ᠨᠢᠭᠡᠳᠦᠭᠡᠷ ᠫᠧᠲ᠋ᠧᠷ ᠲᠠᠪᠤ
ᠢᠳᠬᠠᠯᠭ᠎ᠠ᠄ ᠠᠬᠠᠯᠠᠭᠴᠢᠳ ᠪᠠ ᠪᠦᠬᠦ ᠢᠲᠡᠭᠡᠭᠴᠢᠳ ᠲᠤ
1 ᠲᠠ ᠨᠠᠷ ᠤᠨ ᠳᠤᠮᠳᠠᠬᠢ ᠠᠬᠠᠯᠠᠭᠴᠢᠳ ᠢ ᠢᠳᠬᠠᠶ᠎ᠠ᠃ ᠪᠢ ᠴᠤ ᠠᠬᠠᠯᠠᠭᠴᠢ ᠪᠥᠭᠡᠳ ᠾᠷᠢᠰᠲ᠋ᠣᠰ ᠤᠨ ᠵᠣᠪᠠᠯᠠᠩ ᠤᠳ ᠤᠨ ᠭᠡᠷᠡᠴᠢ᠂ ᠮᠥᠨ ᠴᠤ ᠢᠯᠡᠷᠡᠬᠦ ᠠᠯᠳᠠᠷ ᠰᠤᠤ ᠶᠢ ᠬᠤᠪᠢᠶᠠᠯᠴᠠᠭᠴᠢ ᠪᠢᠯᠡ᠃ 2 ᠲᠠ ᠨᠠᠷ ᠤᠨ ᠳᠤᠮᠳᠠᠬᠢ ᠪᠤᠷᠬᠠᠨ ᠤ ᠬᠣᠨᠢᠨ ᠰᠦᠷᠦᠭ ᠢᠶᠡᠨ ᠬᠠᠷᠢᠭᠤᠯ᠃ ᠲᠡᠭᠡᠬᠦ ᠳᠡᠭᠡᠨ ᠠᠯᠪᠠᠳᠠᠯᠭ᠎ᠠ ᠪᠠᠷ ᠪᠤᠰᠤ᠂ ᠬᠠᠷᠢᠨ ᠪᠤᠷᠬᠠᠨ ᠤ ᠶᠣᠰᠣᠭᠠᠷ᠂ ᠰᠠᠢᠨ ᠳᠤᠷ᠎ᠠ ᠠᠴᠠ ᠪᠠᠨ᠂ ᠮᠥᠨ ᠵᠣᠭᠣᠰᠣᠨ ᠤ ᠰᠢᠨᠤᠯ ᠠᠴᠠ ᠪᠤᠰᠤ᠂ ᠬᠠᠷᠢᠨ ᠴᠢᠩ ᠰᠡᠳᠬᠢᠯ ᠡᠴᠡ ᠪᠡᠨ ᠬᠢᠭᠲᠦᠨ᠂ 3 ᠲᠤᠰᠢᠶᠠᠭᠳᠠᠭᠰᠠᠨ ᠬᠥᠮᠦᠰ 7 ᠢ ᠨᠣᠶᠠᠷᠬᠠᠬᠤ ᠪᠤᠰᠤ᠂ ᠬᠠᠷᠢᠨ ᠰᠦᠷᠦᠭ ᠦᠨ ᠳᠠᠭᠤᠷᠢᠶᠠᠯ ᠪᠣᠯᠣᠭᠲᠤᠨ᠃ 4 ᠲᠡᠭᠡᠪᠡᠯ ᠠᠬᠠᠯᠠᠬᠤ ᠬᠣᠨᠢᠴᠢᠨ ᠢᠯᠡᠷᠡᠬᠦ ᠳᠦ᠂ ᠲᠠ ᠨᠠᠷ ᠪᠠᠷᠠᠭᠳᠠᠰᠢ ᠦᠭᠡᠢ ᠠᠯᠳᠠᠷ ᠤᠨ ᠲᠢᠲᠢᠮ ᠢ ᠣᠯᠬᠤ ᠪᠣᠯᠣᠨ᠎ᠠ᠃ 5 ᠲᠡᠭᠦᠨᠴᠢᠯᠡᠨ ᠵᠠᠯᠠᠭᠤᠴᠤᠳ ᠡ᠂ ᠲᠠ ᠨᠠᠷ ᠮᠥᠨ ᠠᠬᠠᠮᠠᠳ ᠲᠠᠭᠠᠨ ᠳᠤᠭᠤᠯᠭᠠᠪᠤᠷᠢᠲᠠᠢ ᠪᠠᠢᠭᠠᠷᠠᠢ᠃ ᠪᠠᠰᠠ ᠲᠠ ᠪᠦᠭᠦᠳᠡ ᠳᠠᠷᠤᠤ ᠶᠢ ᠪᠦᠰᠡᠯᠡᠨ ᠪᠡᠶ᠎ᠡ ᠪᠡᠶ᠎ᠡ ᠳᠡᠭᠡᠨ ᠦᠢᠯᠡᠴᠢᠯᠡ᠃ 《ᠪᠤᠷᠬᠠᠨ ᠪᠠᠷᠳᠠᠮᠨᠠᠭᠴᠢ ᠶᠢ ᠡᠰᠡᠷᠭᠦᠴᠡᠵᠦ ᠳᠠᠷᠤᠤ ᠬᠥᠮᠦᠨ ᠳᠦ ᠲᠠᠭᠠᠯᠠᠯ ᠢᠶᠠᠨ ᠣᠯᠭᠣᠳᠠᠭ᠃》
6 ᠡᠢᠮᠦ ᠡᠴᠡ ᠪᠤᠷᠬᠠᠨ ᠤ ᠬᠦᠴᠦᠷᠬᠡᠭ ᠮᠤᠲᠤᠷ ᠤᠨ ᠳᠣᠣᠷ᠎ᠠ ᠳᠠᠷᠤᠤ ᠪᠠᠢᠭᠲᠤᠨ᠂ ᠲᠡᠭᠡᠪᠡᠯ ᠲᠡᠷᠡ ᠲᠠ ᠨᠠᠷ ᠢ ᠴᠠᠭ ᠲᠠᠭᠠᠨ ᠡᠷᠭᠦᠮᠵᠢᠯᠡᠨ᠎ᠡ᠃ 7 ᠬᠠᠮᠤᠭ ᠵᠣᠪᠠᠨᠢᠯ ᠢᠶᠠᠨ ᠲᠡᠭᠦᠨ ᠳᠦ ᠥᠭᠭᠥᠭᠲᠦᠨ᠃ ᠤᠴᠢᠷ ᠨᠢ᠂ ᠲᠡᠷᠡ ᠲᠠ ᠨᠠᠷ ᠢ ᠬᠠᠷᠠᠭᠠᠯᠵᠠᠵᠤ ᠪᠠᠢᠳᠠᠭ᠃ 8 ᠰᠡᠷᠭᠡᠭ᠂ ᠰᠡᠷᠡᠮᠵᠢ ᠲᠠᠢ ᠪᠠᠢ᠃ ᠲᠠ ᠨᠠᠷ ᠤᠨ ᠳᠠᠢᠰᠤᠨ ᠰᠠᠲ᠋ᠠᠨ ᠠᠷᠬᠢᠷᠠᠳᠠᠭ ᠠᠷᠰᠯᠠᠨ ᠮᠡᠲᠦ ᠪᠡᠷ ᠢᠳᠡᠰᠢ ᠬᠠᠢᠨ ᠶᠠᠪᠤᠵᠤ ᠪᠠᠢᠨ᠎ᠠ᠃ 9 ᠪᠠᠲᠤ ᠢᠲᠡᠭᠡᠯ ᠢᠶᠡᠷ ᠲᠡᠭᠦᠨ ᠢ ᠡᠰᠡᠷᠭᠦᠴᠡᠭᠲᠦᠨ᠃ ᠳᠡᠯᠡᠬᠡᠢ ᠳᠠᠶᠠᠭᠠᠷ ᠲᠤ ᠪᠠᠢᠭ᠎ᠠ ᠲᠠ ᠨᠠᠷ ᠤᠨ ᠠᠬ᠎ᠠ ᠳᠡᠭᠦᠦ ᠨᠠᠷ ᠴᠤ ᠠᠳᠠᠯᠢᠬᠠᠨ ᠵᠣᠪᠠᠯᠠᠩ ᠢ ᠠᠮᠰᠠᠵᠤ ᠪᠠᠢᠭ᠎ᠠ ᠶᠢ ᠲᠠ ᠨᠠᠷ ᠮᠡᠳᠡᠨ᠎ᠡ᠃ 10 ᠬᠠᠮᠤᠭ ᠢᠪᠡᠭᠡᠯ ᠦᠨ ᠪᠤᠷᠬᠠᠨ ᠲᠠ ᠨᠠᠷ ᠢ ᠾᠷᠢᠰᠲ᠋ᠣᠰ ᠤᠨ ᠳᠣᠲᠣᠷ᠎ᠠ ᠮᠥᠩᠬᠡ ᠶᠢᠨ ᠠᠯᠳᠠᠷ ᠰᠤᠤ ᠤᠷᠤᠭᠤ ᠪᠠᠨ ᠳᠠᠭᠤᠳᠠᠭᠰᠠᠨ ᠪᠢᠯᠡ᠃ ᠲᠦᠷ ᠵᠣᠪᠠᠯᠠᠩ ᠠᠮᠰᠠᠭᠰᠠᠨ ᠤ ᠴᠢᠨᠢ ᠳᠠᠷᠠᠭ᠎ᠠ᠂ ᠲᠡᠷᠡ ᠲᠠ ᠨᠠᠷ ᠢ ᠥᠪᠡᠷ ᠢᠶᠡᠨ ᠲᠡᠭᠦᠯᠳᠡᠷᠵᠢᠭᠦᠯᠵᠦ ᠪᠠᠲᠤᠵᠢᠭᠤᠯᠤᠨ᠂ ᠲᠡᠩᠬᠡᠵᠢᠭᠦᠯᠵᠦ ᠲᠣᠭᠲᠠᠭᠤᠨ ᠪᠣᠯᠭᠠᠨ᠎ᠠ᠃ 11 ᠬᠦᠴᠦ ᠴᠢᠳᠠᠯ ᠥᠨᠢ ᠮᠥᠩᠬᠡᠳᠡ ᠲᠡᠭᠦᠨ ᠦ ᠬᠢ ᠪᠣᠯᠲᠤᠭᠠᠢ᠃ ᠠᠮᠧᠨ᠃
12 ᠢᠲᠡᠭᠡᠮᠵᠢᠲᠦ ᠨᠥᠬᠥᠷ ᠭᠡᠵᠦ ᠦᠵᠡᠳᠡᠭ ᠰᠢᠯᠦ᠋ᠶᠠᠨ ᠢᠶᠠᠷ ᠢᠶᠠᠨ ᠪᠢ ᠳᠥᠭᠥᠮᠬᠡᠨ ᠪᠢᠴᠢᠭᠦᠯᠦᠯᠡ᠃ ᠡᠢᠨ ᠬᠦ ᠪᠢ ᠲᠠ ᠨᠠᠷ ᠢ ᠢᠳᠬᠠᠶ᠎ᠠ᠂ ᠡᠨᠡ ᠪᠣᠯ ᠪᠤᠷᠬᠠᠨ ᠤ ᠵᠢᠩᠬᠢᠨᠢ ᠢᠪᠡᠭᠡᠯ ᠮᠥᠨ ᠭᠡᠳᠡᠭ ᠢ ᠭᠡᠷᠡᠴᠢᠯᠡᠭᠰᠡᠨ ᠶᠤᠮ᠃ ᠡᠨᠡ ᠢᠪᠡᠭᠡᠯ ᠳᠣᠲᠣᠷ᠎ᠠ ᠪᠠᠲᠤ ᠪᠠᠢᠭᠠᠷᠠᠢ᠃ 13 ᠲᠠ ᠨᠠᠷ ᠲᠠᠢ ᠬᠠᠮᠲᠤ ᠰᠢᠯᠢᠭᠳᠡᠭᠰᠡᠨ ᠪᠠᠪᠢᠯᠣᠨ ᠳᠠᠬᠢ ᠴᠢᠭᠤᠯᠭᠠᠨ ᠪᠣᠯᠣᠨ ᠮᠢᠨᠦ ᠬᠦᠦ ᠮᠠᠷᠺ ᠲᠠ ᠨᠠᠷ ᠤᠨ ᠠᠮᠤᠷ ᠢ ᠡᠷᠢᠵᠦ ᠪᠠᠢᠨ᠎ᠠ᠃ 14 ᠲᠠ ᠨᠠᠷ ᠴᠤ ᠬᠠᠢᠷ᠎ᠠ ᠶᠢᠨ ᠦᠨᠦᠰᠦᠯᠲᠡ ᠪᠡᠷ ᠪᠡᠶ᠎ᠡ ᠪᠡᠶ᠎ᠡ ᠲᠠᠢ ᠪᠠᠨ ᠮᠡᠨᠳᠦᠴᠢᠯᠡ᠃ ᠾᠷᠢᠰᠲ᠋ᠣᠰ ᠤᠨ ᠳᠣᠲᠣᠷᠠᠬᠢ ᠲᠠ ᠪᠦᠬᠦᠨ ᠳᠦ ᠠᠮᠤᠷ ᠠᠮᠤᠭᠤᠯᠠᠩ ᠪᠠᠢᠬᠤ ᠪᠣᠯᠲᠤᠭᠠᠢ᠃