᠠ ᠥᠭᠡᠷ᠎ᠡ ᠶᠠᠭᠤᠮ᠎ᠠ ᠪᠠᠢᠬᠤ ᠦᠭᠡᠢ ᠰᠢᠦ》 ᠭᠡᠪᠡᠯ᠂ 18 ᠢᠰᠦ᠋ᠰ᠄ 《ᠨᠠᠰᠢ ᠠᠪᠴᠢᠷᠠ》 ᠭᠡᠪᠡ᠃ 19 ᠢᠰᠦ᠋ᠰ ᠬᠤᠷᠠᠭᠰᠠᠨ ᠣᠯᠠᠨ ᠢ ᠵᠦᠯᠭᠡᠨ ᠳᠡᠭᠡᠷ᠎ᠡ ᠰᠠᠭᠤ ᠭᠡᠵᠦ ᠵᠠᠬᠢᠭᠠᠳ ᠲᠠᠪᠤᠨ ᠪᠣᠣᠪᠣ᠂ ᠬᠣᠶᠠᠷ ᠵᠢᠭᠠᠰᠤ ᠶᠢ ᠠᠪᠴᠤ᠂ ᠲᠩᠷᠢ ᠥᠭᠡᠳᠡ ᠬᠠᠷᠠᠨ ᠢᠷᠥᠭᠡᠭᠡᠳ᠂ ᠪᠣᠣᠪᠣ ᠶᠢ ᠬᠠᠭᠠᠯᠤᠨ ᠱᠠᠪᠢ ᠨᠠᠷ ᠲᠠᠭᠠᠨ ᠥᠭᠭᠥᠭᠰᠡᠨ ᠳᠦ᠂ ᠲᠡᠳᠡ ᠨᠠᠷ ᠬᠤᠷᠠᠭᠰᠠᠨ ᠣᠯᠠᠨ ᠳᠤ ᠥᠭᠭᠥᠯ᠎ᠡ᠃ 20 ᠲᠡᠳᠡ ᠪᠦᠭᠦᠳᠡᠭᠡᠷ ᠢᠶᠡᠨ ᠢᠳᠡᠵᠦ ᠴᠠᠳᠤᠭᠰᠠᠨ ᠪᠥᠭᠡᠳ ᠦᠯᠡᠳᠡᠪᠦᠷᠢ ᠶᠢ ᠨᠢ ᠴᠤᠭᠯᠠᠭᠤᠯᠬᠤ ᠳᠤ ᠠᠷᠪᠠᠨ ᠬᠣᠶᠠᠷ ᠰᠠᠭᠰᠤ ᠳᠦᠭᠦᠷᠴᠡᠢ᠃ 21 ᠢᠳᠡᠭᠰᠡᠨ ᠬᠥᠮᠦᠰ ᠨᠢ ᠡᠮᠡᠭᠲᠡᠢᠴᠦᠳ᠂ ᠬᠡᠦᠬᠡᠳ ᠤᠳ ᠠᠴᠠ ᠭᠠᠳᠠᠨ᠎ᠠ ᠲᠠᠪᠤᠨ ᠮᠢᠩ᠋ᠭ᠎ᠠ ᠰᠢᠬᠠᠮ ᠡᠷ᠎ᠡ ᠪᠠᠢᠵᠠᠢ᠃
ᠢᠰᠦ᠋ᠰ ᠤᠰᠤᠨ ᠳᠡᠭᠡᠷ᠎ᠡ ᠠᠯᠬᠤᠭᠰᠠᠨ ᠨᠢ
22 ᠲᠡᠷᠡ ᠳᠠᠷᠤᠢ ᠢᠰᠦ᠋ᠰ ᠱᠠᠪᠢ ᠨᠠᠷ ᠢᠶᠠᠨ ᠰᠢᠪᠠᠳᠠᠨ ᠵᠠᠪᠢᠨ ᠳᠤ ᠣᠷᠣᠭᠤᠯᠵᠤ᠂ ᠨᠥᠭᠥᠭᠡ ᠲᠠᠯ᠎ᠠ ᠤᠷᠤᠭᠤ ᠶᠠᠪᠤᠭᠤᠯᠬᠤ ᠬᠣᠭᠣᠷᠣᠨᠳᠣ ᠥᠪᠡᠷ ᠢᠶᠡᠨ ᠬᠤᠷᠠᠭᠰᠠᠨ ᠣᠯᠠᠨ ᠢ ᠲᠠᠷᠬᠠᠭᠠᠪᠠ᠃ 23 ᠲᠡᠳᠡᠨ ᠢ ᠲᠠᠷᠬᠠᠭᠠᠭᠰᠠᠨ ᠤ ᠳᠠᠷᠠᠭ᠎ᠠ᠂ ᠢᠰᠦ᠋ᠰ ᠲᠤᠰ ᠲᠠᠭᠠᠨ ᠳᠠᠭᠠᠳᠬᠠᠬᠤ ᠪᠠᠷ ᠠᠭᠤᠯᠠᠨ ᠳᠤ ᠭᠠᠷᠴᠠᠢ᠃ ᠣᠷᠣᠢ ᠪᠣᠯᠬᠤ ᠳᠤ ᠲᠡᠷᠡ ᠭᠠᠭᠴᠠᠭᠠᠷ ᠢᠶᠠᠨ ᠲᠡᠨᠳᠡ ᠪᠠᠢᠯ᠎ᠠ᠃ 24 ᠲᠡᠭᠡᠬᠦ ᠳᠦ ᠵᠠᠪᠢ ᠨᠢ ᠬᠥᠪᠡᠭᠡᠨ ᠡᠴᠡ ᠨᠡᠯᠢᠶᠡᠳ ᠵᠠᠢᠳᠠᠵᠠᠢ᠂ ᠲᠡᠳᠡ ᠰᠥᠷᠬᠦ ᠰᠠᠯᠬᠢᠨ ᠠᠴᠠ ᠪᠣᠯᠵᠤ ᠳᠠᠪᠠᠯᠭᠠᠨ ᠳᠤ ᠪᠡᠳᠡᠷᠢᠵᠦ ᠪᠠᠢᠪᠠ᠃ 25 ᠦᠷ ᠢᠶᠡᠷ ᠢᠰᠦ᠋ᠰ ᠨᠠᠭᠤᠷ ᠳᠡᠭᠡᠭᠦᠷ ᠠᠯᠬᠤᠨ ᠲᠡᠳᠡᠨ ᠢ ᠵᠦᠭᠯᠡᠨ ᠣᠴᠢᠵᠠᠢ᠃ 26 ᠱᠠᠪᠢ ᠨᠠᠷ ᠨᠢ ᠲᠡᠭᠦᠨ ᠦ ᠨᠠᠭᠤᠷ ᠳᠡᠭᠡᠭᠦᠷ ᠠᠯᠬᠤᠬᠤ ᠶᠢ ᠬᠠᠷᠠᠭᠰᠠᠨ ᠢᠶᠠᠨ ᠪᠠᠯᠢᠳᠠᠨ᠄ 《ᠠᠯᠪᠢᠨ ᠪᠠᠢᠨ᠎ᠠ︕》 ᠭᠡᠯᠴᠡᠵᠦ ᠠᠶᠤᠭᠰᠠᠨ ᠳᠠᠭᠠᠨ ᠬᠠᠰᠬᠢᠷᠤᠯᠳᠤᠪᠠ᠃ 27 ᠢᠰᠦ᠋ᠰ ᠲᠡᠷᠡ ᠳᠠᠷᠤᠢ᠄ 《ᠵᠣᠷᠢᠭᠲᠠᠢ ᠪᠠᠢ᠂ ᠪᠢ ᠪᠠᠢᠨ᠎ᠠ᠂ ᠪᠦᠦ ᠠᠶᠤ︕》 ᠭᠡᠯᠡ᠃
28 ᠫᠧᠲ᠋ᠧᠷ ᠬᠠᠷᠢᠭᠤ ᠳᠤᠨᠢ᠄ 《ᠡᠵᠡᠨ ᠡ᠂ ᠬᠡᠷᠪᠡ ᠲᠠ ᠮᠥᠨ ᠪᠣᠯ᠂ ᠨᠠᠳᠠ ᠳᠤ᠄ 〈ᠤᠰᠤᠨ ᠳᠡᠭᠡᠭᠦᠷ ᠠᠯᠬᠤᠵᠤ ᠨᠠᠳᠠ ᠤᠷᠤᠭᠤ ᠢᠷ᠎ᠠ〉 ᠭᠡᠵᠦ ᠬᠡᠯᠡᠭᠡᠴᠢ》 ᠭᠡᠬᠦ ᠳᠦ᠂ 29 ᠢᠰᠦ᠋ᠰ᠄ 《ᠢᠷ᠎ᠡ︕》 ᠭᠡᠯᠡ᠃ ᠫᠧᠲ᠋ᠧᠷ ᠵᠠᠪᠢᠨ ᠠᠴᠠ ᠪᠠᠨ ᠭᠠᠷᠴᠤ᠂ ᠤᠰᠤᠨ ᠳᠡᠭᠡᠭᠦᠷ ᠠᠯᠬᠤᠨ ᠢᠰᠦ᠋ᠰ ᠤᠷᠤᠭᠤ ᠣᠴᠢᠪᠠ᠃ 30 ᠬᠠᠷᠢᠨ ᠫᠧᠲ᠋ᠧᠷ ᠬᠦᠴᠦᠲᠦ ᠰᠠᠯᠬᠢ ᠶᠢ ᠬᠠᠷᠠᠭᠠᠳ᠂ ᠠᠢᠳᠠᠰ ᠲᠤ ᠠᠪᠲᠠᠵᠤ ᠵᠢᠪᠴᠦ ᠡᠬᠢᠯᠡᠭᠰᠡᠨ ᠳᠡᠭᠡᠨ᠄ 《ᠡᠵᠡᠨ ᠡ᠂ ᠨᠠᠮᠠᠶᠢ ᠠᠪᠤᠷᠠᠭᠠᠴᠢ︕》 ᠭᠡᠵᠦ ᠣᠷᠢᠯᠠᠯᠠ᠃ 31 ᠢᠰᠦ᠋ᠰ ᠲᠡᠷᠡ ᠳᠠᠷᠤᠢ ᠭᠠᠷ ᠢᠶᠠᠨ ᠰᠤᠩ᠋ᠭᠠᠨ ᠲᠡᠭᠦᠨ ᠢ ᠪᠠᠷᠢᠵᠤ᠄ 《ᠢᠲᠡᠭᠡᠯ ᠪᠠᠭ᠎ᠠ ᠲᠠᠢ ᠬᠥᠮᠦᠨ ᠮᠢᠨᠢ᠂ ᠴᠢ ᠶᠠᠭᠤᠨ ᠳᠤ ᠡᠷᠡᠭᠡᠯᠵᠡᠪᠡ︖》 ᠭᠡᠵᠡᠢ᠃ 32 ᠲᠡᠳᠡ ᠵᠠᠪᠢᠨ ᠳᠤ ᠭᠠᠷᠬᠤ ᠳᠤ᠂ ᠰᠠᠯᠬᠢ ᠵᠣᠭᠰᠣᠪᠠ᠃ 33 ᠵᠠᠪᠢᠨ ᠳᠡᠭᠡᠷ᠎ᠡ ᠪᠠᠢᠭᠰᠠᠨ ᠬᠥᠮᠦᠰ ᠲᠡᠭᠦᠨ ᠳᠦ ᠮᠥᠷᠭᠥᠵᠦ᠄ 《ᠲᠠ ᠦᠨᠡᠬᠡᠷ ᠪᠤᠷᠬᠠᠨ ᠤ ᠬᠦᠦ ᠮᠥᠨ》 ᠭᠡᠵᠡᠭᠡᠪᠡ᠃
34 ᠲᠡᠳᠡ ᠭᠠᠲᠤᠯᠵᠤ᠂ ᠭᠧᠨᠧᠰᠠᠷᠧᠲ ᠨᠤᠲᠤᠭ ᠲᠤ ᠬᠦᠷᠴᠡᠢ᠃ 35 ᠲᠡᠨᠳᠡᠬᠢ ᠶᠢᠨ ᠡᠷᠡᠴᠦᠳ ᠢᠰᠦ᠋ᠰ ᠢ ᠲᠠᠨᠢᠭᠠᠳ ᠬᠠᠪᠢ ᠶᠢᠨ ᠢᠶᠠᠨ ᠪᠦᠬᠦ ᠭᠠᠵᠠᠷ ᠲᠤ ᠬᠥᠮᠦᠨ ᠢᠯᠡᠭᠡᠵᠦ ᠬᠠᠮᠤᠭ ᠡᠪᠡᠳᠴᠢᠲᠡᠨ ᠢ ᠲᠡᠭᠦᠨ ᠦ ᠳᠡᠷᠭᠡᠳᠡ ᠠᠪᠴᠢᠷᠠᠭᠤᠯᠤᠨ᠂ 36 ᠭᠠᠷ ᠢ ᠨᠢ ᠬᠤᠪᠴᠠᠰᠤᠨ ᠤ ᠪᠠᠨ ᠬᠣᠷᠮᠣᠢ ᠳᠤ ᠴᠤ ᠭᠡᠰᠡᠨ ᠬᠦᠷᠭᠡᠭᠦᠯᠦᠭᠡᠴᠢ ᠭᠡᠵᠦ ᠲᠡᠭᠦᠨ ᠡᠴᠡ ᠭᠤᠶᠤᠵᠤ ᠪᠠᠢᠪᠠ᠃ ᠡᠢᠨ ᠬᠦ ᠭᠠᠷ ᠢᠶᠠᠨ ᠬᠦᠷᠭᠡᠭ᠍ᠰᠡᠨ ᠪᠦᠬᠦᠨ ᠡᠳᠡᠭᠡᠷᠡᠵᠡᠢ᠃