1 2 3 4 5


ᠨᠢᠭᠡᠳᠦᠭᠡᠷ ᠫᠧᠲ᠋ᠧᠷ ᠳᠥᠷᠪᠡ

1 ᠾᠷᠢᠰᠲ᠋ᠣᠰ ᠮᠢᠬᠠᠨ ᠪᠡᠶ᠎ᠡ ᠶᠢᠨ ᠶᠣᠰᠣᠭᠠᠷ ᠵᠣᠪᠠᠯᠠᠩ ᠠᠮᠰᠠᠭᠰᠠᠨ ᠲᠤᠯᠠ ᠲᠠ ᠨᠠᠷ ᠴᠤ ᠠᠳᠠᠯᠢᠬᠠᠨ ᠰᠠᠨᠠᠭ᠎ᠠ ᠪᠠᠷ ᠵᠡᠪᠰᠡᠭᠯᠡᠭᠲᠦᠨ᠃ ᠮᠢᠬᠠᠨ ᠪᠡᠶ᠎ᠡ ᠶᠢᠨ ᠬᠤᠪᠢ ᠳᠤ ᠵᠣᠪᠠᠯᠠᠩ ᠠᠮᠰᠠᠭᠰᠠᠨ ᠬᠥᠮᠦᠨ ᠨᠢᠭᠦᠯ ᠡᠴᠡ ᠮᠤᠯᠲᠤᠷᠠᠭᠰᠠᠨ ᠪᠠᠢᠳᠠᠭ᠂ 2 ᠲᠡᠷᠡ ᠮᠢᠬᠠᠨ ᠪᠡᠶ᠎ᠡ ᠶᠢᠨ ᠦᠯᠡᠳᠡᠭᠰᠡᠨ ᠨᠠᠰᠤᠨ ᠳᠠᠭᠠᠨ ᠬᠥᠮᠦᠰ ᠦᠨ ᠲᠠᠴᠢᠶᠠᠯ ᠢ ᠳᠠᠭᠠᠬᠤ ᠪᠠᠨ ᠪᠣᠯᠢᠵᠤ᠂ ᠪᠤᠷᠬᠠᠨ ᠤ ᠰᠠᠨᠠᠭ᠎ᠠ ᠶᠢ ᠳᠠᠭᠠᠨ ᠠᠮᠢᠳᠤᠷᠠᠨ᠎ᠠ᠃ 3 ᠲᠠ ᠨᠠᠷ ᠤᠨ ᠱᠠᠯᠢᠭᠯᠠᠯ᠂ ᠲᠠᠴᠢᠶᠠᠯ᠂ ᠰᠣᠭᠲᠣᠭᠤᠷᠠᠯ᠂ ᠠᠭᠰᠤᠮᠨᠠᠯ ᠪᠠ ᠨᠠᠷᠭᠢᠶᠠᠨ ᠬᠥᠭᠡᠭᠡᠵᠦ᠂ ᠵᠢᠭᠰᠢᠭᠦᠷᠢᠲᠦ ᠰᠢᠲᠦᠭᠡᠨ ᠰᠢᠲᠦᠵᠦ᠂ ᠬᠠᠷᠢᠴᠤᠳ ᠤᠨ ᠬᠦᠰᠡᠯ ᠢᠶᠡᠷ ᠪᠣᠯᠬᠤ ᠬᠤᠭᠤᠴᠠᠭ᠎ᠠ ᠭᠦᠢᠴᠡᠯ᠎ᠡ᠃ 4 ᠥᠪᠡᠷᠰᠡᠳ ᠲᠡᠢ ᠨᠢ ᠨᠡᠢᠯᠡᠵᠦ᠂ ᠬᠡᠲᠦ ᠵᠠᠪᠬᠠᠢᠷᠠᠯ ᠳᠤᠨᠢ ᠬᠠᠮᠤᠷᠤᠭᠳᠠᠬᠤ ᠪᠠᠨ ᠪᠣᠯᠢᠭᠰᠠᠨ ᠳᠤ ᠴᠢᠨᠢ ᠲᠡᠳᠡ ᠬᠠᠴᠢᠷᠬᠠᠵᠤ ᠳᠣᠷᠣᠮᠵᠢᠯᠠᠨ ᠭᠦᠳᠬᠡᠵᠦ ᠪᠠᠢᠭᠰᠠᠨ ᠴᠤ᠂ 5 ᠠᠮᠢᠳᠤ ᠪᠠᠢᠭᠰᠠᠳ ᠪᠠ ᠦᠬᠦᠭᠰᠡᠳ ᠢ ᠰᠢᠭᠦᠬᠦ ᠳᠦ ᠪᠡᠯᠡᠬᠡᠨ ᠪᠠᠢᠭ᠎ᠠ ᠨᠢᠭᠡᠨ ᠳᠦ ᠲᠡᠳᠡ ᠥᠴᠢᠭ ᠥᠭᠬᠦ ᠶᠣᠰᠣᠲᠠᠢ ᠪᠣᠯᠣᠨ᠎ᠠ᠃ 6 ᠡᠢᠮᠦ ᠡᠴᠡ ᠦᠬᠦᠭᠰᠡᠳ ᠲᠦ ᠪᠠᠶᠠᠷ ᠤᠨ ᠮᠡᠳᠡᠭᠡ ᠲᠤᠩ᠋ᠬᠠᠭᠯᠠᠭᠳᠠᠭᠰᠠᠨ ᠶᠤᠮ᠃ ᠡᠢᠨ ᠬᠦ ᠲᠡᠳᠡ ᠮᠢᠬᠠᠨ ᠪᠡᠶ᠎ᠡ ᠶᠢᠨ ᠬᠤᠪᠢ ᠳᠤ ᠬᠥᠮᠦᠰ ᠦᠨ ᠶᠣᠰᠣᠭᠠᠷ ᠰᠢᠭᠦᠭᠳᠡᠭᠰᠡᠨ ᠪᠣᠯᠪᠠᠴᠤ ᠰᠦᠨᠡᠰᠦᠨ ᠦ ᠬᠤᠪᠢ ᠳᠤ ᠪᠤᠷᠬᠠᠨ ᠤ ᠶᠣᠰᠣᠭᠠᠷ ᠠᠮᠢᠳᠤᠷᠠᠨ᠎ᠠ᠃

7 ᠬᠠᠮᠤᠭ ᠶᠠᠭᠤᠮ᠎ᠠ ᠶᠢᠨ ᠲᠡᠭᠦᠰᠬᠡᠯ ᠣᠢᠷᠠᠲᠤᠯ᠎ᠠ᠃ ᠡᠢᠮᠦ ᠡᠴᠡ ᠡᠷᠡᠭᠦᠯ ᠰᠠᠷᠠᠭᠤᠯ᠂ ᠰᠡᠷᠭᠡᠭ ᠢᠶᠡᠷ ᠳᠠᠭᠠᠳᠬᠠᠵᠠᠭ᠎ᠠ᠃ 8 ᠶᠠᠭᠤᠨ ᠤ ᠤᠷᠢᠳ ᠪᠡᠶ᠎ᠡ ᠪᠡᠶ᠎ᠡ ᠪᠡᠨ ᠬᠠᠯᠠᠭᠤᠨ ᠢᠶᠠᠷ ᠬᠠᠢᠷᠠᠯᠠᠭᠲᠤᠨ᠂ ᠬᠠᠢᠷ᠎ᠠ ᠨᠢ ᠦᠯᠡᠮᠵᠢ ᠣᠯᠠᠨ ᠨᠢᠭᠦᠯ ᠢ ᠬᠠᠯᠬᠠᠯᠠᠳᠠᠭ᠃ 9 ᠪᠡᠶ᠎ᠡ ᠪᠡᠶ᠎ᠡ ᠪᠡᠨ ᠭᠣᠮᠣᠳᠠᠭᠠᠯ ᠦᠭᠡᠢ ᠵᠣᠴᠢᠯᠠᠭᠲᠤᠨ᠃ 10 ᠬᠥᠮᠦᠨ ᠪᠦᠷᠢ ᠠᠪᠤᠭᠰᠠᠨ ᠰᠣᠶᠣᠷᠬᠠᠯ ᠤᠨ ᠢᠶᠠᠨ ᠶᠣᠰᠣᠭᠠᠷ ᠪᠤᠷᠬᠠᠨ ᠤ ᠵᠦᠢᠯ ᠵᠦᠢᠯ ᠤᠨ ᠢᠪᠡᠭᠡᠯ ᠦᠨ ᠰᠠᠢᠨ ᠨᠢᠷᠪᠠ ᠪᠣᠯᠵᠤ ᠬᠠᠷᠢᠯᠴᠠᠨ ᠦᠢᠯᠡᠴᠢᠯᠡᠭᠡᠷᠡᠢ᠃ 11 ᠶᠠᠷᠢᠭᠴᠢ ᠨᠢ ᠪᠤᠷᠬᠠᠨ ᠤ ᠦᠭᠡᠰ ᠢ ᠶᠠᠷᠢᠭᠴᠢ ᠮᠡᠲᠦ᠂ ᠦᠢᠯᠡᠴᠢᠯᠡᠭᠴᠢ ᠨᠢ ᠪᠤᠷᠬᠠᠨ ᠤ ᠰᠣᠶᠣᠷᠬᠠᠭᠰᠠᠨ ᠬᠦᠴᠦᠲᠡᠨ ᠮᠡᠲᠦ ᠪᠠᠢᠲᠤᠭᠠᠢ᠃ ᠲᠡᠭᠡᠪᠡᠯ ᠪᠤᠷᠬᠠᠨ ᠢᠰᠦ᠋ᠰ ᠾᠷᠢᠰᠲ᠋ᠣᠰ ᠢᠶᠠᠷ ᠳᠠᠮᠵᠢᠵᠤ ᠠᠯᠢᠪᠠ ᠲᠠᠯ᠎ᠠ ᠠᠴᠠ ᠠᠯᠳᠠᠷᠰᠢᠬᠤ ᠪᠣᠯᠣᠨ᠎ᠠ᠃ ᠠᠯᠳᠠᠷ ᠪᠠ ᠬᠦᠴᠦ ᠥᠨᠢ ᠮᠥᠩᠬᠡᠳᠡ ᠲᠡᠭᠦᠨ ᠦ ᠬᠢ ᠪᠣᠯᠲᠤᠭᠠᠢ᠃ ᠠᠮᠧᠨ᠃
 ᠾᠷᠢᠰᠲ᠋ᠣᠰ ᠤᠨ ᠵᠣᠪᠠᠯᠠᠩ ᠢ ᠬᠤᠪᠢᠶᠠᠯᠴᠠᠬᠤ

12 ᠬᠠᠢᠷᠠᠲᠤ ᠨᠤᠭᠤᠳ ᠮᠢᠨᠢ᠂ ᠲᠠ ᠨᠠᠷ ᠢ ᠲᠡᠩᠰᠡᠬᠦ ᠪᠡᠷ ᠭᠠᠯ ᠮᠡᠲᠦ ᠲᠡᠩᠰᠡᠯᠲᠡ ᠡᠮᠦᠨ᠎ᠡ ᠴᠢᠨᠢ ᠲᠤᠯᠭᠠᠷᠠᠬᠤ ᠳᠤ᠂ ᠲᠤᠩ ᠬᠠᠴᠢᠨ ᠬᠡᠷᠡᠭ ᠲᠣᠬᠢᠶᠠᠯᠳᠤᠭᠰᠠᠨ ᠮᠡᠲᠦ ᠪᠦᠦ ᠭᠠᠢᠬ᠎ᠠ᠂ 13 ᠬᠠᠷᠢᠨ ᠾᠷᠢᠰᠲ᠋ᠣᠰ ᠤᠨ ᠵᠣᠪᠠᠯᠠᠩ ᠢ ᠬᠤᠪᠢᠶᠠᠯᠴᠠᠬᠤ ᠳᠠᠭᠠᠨ ᠪᠠᠶᠠᠷᠯᠠᠭᠲᠤᠨ᠂ ᠲᠡᠭᠡᠪᠡᠯ ᠲᠡᠭᠦᠨ ᠦ ᠠᠯᠳᠠᠷ ᠰᠤᠤ ᠢᠯᠡᠷᠡᠭᠦᠯᠦᠭᠳᠡᠬᠦ ᠦᠶ᠎ᠡ ᠳᠦ ᠴᠤ ᠪᠠᠶᠠᠷᠯᠠᠨ ᠬᠥᠭᠡᠷᠦᠯᠳᠦᠬᠦ ᠪᠣᠯᠣᠨ᠎ᠠ᠃ 14 ᠲᠠ ᠨᠠᠷ ᠾᠷᠢᠰᠲ᠋ᠣᠰ ᠤᠨ ᠨᠡᠷ᠎ᠡ ᠶᠢᠨ ᠲᠥᠯᠥᠭᠡ ᠬᠠᠷᠢᠶᠠᠭᠳᠠᠬᠤ ᠶᠤᠮ ᠪᠣᠯ ᠪᠤᠶᠠᠨ ᠲᠠᠢ᠂ ᠤᠴᠢᠷ ᠨᠢ᠂ ᠪᠤᠷᠬᠠᠨ ᠤ ᠵᠢᠪᠬᠤᠯᠠᠩᠲᠤ ᠰᠦᠨᠡᠰᠦ ᠲᠠ ᠨᠠᠷ ᠤᠨ ᠳᠡᠭᠡᠷ᠎ᠡ ᠲᠣᠭᠲᠠᠵᠤ ᠪᠤᠢ᠃ 15 ᠬᠠᠷᠢᠨ ᠲᠠ ᠨᠠᠷ ᠤᠨ ᠳᠤᠮᠳᠠ ᠠᠴᠠ ᠬᠡᠨ ᠨᠢᠭᠡᠨ ᠨᠢ ᠶᠠᠷᠭᠠᠴᠢᠨ᠂ ᠡᠰᠡᠪᠡᠯ ᠬᠤᠯᠠᠭᠠᠢᠴᠢ᠂ ᠮᠠᠭᠤ ᠶᠢ ᠦᠢᠯᠡᠳᠦᠭᠴᠢ᠂ ᠬᠡᠷᠡᠭ ᠲᠦ ᠳᠤᠷᠠᠯᠠᠭᠴᠢ ᠪᠣᠯᠵᠤ ᠵᠣᠪᠠᠭᠤᠵᠠᠢ᠃ 16 ᠭᠡᠬᠦ ᠳᠡᠭᠡᠨ ᠾᠷᠢᠰᠲ᠋ᠣᠰᠲᠠᠨ ᠤᠴᠢᠷ ᠠᠴᠠ ᠵᠣᠪᠠᠯᠠᠩ ᠠᠮᠰᠠᠪᠠᠯ ᠪᠦᠦ ᠢᠴᠢ᠂ ᠬᠠᠷᠢᠨ ᠡᠨᠡ ᠨᠡᠷ᠎ᠡ ᠲᠠᠢ ᠪᠣᠯᠣᠭᠰᠠᠨ ᠳᠠᠭᠠᠨ ᠪᠤᠷᠬᠠᠨ ᠢ ᠠᠯᠳᠠᠷᠰᠢᠭᠤᠯᠤᠭᠲᠤᠨ᠃ 17 ᠤᠴᠢᠷ ᠨᠢ᠂ ᠪᠤᠷᠬᠠᠨ ᠤ ᠭᠡᠷ ᠪᠦᠯᠢ ᠡᠴᠡ ᠡᠬᠢᠯᠡᠨ ᠰᠢᠭᠦᠬᠦ ᠴᠠᠭ ᠪᠣᠯᠣᠯ᠎ᠠ᠃ ᠪᠢᠳᠡᠨ ᠢ ᠴᠤ ᠰᠢᠭᠦᠵᠦ ᠡᠬᠢᠯᠡᠬᠦ ᠶᠤᠮ ᠪᠣᠯ᠂ ᠪᠤᠷᠬᠠᠨ ᠤ ᠪᠠᠶᠠᠷ ᠤᠨ ᠮᠡᠳᠡᠭᠡ ᠶᠢ ᠦᠯᠦ ᠳᠠᠭᠠᠭᠴᠢᠳ ᠤᠨ ᠲᠡᠭᠦᠰᠬᠡᠯ ᠨᠡᠩ ᠶᠠᠭᠤ ᠪᠣᠯᠬᠤ ᠪᠤᠢ︖
18 《ᠵᠥᠪᠲᠡᠨ ᠳᠥᠩᠭᠡᠵᠢ ᠠᠪᠤᠷᠠᠭᠳᠠᠬᠤ ᠶᠤᠮ ᠪᠣᠯ ᠰᠦᠰᠦᠭ ᠦᠭᠡᠢ ᠨᠢᠭᠦᠯᠲᠡᠨ ᠨᠡᠩ ᠶᠠᠭᠠᠬᠢᠬᠤ ᠪᠣᠯ︖》
19 ᠡᠢᠮᠦ ᠡᠴᠡ ᠪᠤᠷᠬᠠᠨ ᠤ ᠰᠠᠨᠠᠭ᠎ᠠ ᠪᠠᠷ ᠵᠣᠪᠠᠭᠴᠢᠳ ᠨᠢ ᠵᠥᠪ ᠢ ᠦᠢᠯᠡᠳᠦᠭᠰᠡᠭᠡᠷ᠂ ᠢᠲᠡᠭᠡᠮᠵᠢᠲᠦ ᠪᠦᠲᠦᠭᠡᠭᠴᠢ ᠳᠡᠭᠡᠨ ᠠᠮᠢ ᠪᠠᠨ ᠲᠤᠰᠢᠶᠠᠭᠲᠤᠨ᠃