ᠨᠢᠭᠡᠳᠦᠭᠡᠷ ᠫᠧᠲ᠋ᠧᠷ ᠨᠢᠭᠡ
1 ᠢᠰᠦ᠋ᠰ ᠾᠷᠢᠰᠲ᠋ᠣᠰ ᠤᠨ ᠰᠢᠳᠠᠷ ᠱᠠᠪᠢ ᠫᠧᠲ᠋ᠧᠷ ᠰᠣᠩ᠋ᠭᠣᠭᠳᠠᠭᠰᠠᠳ᠂ ᠲᠤᠬᠠᠢᠯᠠᠪᠠᠯ ᠫᠣᠨᠲ᠂ ᠭᠠᠯᠠᠲ᠋ᠢᠶ᠎ᠠ᠂ ᠺᠠᠫᠠᠳᠣᠺᠢᠶᠠ᠂ ᠠᠽᠢᠶ᠎ᠠ᠂ ᠪᠢᠲ᠋ᠦ᠋ᠨᠢᠶᠠ ᠭᠠᠵᠠᠷ ᠢᠶᠠᠷ ᠴᠠᠭᠠᠴᠢᠨ ᠪᠣᠯᠵᠤ ᠲᠠᠷᠬᠠᠭᠰᠠᠨ ᠲᠠ ᠨᠠᠷ ᠲᠤ᠄ 2 ᠡᠴᠢᠭᠡ ᠪᠤᠷᠬᠠᠨ ᠳᠤ ᠤᠷᠢᠳᠤ ᠠᠴᠠ ᠲᠠᠨᠢᠭᠳᠠᠵᠤ᠂ ᠠᠷᠢᠭᠤᠨ ᠰᠦᠨᠡᠰᠦᠨ ᠳᠦ ᠲᠤᠰᠠᠭᠠᠷᠯᠠᠭᠳᠠᠨ ᠠᠷᠢᠭᠤᠳᠬᠠᠭᠳᠠᠭᠰᠠᠨ ᠢᠶᠠᠷ ᠳᠤᠭᠤᠯᠭᠠᠪᠤᠷᠢᠲᠠᠢ ᠪᠣᠯᠵᠤ᠂ ᠢᠰᠦ᠋ᠰ ᠾᠷᠢᠰᠲ᠋ᠣᠰ ᠤᠨ ᠴᠢᠰᠤ ᠶᠢ ᠰᠠᠴᠤᠭᠤᠯᠤᠭᠰᠠᠨ ᠲᠠ ᠨᠠᠷ ᠲᠤ ᠢᠪᠡᠭᠡᠯ ᠪᠠ ᠠᠮᠤᠭᠤᠯᠠᠩ ᠨᠡᠮᠡᠭᠳᠡᠬᠦ ᠪᠣᠯᠲᠤᠭᠠᠢ᠃
ᠠᠮᠢᠳᠤ ᠡᠷᠡᠮᠡᠯᠵᠡᠯ᠂ ᠪᠠᠲᠤᠲᠠᠢ ᠠᠪᠤᠷᠠᠯ
3 ᠪᠢᠳᠡᠨ ᠦ ᠡᠵᠡᠨ ᠢᠰᠦ᠋ᠰ ᠾᠷᠢᠰᠲ᠋ᠣᠰ ᠤᠨ ᠡᠴᠢᠭᠡ ᠪᠤᠷᠬᠠᠨ ᠮᠠᠭᠲᠠᠭᠳᠠᠬᠤ ᠪᠣᠯᠲᠤᠭᠠᠢ᠃ ᠪᠤᠷᠬᠠᠨ ᠶᠡᠬᠡ ᠡᠨᠡᠷᠢᠯ ᠢᠶᠠᠷ ᠢᠶᠠᠨ ᠪᠢᠳᠡᠨ ᠢ ᠳᠠᠬᠢᠨ ᠲᠥᠷᠥᠭᠦᠯᠦᠭᠰᠡᠨ ᠲᠤᠯᠠ ᠲᠠ ᠨᠠᠷ ᠢᠰᠦ᠋ᠰ ᠾᠷᠢᠰᠲ᠋ᠣᠰ ᠤᠨ ᠦᠬᠦᠭᠰᠡᠳ ᠦᠨ ᠳᠤᠮᠳᠠ ᠠᠴᠠ ᠠᠮᠢᠯᠠᠭᠰᠠᠨ ᠠᠴᠢ ᠪᠠᠷ ᠠᠮᠢᠳᠤ ᠡᠷᠡᠮᠡᠯᠵᠡᠯ ᠲᠡᠢ᠂ 4 ᠮᠥᠨ ᠲᠠ ᠨᠠᠷ ᠤᠨ ᠲᠥᠯᠥᠭᠡ ᠲᠩᠷᠢ ᠳᠤ ᠬᠠᠳᠠᠭᠠᠯᠠᠭᠳᠠᠭᠰᠠᠨ ᠢᠯᠵᠢᠷᠠᠰᠢ ᠦᠭᠡᠢ᠂ ᠪᠤᠵᠠᠷᠲᠤᠰᠢ ᠦᠭᠡᠢ᠂ ᠪᠠᠷᠠᠭᠳᠠᠰᠢ ᠦᠭᠡᠢ ᠥᠪ ᠲᠡᠢ ᠪᠣᠯᠣᠯ᠎ᠠ᠃ 5 ᠡᠴᠦᠰ ᠦᠨ ᠦᠶ᠎ᠡ ᠳᠦ ᠢᠯᠡᠷᠡᠭᠦᠯᠬᠦ ᠳᠦ ᠪᠡᠯᠡᠬᠡᠨ ᠪᠣᠯᠣᠭᠰᠠᠨ ᠠᠪᠤᠷᠠᠯ ᠢ ᠣᠯᠭᠣᠲᠠᠯᠠ ᠢᠲᠡᠭᠡᠯ ᠦᠨ ᠠᠴᠢ ᠪᠠᠷ ᠪᠤᠷᠬᠠᠨ ᠤ ᠬᠦᠴᠦ ᠴᠢᠳᠠᠯ ᠲᠠ ᠨᠠᠷ ᠢ ᠬᠠᠮᠠᠭᠠᠯᠠᠨ᠎ᠠ᠃ 6 ᠡᠭᠦᠨ ᠢᠶᠡᠷ ᠲᠠ ᠨᠠᠷ ᠪᠠᠶᠠᠷᠯᠠᠭᠲᠤᠨ᠂ ᠡᠳᠦᠭᠡ ᠲᠦᠷ ᠵᠠᠭᠤᠷ᠎ᠠ ᠡᠯᠳᠡᠪ ᠲᠡᠩᠰᠡᠯᠲᠡ ᠳᠦ ᠵᠠᠢᠯᠠᠰᠢ ᠦᠭᠡᠢ ᠭᠤᠨᠢᠭᠯᠠᠬᠤ ᠪᠣᠯᠪᠠᠴᠤ ᠪᠠᠶᠠᠷᠯᠠ᠃ 7 ᠲᠡᠩᠰᠡᠭᠳᠡᠭᠰᠡᠨ ᠢᠲᠡᠭᠡᠯ ᠴᠢᠨᠢ᠂ ᠭᠠᠯ ᠢᠶᠠᠷ ᠳᠠᠪᠲᠠᠭᠳᠠᠭᠰᠠᠨ ᠬᠢᠷᠢ ᠨᠢ ᠵᠠᠮᠬᠠᠷᠠᠳᠠᠭ ᠠᠯᠲᠠᠨ ᠠᠴᠠ ᠴᠤ ᠡᠷᠬᠢᠮ ᠪᠣᠯᠣᠭᠠᠳ᠂ ᠢᠰᠦ᠋ᠰ ᠾᠷᠢᠰᠲ᠋ᠣᠰ ᠤᠨ ᠢᠯᠡᠷᠡᠬᠦ ᠳᠦ ᠮᠠᠭᠲᠠᠭᠠᠯ᠂ ᠠᠯᠳᠠᠷ ᠪᠠ ᠬᠦᠨᠳᠦᠳᠬᠡᠯ ᠲᠡᠢ ᠪᠣᠯᠲᠤᠭᠠᠢ᠃ 8 ᠲᠠ ᠨᠠᠷ ᠲᠡᠭᠦᠨ ᠢ ᠦᠵᠡᠭᠰᠡᠨ ᠦᠭᠡᠢ ᠪᠣᠯᠪᠠᠴᠤ ᠬᠠᠢᠷᠠᠯᠠᠳᠠᠭ᠃ ᠡᠳᠦᠭᠡ ᠲᠠ ᠨᠠᠷ ᠲᠡᠭᠦᠨ ᠢ ᠬᠠᠷᠠᠬᠤ ᠦᠭᠡᠢ ᠪᠠᠢᠭ᠎ᠠ ᠴᠤ ᠲᠡᠭᠦᠨ ᠳᠦ ᠢᠲᠡᠭᠡᠵᠦ᠂ ᠥᠭᠦᠯᠡᠰᠢ ᠦᠭᠡᠢ ᠵᠢᠪᠬᠤᠯᠠᠩᠲᠤ ᠪᠠᠶᠠᠷ ᠢᠶᠠᠷ ᠬᠥᠪᠬᠢᠳᠡᠭ᠃ 9 ᠤᠴᠢᠷ ᠨᠢ᠂ ᠲᠠ ᠨᠠᠷ ᠢᠲᠡᠭᠡᠯ ᠦᠨ ᠢᠶᠠᠨ ᠦᠷ᠎ᠡ ᠳ᠋ᠦᠩ ᠪᠣᠯᠬᠤ ᠰᠦᠨᠡᠰᠦᠨ ᠦ ᠠᠪᠤᠷᠠᠯ ᠢ ᠡᠳ᠋ᠯᠡᠵᠦ ᠪᠠᠢᠨ᠎ᠠ᠃
10 ᠲᠠ ᠨᠠᠷ ᠲᠤ ᠬᠦᠷᠬᠦ ᠢᠪᠡᠭᠡᠯ ᠦᠨ ᠲᠠᠯ᠎ᠠ ᠪᠠᠷ ᠡᠰᠢ ᠦᠵᠡᠭᠦᠯᠦᠭᠰᠡᠨ ᠡᠰᠢ ᠦᠵᠡᠭᠦᠯᠦᠭᠴᠢᠳ ᠡᠨᠡ ᠬᠦ ᠠᠪᠤᠷᠠᠯ ᠤᠷᠤᠭᠤ ᠲᠡᠮᠡᠦᠯᠦᠨ ᠨᠢᠮᠪᠠᠢ ᠰᠤᠳᠤᠯᠤᠭᠰᠠᠨ ᠳᠤ᠂ 11 ᠲᠡᠳᠡᠨ ᠦ ᠳᠣᠲᠣᠷᠠᠬᠢ ᠾᠷᠢᠰᠲ᠋ᠣᠰ ᠤᠨ ᠰᠦᠨᠡᠰᠦ ᠨᠢ ᠾᠷᠢᠰᠲ᠋ᠣᠰ ᠤᠨ ᠵᠣᠪᠠᠯᠠᠩ ᠪᠠ ᠳᠠᠷᠠᠭᠠᠬᠢ ᠠᠯᠳᠠᠷ ᠰᠤᠤ ᠶᠢ ᠲᠡᠳᠡᠨ ᠳᠦ ᠤᠷᠢᠳᠴᠢᠯᠠᠨ ᠮᠡᠳᠡᠭᠳᠡᠵᠡᠢ᠃ ᠬᠡᠨ ᠳᠦ᠂ ᠶᠠᠮᠠᠷ ᠬᠦ ᠦᠶ᠎ᠡ ᠳᠦ ᠲᠡᠢᠮᠦ ᠪᠣᠯᠬᠤ ᠶᠢ ᠲᠡᠳᠡ ᠰᠤᠳᠤᠯᠬᠤ ᠳᠤ᠂ 12 ᠲᠡᠳᠡᠨ ᠦ ᠦᠢᠯᠡᠴᠢᠯᠡᠯ ᠪᠣᠯ ᠥᠪᠡᠷᠰᠡᠳ ᠦᠨ ᠢᠶᠠᠨ ᠲᠥᠯᠥᠭᠡ ᠪᠢᠰᠢ᠂ ᠬᠠᠷᠢᠨ ᠲᠠ ᠨᠠᠷ ᠤᠨ ᠲᠥᠯᠥᠭᠡ ᠭᠡᠳᠡᠭ ᠢ ᠪᠤᠷᠬᠠᠨ ᠲᠡᠳᠡᠨ ᠳᠦ ᠢᠯᠡᠷᠬᠡᠶᠢᠯᠡᠪᠡ᠃ ᠡᠳᠡᠭᠡᠷ ᠵᠦᠢᠯ ᠨᠢ ᠲᠩᠷᠢ ᠡᠴᠡ ᠢᠯᠡᠭᠡᠭᠰᠡᠨ ᠠᠷᠢᠭᠤᠨ ᠰᠦᠨᠡᠰᠦᠨ ᠦ ᠠᠴᠢ ᠪᠠᠷ ᠪᠠᠶᠠᠷ ᠤᠨ ᠮᠡᠳᠡᠭᠡᠴᠢᠳ ᠢᠶᠠᠷ ᠳᠠᠮᠵᠢᠨ ᠣᠳᠣ ᠲᠠ ᠨᠠᠷ ᠲᠤ ᠤᠯᠠᠮᠵᠢᠯᠠᠭᠳᠠᠵᠠᠢ᠃ ᠲᠡᠷᠡᠴᠢᠯᠡᠨ ᠲᠩᠷᠢ ᠶᠢᠨ ᠡᠯᠴᠢᠳ ᠴᠤ ᠡᠳᠡᠭᠡᠷ ᠢ ᠦᠵᠡᠬᠦ ᠭᠡᠵᠦ ᠶᠡᠬᠡᠪᠡᠷ ᠬᠦᠰᠡᠵᠦ ᠪᠠᠢᠨ᠎ᠠ᠃
ᠠᠷᠢᠭᠤᠨ ᠠᠮᠢᠳᠤᠷᠠᠯ
13 ᠲᠡᠢᠮᠦ ᠡᠴᠡ ᠲᠠ ᠨᠠᠷ ᠰᠡᠳᠬᠢᠯ ᠰᠠᠨᠠᠭ᠎ᠠ ᠪᠠᠨ ᠪᠡᠯᠡᠬᠡᠨ ᠪᠣᠯᠭᠠᠵᠤ ᠰᠡᠷᠭᠡᠭ ᠪᠠᠢ᠂ ᠢᠰᠦ᠋ᠰ ᠾᠷᠢᠰᠲ᠋ᠣᠰ ᠤᠨ ᠢᠯᠡᠷᠡᠬᠦ ᠳᠦ ᠲᠠ ᠨᠠᠷ ᠤᠨ ᠬᠦᠷᠲᠡᠬᠦ ᠢᠪᠡᠭᠡᠯ ᠢ ᠭᠦᠢᠴᠡᠳ ᠡᠷᠡᠮᠡᠯᠵᠡᠭᠲᠦᠨ᠃ 14 ᠲᠠ ᠨᠠᠷ ᠳᠤᠭᠤᠯᠭᠠᠪᠤᠷᠢᠲᠠᠢ ᠬᠡᠦᠬᠡᠳ ᠰᠢᠭ ᠪᠠᠢᠵᠤ᠂ ᠮᠡᠳᠡᠬᠦ ᠦᠭᠡᠢ ᠪᠠᠢᠭᠰᠠᠨ ᠦᠶ᠎ᠡ ᠶᠢᠨ ᠢᠶᠠᠨ ᠲᠠᠴᠢᠶᠠᠯ ᠰᠢᠨᠤᠯ ᠳᠠᠭᠠᠨ ᠪᠦᠦ ᠠᠭᠤᠰ᠃ 15 ᠬᠠᠷᠢᠨ ᠲᠠ ᠨᠠᠷ ᠢ ᠳᠠᠭᠤᠳᠠᠭᠰᠠᠨ ᠠᠷᠢᠭᠤᠨ ᠨᠢᠭᠡᠨ ᠢ ᠳᠠᠭᠠᠨ ᠥᠪᠡᠷᠰᠡᠳ ᠢᠶᠡᠨ ᠪᠦᠬᠦ ᠶᠠᠪᠤᠳᠠᠯ ᠳᠠᠭᠠᠨ ᠠᠷᠢᠭᠤᠨ ᠪᠠᠢᠭᠲᠤᠨ᠃ 16 ᠤᠴᠢᠷ ᠨᠢ᠂ 《ᠪᠢ ᠠᠷᠢᠭᠤᠨ ᠪᠣᠯᠬᠣᠷ ᠲᠠ ᠨᠠᠷ ᠴᠤ ᠠᠷᠢᠭᠤᠨ ᠪᠠᠢᠭᠲᠤᠨ》 ᠭᠡᠵᠦ ᠪᠢᠴᠢᠭᠳᠡᠭᠰᠡᠨ ᠪᠠᠢᠳᠠᠭ᠃
17 ᠠᠯᠠᠭᠴᠢᠯᠠᠬᠤ ᠦᠭᠡᠢ ᠪᠠᠷ ᠬᠥᠮᠦᠨ ᠪᠣᠯᠭᠠᠨ ᠤ ᠦᠢᠯᠡ ᠶᠢᠨ ᠶᠣᠰᠣᠭᠠᠷ ᠰᠢᠭᠦᠭᠴᠢ ᠶᠢ ᠡᠴᠢᠭᠡ ᠭᠡᠵᠦ ᠳᠠᠭᠤᠳᠠᠳᠠᠭ ᠲᠤᠯᠠ ᠡ᠊ᠨᠳᠡ ᠪᠠᠢᠵᠠᠨᠠᠬᠤ ᠵᠠᠭᠤᠷ᠎ᠠ ᠪᠠᠨ ᠡᠮᠢᠶᠡᠨ ᠪᠢᠰᠢᠷᠡᠵᠦ ᠶᠠᠪᠤ᠃ 18 ᠪᠠᠰᠠ ᠮᠡᠳᠡᠭᠲᠦᠨ᠂ ᠲᠠ ᠨᠠᠷ ᠳᠡᠭᠡᠳᠦᠰ ᠡᠴᠡ ᠪᠡᠨ ᠤᠯᠠᠮᠵᠢᠯᠠᠭᠰᠠᠨ ᠳᠡᠮᠡᠢ ᠶᠠᠪᠤᠳᠠᠯ ᠠᠴᠠ ᠠᠯᠲᠠ ᠮᠥᠩᠭᠥ ᠮᠡᠲᠦ ᠶᠢᠨ ᠢᠯᠵᠢᠷᠡᠬᠦ ᠵᠦᠢᠯᠡᠰ ᠢᠶᠡᠷ ᠵᠣᠯᠢᠶᠠᠰᠤᠯᠠᠭᠳᠠᠨ ᠠᠪᠤᠷᠠᠭᠳᠠᠭᠰᠠᠨ ᠪᠤᠰᠤ᠂ 19 ᠬᠠᠷᠢᠨ ᠭᠡᠮ ᠭᠬᠢᠷ ᠦᠭᠡᠢ᠂ ᠬᠤᠷᠠᠭᠠᠨ ᠤ ᠴᠢᠰᠤ ᠮᠡᠲᠦ ᠾᠷᠢᠰᠲ᠋ᠣᠰ ᠤᠨ ᠡᠷᠳᠡᠨᠢᠲᠦ ᠴᠢᠰᠤ ᠪᠠᠷ ᠠᠪᠤᠷᠠᠭᠳᠠᠭᠰᠠᠨ ᠶᠤᠮ᠃ 20 ᠶᠢᠷᠲᠢᠨᠴᠦ ᠪᠦᠲᠦᠭᠡᠭᠳᠡᠬᠦ ᠡᠴᠡ ᠴᠤ ᠡᠮᠦᠨ᠎ᠡ ᠾᠷᠢᠰᠲ᠋ᠣᠰ ᠰᠣᠩ᠋ᠭᠣᠭᠳᠠᠵᠤ᠂ ᠡᠴᠦᠰ ᠦᠨ ᠦᠶ᠎ᠡ ᠳᠦ ᠲᠠ ᠨᠠᠷ ᠤᠨ ᠲᠥᠯᠥᠭᠡ ᠢᠯᠡᠷᠡᠭᠦᠯᠦᠭᠳᠡᠭᠰᠡᠨ ᠪᠢᠯᠡ᠃ 21 ᠲᠠ ᠨᠠᠷ ᠾᠷᠢᠰᠲ᠋ᠣᠰ ᠢᠶᠠᠷ ᠳᠠᠮᠵᠢᠵᠤ ᠪᠤᠷᠬᠠᠨ ᠳᠤ ᠢᠲᠡᠭᠡᠳᠡᠭ᠃ ᠪᠤᠷᠬᠠᠨ ᠲᠡᠭᠦᠨ ᠢ ᠦᠬᠦᠭᠰᠡᠳ ᠦᠨ ᠳᠤᠮᠳᠠ ᠠᠴᠠ ᠠᠮᠢᠯᠠᠭᠤᠯᠵᠤ᠂ ᠲᠡᠭᠦᠨ ᠳᠦ ᠠᠯᠳᠠᠷ ᠢ ᠥᠭᠭᠥᠭᠰᠡᠨ ᠦ ᠤᠯᠠᠮ ᠠᠴᠠ ᠲᠠ ᠨᠠᠷ ᠤᠨ ᠢᠲᠡᠭᠡᠯ ᠪᠠ ᠡᠷᠡᠮᠡᠯᠵᠡᠯ ᠪᠤᠷᠬᠠᠨ ᠳᠤ ᠪᠠᠢᠬᠤ ᠪᠣᠯᠣᠯ᠎ᠠ᠃
22 ᠲᠠ ᠨᠠᠷ ᠦᠨᠡᠨ ᠳᠦ ᠵᠠᠬᠢᠷᠤᠭᠳᠠᠬᠤ ᠳᠠᠭᠠᠨ ᠰᠡᠳᠬᠢᠯ ᠢᠶᠠᠨ ᠠᠷᠢᠭᠤᠳᠬᠠᠭᠰᠠᠨ ᠲᠤᠯᠠ ᠠᠬ᠎ᠠ ᠳᠡᠭᠦᠦᠰ ᠢᠶᠡᠨ ᠬᠠᠭᠤᠷᠮᠠᠴᠢ ᠦᠭᠡᠢ ᠬᠠᠢᠷᠠᠯᠠᠬᠤ ᠪᠣᠯᠣᠯ᠎ᠠ᠃ ᠡᠢᠮᠦ ᠡᠴᠡ ᠪᠡᠶ᠎ᠡ ᠪᠡᠶ᠎ᠡ ᠪᠡᠨ ᠴᠡᠪᠡᠷᠬᠡᠨ ᠰᠡᠳᠬᠢᠯ ᠢᠶᠠᠷ ᠭᠦᠨ ᠬᠠᠢᠷᠠᠯᠠᠵᠠᠭᠠ᠃ 23 ᠤᠴᠢᠷ ᠨᠢ᠂ ᠲᠠ ᠨᠠᠷ ᠢᠯᠵᠢᠷᠡᠬᠦ ᠦᠷ᠎ᠡ ᠪᠤᠰᠤ᠂ ᠬᠠᠷᠢᠨ ᠢᠯᠵᠢᠷᠡᠰᠢ ᠦᠭᠡᠢ ᠦᠷ᠎ᠡ᠂ ᠲᠤᠬᠠᠢᠯᠠᠪᠠᠯ ᠪᠤᠷᠬᠠᠨ ᠤ ᠠᠮᠢᠳᠤ ᠪᠥᠭᠡᠳ ᠮᠥᠩᠬᠡ ᠶᠢᠨ ᠦᠭᠡ ᠪᠡᠷ ᠳᠠᠬᠢᠨ ᠲᠥᠷᠥᠭᠰᠡᠨ ᠪᠢᠯᠡ᠃ 24 ᠡᠢᠮᠦ ᠳᠦ᠂ 《ᠮᠢᠬᠠᠨ ᠪᠡᠶᠡᠲᠦ ᠪᠣᠯᠭᠠᠨ ᠡᠪᠡᠰᠦ ᠮᠡᠲᠦ ᠬᠠᠮᠤᠭ ᠠᠯᠳᠠᠷ ᠨᠢ ᠬᠡᠭᠡᠷ᠎ᠡ ᠶᠢᠨ ᠴᠡᠴᠡᠭ ᠮᠡᠲᠦ ᠡᠪᠡᠰᠦ ᠬᠤᠪᠠᠬᠠᠢᠷᠠᠵᠤ ᠴᠡᠴᠡᠭ ᠵᠤᠯᠭᠠᠷᠠᠨ᠎ᠠ
25 ᠬᠠᠷᠢᠨ ᠡᠵᠡᠨ ᠦ ᠦᠭᠡ ᠮᠥᠩᠬᠡ ᠣᠷᠣᠰᠢᠨ᠎ᠠ᠃》
ᠲᠠ ᠨᠠᠷ ᠲᠤ ᠤᠯᠠᠮᠵᠢᠯᠠᠭᠳᠠᠭᠰᠠᠨ ᠪᠠᠶᠠᠷ ᠤᠨ ᠮᠡᠳᠡᠭᠡ ᠪᠣᠯ ᠡᠨᠡ ᠦᠭᠡ ᠶᠤᠮ᠃